ᠤᠶᠤᠳᠠᠨ ᠮᠦᠩᠬᠡᠵᠠᠶᠠᠭ᠎ᠠ ᠮᠠᠯ ᠤᠨ ᠠᠳᠠᠯᠢᠳᠬᠠᠯ ᠤᠨ ᠤᠷᠤᠯᠳᠤᠭᠠᠨ ᠢ ᠵᠣᠬᠢᠶᠠᠨ ᠪᠠᠶᠢᠭᠤᠯᠵᠠᠢ
ᠨᠡᠶᠢᠲᠡᠯᠡᠭᠰᠡᠨ ᠴᠠᠭ᠄
2023/9/4
      ᠬᠦᠳᠡᠭᠡ ᠨᠤᠲᠤᠭ ᠲᠤ ᠬᠦᠷ ᠨᠠᠷᠬᠢᠶᠠᠨ  ᠨᠡᠮᠡᠷᠢᠯᠡᠵᠦ᠂ ᠮᠠᠯᠴᠢᠨ ᠬᠦᠮᠤᠨ ᠤ ᠬᠠᠰᠢᠷ ᠤᠬᠠᠭᠠᠨ ᠢ ᠰᠢᠯᠭᠠᠭᠰᠠᠨ ᠵᠢᠷᠭᠤᠳᠤᠭᠠᠷ ᠬᠤᠭᠤᠴᠠᠭᠠᠨ ᠤ ︽ᠲᠠᠪᠤᠨ ᠡᠷᠳᠡᠨᠢ︾ ᠬᠤᠨᠳᠠᠭᠠᠲᠤ ᠮᠠᠯ ᠤᠨ ᠠᠳᠠᠯᠢᠳᠬᠠᠯ ᠤᠨ ᠤᠷᠤᠯᠳᠤᠭᠠᠨ ᠵᠢᠴᠢ ᠦᠨ᠎ᠡ ᠬᠠᠶᠠᠵᠤ ᠬᠤᠳᠠᠯᠳᠤᠬᠤ ᠴᠤᠭᠯᠠᠭᠠᠨ 8 ᠰᠠᠷ᠎ᠠ ᠶᠢᠨ 10 ᠤ ᠡᠳᠦᠷ ᠡᠵᠢᠨᠠᠭᠤᠷ ᠪᠠᠯᠭᠠᠰᠤᠨ ᠤ ᠬᠠᠷᠠᠭᠠᠲᠤ ᠭᠠᠴᠠᠭᠠᠨ ᠤ ︽ᠡᠵᠢ ᠶᠢᠨ ᠭᠤᠪᠢ︾ ᠮᠠᠯ ᠤᠨ ᠠᠳᠠᠯᠢᠳᠬᠠᠯ ᠤᠨ ᠵᠠᠬ᠎ᠠ ᠳᠤ  ᠶᠠᠪᠤᠭᠳᠠᠵᠠᠢ᠃
     ᠡᠨᠡ ᠬᠦ ᠣᠳᠬ᠎ᠠ ᠲᠡᠭᠦᠯᠳᠡᠷ ᠦᠢᠯᠡ ᠠᠵᠢᠯᠯᠠᠭ᠎ᠠ ᠶᠢ ᠲᠠᠯ᠎ᠠ ᠨᠤᠲᠤᠭ ᠤᠨ ᠦᠯᠦᠭᠡᠢ ᠳᠤ ᠦᠰᠴᠦ ᠲᠣᠷᠨᠢᠨ᠂ ᠡᠷᠳᠡᠮ ᠤᠨ ᠵᠢᠯᠤᠭᠤ ᠶᠢ ᠠᠳᠬᠤᠵᠤ᠂ ᠠᠪᠤ ᠡᠵᠢ ᠶᠢᠨ ᠢᠶᠠᠨ ᠬᠠᠰᠢᠷ ᠮᠠᠯᠴᠢᠨ ᠤᠬᠠᠭᠠᠨ ᠢ ᠦᠪᠯᠡᠨ ᠶᠠᠪᠤᠭ᠎ᠠ ᠣᠶᠣᠲᠠᠨ ᠮᠦᠩᠬᠡᠵᠠᠶᠠᠭ᠎ᠠ ᠵᠣᠬᠢᠶᠠᠨ ᠪᠠᠶᠢᠭᠤᠯᠵᠤ ᠪᠠᠶᠢᠭ᠎ᠠ ᠶᠤᠮ᠃ ᠲᠡᠷᠡᠪᠡᠷ ᠬᠠᠷᠠᠮᠥ᠋ᠷᠡᠨ ᠶᠡᠭᠡ ᠰᠤᠷᠭᠠᠭᠤᠯᠢ ᠳᠤ ᠳᠡᠯᠡᠬᠡᠢ ᠶᠢᠨ ᠠᠵᠤ ᠠᠬᠤᠢ ᠠᠷᠠᠯᠵᠢᠶ᠎ᠠ ᠬᠤᠳᠠᠯᠳᠤᠭ᠎ᠠ ᠶᠢᠨ ᠮᠡᠷᠭᠡᠵᠢᠯ ᠢᠶᠠᠷ ᠰᠤᠷᠤᠯᠴᠠᠵᠤ ᠪᠠᠶᠢᠨ᠎ᠠ᠃ ᠡᠷᠳᠡᠮ ᠰᠤᠶᠤᠯ ᠤᠨ ᠰᠢᠮ᠎ᠡ ᠶᠢ ᠬᠦᠷᠲᠡᠬᠦ ᠶᠢᠨ ᠳᠠᠭᠠᠤ ᠠᠮᠠᠷᠠᠯᠲᠠ ᠶᠢᠨ ᠬᠤᠭᠤᠴᠠᠭᠠᠨ ᠳᠤ ᠪᠠᠨ ᠬᠦᠳᠡᠭᠡ ᠪᠠᠨ ᠬᠠᠷᠢᠵᠤ ᠠᠪᠤ ᠡᠵᠢ ᠶᠢᠨ ᠢᠶᠠᠨ ᠠᠵᠢᠯ ᠶᠢ ᠬᠠᠪᠰᠤᠷᠴᠤ᠂ ᠮᠠᠯ ᠮᠠᠯᠵᠢᠯ ᠤᠨ ᠠᠷᠭ᠎ᠠ ᠳᠤᠷᠰᠢᠯᠭ᠎ᠠ ᠶᠢ ᠰᠤᠷᠤᠯᠴᠠᠵᠤ ᠪᠠᠶᠢᠳᠠᠭ᠃
     ᠡᠮᠦᠨᠡᠬᠢ ᠲᠠᠪᠤᠨ ᠬᠤᠭᠤᠴᠠᠭᠠᠨ ᠤ ︽ᠲᠠᠪᠤᠨ ᠡᠷᠳᠡᠨᠢ︾ ᠬᠤᠨᠳᠠᠭᠠᠲᠤ ᠮᠠᠯ ᠤᠨ ᠠᠳᠠᠯᠢᠳᠬᠠᠯ ᠤᠨ ᠤᠷᠤᠯᠳᠤᠭᠠᠨ ᠵᠢᠴᠢ ᠦᠨ᠎ᠡ ᠬᠠᠶᠠᠵᠤ ᠬᠤᠳᠠᠯᠳᠤᠬᠤ ᠴᠤᠭᠯᠠᠭᠠᠨ ᠢ ᠠᠪᠤ ᠨᠢ ᠵᠣᠬᠢᠶᠠᠨ ᠪᠠᠶᠢᠭᠤᠯᠵᠤ᠂ ᠮᠦᠩᠬᠡᠵᠠᠶᠠᠭ᠎ᠠ ᠭᠤᠣᠯ ᠬᠠᠪᠰᠤᠷᠠᠭᠴᠢ ᠬᠦᠴᠦᠨ ᠪᠣᠯᠵᠤ ᠪᠠᠶᠢᠯ᠎ᠠ᠃ ᠡᠨᠡ ᠵᠢᠯ ᠮᠦᠩᠬᠡᠵᠠᠶᠠᠭ᠎ᠠ ᠠᠪᠤ ᠶᠢᠨ ᠢᠶᠠᠨ ᠤᠷ᠎ᠠ ᠤᠬᠠᠭᠠᠨ᠂ ᠰᠢᠷᠭᠠᠭᠤ ᠬᠦᠳᠡᠯᠮᠦᠷᠢ ᠰᠢᠩᠭᠡᠭᠰᠡᠨ ᠭᠠᠯ ᠪᠠᠮᠪᠠᠷ ᠢ ᠳᠤᠰᠤᠨ ᠲᠤᠰ ᠤᠳᠠᠭᠠᠨ ᠤ ᠤᠷᠤᠯᠳᠤᠭᠠᠨ ᠢ ᠵᠣᠬᠢᠶᠠᠨ ᠪᠠᠶᠢᠭᠤᠯᠵᠤ᠂ ᠵᠠᠬ᠎ᠠ ᠳᠡᠯᠭᠡᠭᠦᠷ ᠲᠠᠢ ᠵᠣᠬᠢᠴᠠᠭᠤᠯᠤᠨ᠂ ᠰᠢᠨ᠎ᠡ ᠤᠷᠴᠢᠨ ᠠᠬᠤᠢ ᠲᠠᠢ ᠤᠶᠠᠯᠳᠤᠭᠤᠯᠬᠤ ᠶᠢᠨ ᠲᠦᠯᠦᠭᠡ ᠲᠣᠰ ᠤᠷᠤᠯᠳᠤᠭᠠᠨ ᠳᠤ ᠦᠨ᠎ᠡ ᠬᠠᠶᠠᠯᠴᠠᠵᠦ ᠬᠤᠳᠠᠯᠳᠤᠬᠤ ᠬᠦᠳᠡᠯᠭᠡᠭᠡᠨ ᠢ ᠨᠡᠮᠡᠵᠦ᠂  ᠮᠠᠯ ᠤᠨ ᠲᠦᠷᠦᠯ ᠤᠨ ᠲᠠᠯ᠎ᠠ ᠳᠤ ᠴᠦ ᠦᠭᠡᠷᠡᠴᠢᠯᠡᠯᠲᠡ ᠬᠢᠵᠠᠢ᠃
   ᠲᠤᠰ ᠣᠳᠠᠭᠠᠨ ᠤ ᠤᠷᠤᠯᠳᠤᠭᠠᠨ ᠳᠤ ᠦᠵᠦᠮᠦᠴᠢᠨ ᠬᠤᠨᠢᠨ ᠤ ᠲᠦᠷᠦᠯ ᠳᠤ ᠪᠦᠳᠦᠭᠦᠨ ᠬᠤᠴᠠ᠂ ᠰᠢᠳᠦᠯᠡᠩ  ᠬᠤᠴᠠ᠂  ᠬᠤᠷᠠᠭᠠᠨ ᠬᠤᠴᠠ᠂ ᠡᠮ᠎ᠡ ᠬᠤᠨᠢ᠂ ᠦᠬᠢᠨ ᠲᠦᠯᠭᠡ᠂ ᠦᠬᠢᠨ ᠬᠤᠷᠠᠭ᠎ᠠ ᠠᠳᠠᠯᠢᠳᠬᠠᠨ᠂ ᠢᠮᠠᠭᠠᠨ ᠲᠦᠷᠦᠯ ᠳᠤ ᠪᠦᠲᠦᠭᠦᠨ ᠤᠬᠤᠨ᠎ᠠ᠂ ᠡᠮ᠎ᠡ ᠢᠮᠠᠭ᠎ᠠ ᠠᠳᠠᠯᠢᠳᠬᠠᠵᠤ᠂ ᠨᠤᠲᠤᠭ ᠠᠵᠢᠷᠭ᠎ᠠ᠂ ᠭᠠᠩᠭᠠᠩ ᠲᠡᠮᠡᠭᠡ᠂ ᠦᠬᠡᠷ ᠤᠨ ᠲᠦᠷᠦᠯ ᠳᠤ ᠰᠢᠮᠧᠨ᠋ᠲ᠋ᠠᠷ ᠪᠦᠲᠦᠭᠦᠨ ᠪᠤᠬ᠎ᠠ᠂ ᠰᠢᠮᠧᠨ᠋ᠲ᠋ᠠᠷ ᠡᠷ᠎ᠡ ᠦᠬᠢᠨ ᠲᠤᠭᠤᠯ᠂ ᠨᠤᠲᠤᠭ ᠦᠨᠢᠶ᠎ᠡ ᠵᠡᠷᠭᠡ ᠲᠦᠷᠦᠯ ᠠᠩᠬᠢᠯᠠᠵᠤ ᠠᠳᠠᠯᠢᠳᠬᠠᠨ ᠰᠢᠯᠭᠠᠷᠠᠭᠤᠯᠵᠤ᠂ ᠲᠤᠰ ᠲᠤᠰ ᠲᠤ ᠨᠢ ᠲᠡᠷᠢᠭᠦᠨ᠂ ᠳᠡᠳ᠋᠂ ᠭᠤᠳᠠᠭᠠᠷ᠂ ᠰᠢᠯᠢᠳᠡᠭ ᠳᠡᠰ ᠢ ᠲᠤᠳᠤᠷᠠᠭᠤᠯᠵᠠᠢ᠃
  ᠮᠦᠩᠬᠡᠵᠠᠶᠠᠭ᠎ᠠ ᠬᠦᠳᠡᠭᠡ ᠨᠤᠲᠤᠭ ᠤᠨ ᠲᠠᠩᠰᠤᠭ ᠰᠠᠶᠢᠬᠠᠨ ᠪᠠᠶᠢᠭᠠᠯᠢ ᠶᠢᠨ ᠦᠵᠡᠮᠵᠢ᠂ ᠦᠨᠢᠷ ᠪᠠᠶᠠᠯᠢᠭ ᠮᠣᠩᠭᠤᠯ ᠮᠠᠯᠵᠢᠯ ᠤᠨ ᠠᠮᠢᠳᠤᠷᠠᠯ ᠢᠶᠠᠨ ᠲᠠᠨᠢᠯᠴᠠᠭᠤᠯᠤᠨ᠂ ᠮᠠᠯ ᠠᠵᠤ ᠠᠬᠤᠢ ᠪᠠᠨ ᠬᠦᠭᠵᠢᠭᠦᠯᠦᠨ ᠪᠠᠳᠠᠷᠠᠭᠤᠯᠵᠤ᠂ ᠤᠳᠤᠮᠰᠢᠯᠲᠤ ᠦᠪ ᠰᠤᠶᠤᠯ ᠢᠶᠠᠨ ᠤᠬᠠᠭᠤᠯᠤᠨ ᠰᠤᠷᠲᠠᠯᠴᠢᠯᠠᠬᠤ  ᠶᠢ ᠵᠣᠷᠢᠵᠤ᠂ ︽ᠴᠤᠤᠷᠢᠶ᠎ᠠ ᠲᠠᠪᠴᠠᠩ︾ ᠢ ᠴᠢᠳᠠᠮᠠᠭᠠᠢ ᠠᠰᠢᠭᠯᠠᠨ ᠤᠨᠴᠠᠯᠢᠭᠲᠤ  ᠤᠬᠤᠷ ᠹᠢᠯᠢᠮ ᠰᠢᠩᠭᠡᠭᠡᠨ ᠦᠢᠯᠡᠳᠴᠦ᠂ ᠰᠦᠯᠵᠢᠶᠡᠨ ᠠᠷᠠᠳ ᠤᠨ ᠪᠠᠭ᠋ᠠᠷᠬᠠᠯ ᠢ ᠶᠡᠬᠡᠲᠡ ᠣᠯᠵᠠᠢ᠃ ᠲᠡᠭᠦᠨ ᠤ ᠮᠣᠩᠭᠤᠯ   ᠠᠮᠢᠳᠤᠷᠠᠯ ᠢᠶᠠᠷ ᠰᠡᠳᠦᠪᠯᠡᠭᠰᠡᠨ ᠰᠤᠲᠤᠨ ᠪᠦᠲᠦᠭᠡᠯ ᠨᠢ ᠪᠠᠷᠠᠭᠤᠨ ᠦᠵᠦᠮᠦᠴᠢᠨ ᠬᠤᠰᠢᠭᠤᠨ ᠤ ᠠᠩᠬᠠᠳᠤᠭᠠᠷ ᠤᠳᠠᠭᠠᠨ ᠤ ︽ᠨᠤᠲᠤᠭ ᠤᠨ ᠰᠠᠬᠢᠭᠴᠢ︾ ᠵᠠᠭᠤᠴᠢᠯᠠᠭᠤᠷ ᠤᠨ  ᠬᠢᠨ ᠢ ᠰᠢᠯᠠᠭᠠᠷᠭᠤᠯᠬᠤ ᠤᠷᠤᠯᠳᠤᠭᠠᠨ ᠲᠠᠬᠢ ᠸᠢᠳᠢᠣ᠋ ᠶᠢᠨ ᠤᠷᠤᠯᠳᠤᠭᠠᠨ ᠤ ᠨᠢᠭᠡᠳᠦᠭᠡᠷ ᠳᠡᠰ ᠤᠨ ᠢᠷᠠᠭᠤ ᠠᠯᠳᠠᠷ ᠢ ᠬᠦᠷᠲᠡᠭᠰᠡᠨ ᠪᠠᠶᠢᠨ᠎ᠠ᠃
  ᠮᠦᠩᠬᠡᠵᠠᠶᠠᠭ᠎ᠠ ᠶᠢᠨ ᠡᠨᠡᠬᠦ ᠠᠮᠠᠷᠠᠯᠲᠠ ᠶᠢᠨ ᠬᠤᠭᠤᠴᠠᠭ᠎ᠠ ᠪᠠᠨ ᠠᠰᠢᠭᠯᠠᠨ᠂ ᠰᠤᠷᠤᠭᠰᠠᠨ ᠮᠡᠳᠡᠯᠭᠡ ᠮᠡᠷᠭᠡᠵᠢᠯ  ᠲᠠᠢ ᠪᠠᠨ ᠤᠶᠠᠯᠳᠤᠭᠤᠯᠤᠨ᠂ ᠮᠣᠩᠭᠤᠯ ᠦᠪ ᠰᠤᠶᠤᠯ ᠢᠶᠠᠨ ᠰᠤᠷᠲᠠᠯᠴᠢᠯᠠᠨ ᠤᠬᠠᠭᠤᠯᠵᠤ᠂ ᠮᠠᠯ ᠠᠵᠤ ᠠᠬᠤᠢ ᠪᠠᠨ ᠬᠦᠭᠵᠢᠭᠦᠯᠦᠨ ᠪᠠᠳᠠᠷᠠᠭᠤᠯᠬᠤ ᠳᠤ ᠤᠶᠤᠨ ᠤᠬᠠᠭᠠᠨ ᠬᠦᠴᠦᠨ ᠴᠢᠳᠠᠯ ᠢᠶᠠᠨ ᠡᠷᠭᠦᠵᠦ ᠶᠠᠪᠤᠭ᠎ᠠ ᠡᠨᠡᠬᠦ ᠰᠢᠨ᠎ᠡ ᠴᠠᠭ ᠦᠶ᠎ᠡ ᠶᠢᠨ ᠤᠶᠤᠲᠠᠨ ᠮᠠᠯᠴᠢᠨ ᠤ ᠵᠣᠷᠢᠭ ᠰᠠᠨᠠᠭ᠎ᠠ ᠲᠤᠩ ᠪᠠᠭ᠋ᠠᠷᠬᠠᠯ ᠲᠠᠢ ᠶᠤᠮ ᠡ᠃ 
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号