ᠥᠪᠡᠷ ᠲᠤ ᠴᠢᠨᠢ ᠲᠤᠰᠠᠲᠠᠢ ᠵᠦᠢᠯ
ᠨᠡᠶᠢᠲᠡᠯᠡᠭᠰᠡᠨ ᠴᠠᠭ᠄
2023/9/20
      ⒈ ᠠᠩᠬᠠᠷᠤᠯ ᠢᠶᠠᠨ ᠲᠥᠪᠯᠡᠷᠡᠭᠦᠯᠬᠦ᠄ ᠨᠢᠭᠡ ᠯᠠ ᠵᠦᠢᠯ ᠣᠷᠣᠭᠤ ᠴᠢᠷᠮᠠᠶᠢᠪᠠᠯ ᠰᠠᠶ᠋ᠢ ᠥᠪᠡᠷ ᠢ ᠪᠠᠨ ᠨᠠᠩ ᠰᠢᠯᠢᠳᠡᠭ ᠪᠣᠯᠭᠠᠵᠤ ᠴᠢᠳᠠᠨ᠎ᠠ᠃ ᠪᠠᠭ᠎ᠠ ᠶᠠᠪᠤᠳᠠᠯ ᠠᠴᠠ ᠡᠬᠢᠯᠡᠨ ᠠᠩᠬᠠᠷᠣᠯ ᠲᠠᠢ ᠬᠠᠨᠳᠣᠵᠦ ᠴᠢᠳᠠᠪᠠᠯ ᠲᠡᠷᠡ ᠶᠠᠪᠤᠳᠠᠯ ᠴᠢᠨᠢ ᠠᠶᠠᠨᠳᠠᠭᠠᠨ ᠲᠡᠭᠦᠰ ᠰᠠᠶᠢᠬᠠᠨ ᠪᠤᠯᠳᠠᠭ ᠶᠤᠮ᠃      ⒉ᠨᠣᠮ ᠤᠩᠰᠢᠬᠤ ᠶᠢ ᠪᠠᠷᠢᠮᠲᠠᠯᠠᠬᠤ᠄ ᠬᠥᠮᠥᠨ ᠨᠣᠮ ᠤᠩᠰᠢᠬᠤ ᠶᠢ ᠪᠠᠷᠢᠮᠲᠠᠯᠠᠪᠠᠯ᠂ ᠦᠪᠡᠷ ᠢ ᠪᠠᠨ ᠬᠦᠭᠵᠢᠬᠦᠯᠵᠦ᠂ ᠦᠵᠡᠯ ᠪᠤᠳᠤᠯ ᠢᠶᠠᠨ ᠰᠢᠨᠡᠴᠢᠯᠡᠨ᠂ ᠪᠠᠶᠠᠯᠢᠭ ᠰᠠᠶᠢᠬᠠᠨ ᠣᠶᠤᠨ ᠰᠠᠨᠠᠭᠠᠨ ᠤ ᠣᠷᠣᠨ ᠵᠠᠢ ᠲᠠᠢ ᠪᠤᠯᠳᠠᠭ᠃      ⒊ ᠳᠡᠪᠴᠢᠶᠡᠷᠢ ᠲᠠᠢ ᠪᠠᠶᠢᠬᠤ᠄ ᠠᠮᠵᠢᠯᠲᠠ ᠳᠤ ᠬᠦᠷᠬᠦ ᠬᠡᠳᠡᠭ ᠠᠶᠠᠨᠳᠠᠭᠠᠨ ᠤ ᠶᠠᠪᠤᠳᠠᠯ ᠪᠤᠯᠬᠤ ᠠᠴᠠ ᠨᠢᠭᠡ ᠯᠡ ᠳᠡᠭᠡᠷ᠎ᠡ ᠪᠡᠶᠡᠯᠡᠴᠢᠬᠡᠬᠦ ᠪᠢᠰᠢ᠂ ᠡᠶᠢᠮᠦ ᠠᠴᠠ ᠳᠡᠪᠴᠢᠶᠡᠷᠢ ᠲᠠᠢ ᠪᠠᠶᠢᠬᠤ ᠴᠢᠬᠤᠯᠠ᠃      ⒋ ᠲᠤᠷᠰᠢᠯᠭ᠎ᠠ ᠬᠤᠷᠠᠮᠳᠤᠭᠤᠯᠬᠤ᠄ ᠬᠥᠮᠥᠨ ᠤ ᠠᠮᠢᠳᠤᠷᠠᠯ ᠲᠠᠰᠤᠷᠠᠯᠲᠠ ᠦᠭᠡᠢ ᠦᠬᠡᠷᠡᠴᠢᠯᠡᠭᠳᠡᠵᠦ ᠬᠤᠪᠢᠷᠠᠵᠤ ᠪᠠᠶᠢᠳᠠᠭ᠂ ᠴᠠᠭ ᠢᠮᠠᠬᠳᠠ ᠠᠵᠢᠯᠯᠠᠵᠦ ᠰᠣᠷᠣᠯᠴᠠᠨ᠂ ᠲᠠᠰᠤᠷᠠᠯᠲᠠ ᠦᠭᠡᠢ ᠦᠢᠯᠡᠳᠦᠯᠭᠡᠵᠢᠭᠦᠯᠪᠡᠯ ᠰᠠᠶ᠋ᠢ ᠲᠤᠷᠰᠢᠯᠭ᠎ᠠ ᠬᠤᠷᠠᠮᠳᠤᠭᠤᠯᠵᠤ᠂ ᠦᠪᠡᠷ ᠢ ᠪᠠᠨ ᠰᠢᠨᠡᠴᠢᠯᠡᠵᠦ ᠴᠢᠳᠠᠳᠠᠭ᠃      ⒌ᠦᠪᠡᠷ ᠢ ᠪᠠᠨ ᠳ᠋ᠦᠩᠨᠡᠬᠦ᠄ ᠦᠵᠡᠯ ᠪᠤᠳᠤᠯ ᠢᠶᠠᠨ ᠪᠣᠯᠪᠠᠰᠤᠷᠠᠩᠭᠤᠢ ᠪᠣᠯᠤᠭᠰᠠᠨ ᠡᠰᠡᠬᠦ ᠪᠠᠨ ᠳᠠᠨᠢᠬᠤ ᠳᠤ ᠥᠪᠡᠷ ᠢ ᠪᠠᠨ ᠳ᠋ᠦᠩᠨᠡᠵᠦ ᠴᠢᠳᠠᠬᠤ ᠡᠰᠡᠬᠦ ᠪᠠᠷ ᠬᠡᠮᠵᠢᠶᠡᠯᠡᠨ᠎ᠡ᠃      ⒍ ᠪᠤᠰᠤᠳ ᠤᠨ ᠠᠴᠢ ᠶᠢ ᠪᠤᠳᠤᠬᠤ᠄ ᠪᠤᠰᠤᠳ ᠤᠨ ᠬᠠᠪᠰᠤᠷᠤᠯᠭ᠎ᠠ ᠶᠢ ᠵᠦᠢ ᠶᠣᠰᠣᠨ ᠤ ᠭᠡᠵᠦ ᠦᠵᠡᠵᠦ ᠪᠣᠯᠬᠤ ᠦᠭᠡᠢ᠂ ᠠᠴᠢ ᠶᠢ ᠮᠠᠷᠳᠠᠬᠤ ᠦᠬᠡᠢ ᠪᠤᠯ ᠰᠠᠶ᠋ᠢ ᠪᠤᠰᠤᠳ ᠤᠨ ᠢᠲᠡᠭᠡᠯ ᠢ ᠣᠯᠵᠤ ᠲᠠᠶᠢᠯᠤᠨ᠎ᠠ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号