ᠪᠦᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ ᠶᠢᠨ ᠠᠵᠢᠯ ᠤᠨ ᠬᠤᠯᠪᠤᠭᠠᠲᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2023/9/15
      9 ᠰᠠᠷ᠎ᠠ ᠶᠢᠨ 5 ᠤ ᠡᠳᠦᠷ᠂ ᠮᠠᠨ ᠤ ᠬᠤᠰᠢᠭᠤ ᠪᠥᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ ᠶᠢᠨ ᠠᠵᠢᠯ ᠤᠨ ᠬᠤᠯᠪᠤᠭᠠᠲᠤ ᠬᠤᠷᠠᠯ ᠤᠨ 2023 ᠣᠨ ᠤ 4 ᠳ᠋ᠦ᠋ᠭᠡᠷ ᠤᠳᠠᠭᠠᠨ ᠤ ᠬᠤᠷᠠᠯ ᠢ ᠬᠤᠷᠠᠯᠳᠤᠭᠤᠯᠵᠤ᠂ ᠬᠤᠰᠢᠭᠤ ᠨᠠᠮ ᠤᠨ ᠬᠤᠷᠢᠶᠠᠨ ᠤ ᠱᠦᠵᠢ ᠬᠢᠩᠭᠠᠨ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ ᠠᠯᠮᠠᠰ ᠪᠣᠯᠣᠨ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠪᠤᠰᠤᠳ ᠪᠠᠭ ᠤᠨ ᠪᠦᠷᠢᠯᠳᠦᠬᠦᠨ ᠬᠤᠷᠠᠯ ᠳᠤ ᠣᠷᠣᠯᠴᠠᠵᠤ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤ ᠳᠠᠷᠤᠭ᠎ᠠ ᠵᠧᠦ ᠢᠦᠢ ᠯᠦᠩ ᠬᠤᠷᠠᠯ  ᠢ ᠡᠷᠭᠢᠯᠡᠪᠡ  ᠃      ᠬᠤᠷᠠᠯ ᠳᠡᠭᠡᠷ᠎ᠡ᠂ ᠡᠨᠡ ᠵᠢᠯ ᠠᠴᠠ ᠨᠠᠰᠢᠬᠢ ᠪᠦᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ ᠶᠢᠨ ᠠᠵᠢᠯ  ᠤᠨ ᠪᠠᠢᠳᠠᠯ᠂ ᠪᠦᠬᠦ ᠬᠤᠰᠢᠭᠤᠨ ᠤ ︿︿ᠵᠠᠬᠢᠳᠠᠯ ᠰᠤᠷᠪᠤᠯᠵᠢᠯᠠᠭ᠎ᠠ ᠶᠢᠨ ᠠᠵᠢᠯ ᠤᠨ ᠳᠦᠷᠢᠮ﹀﹀ ᠢ ᠰᠤᠷᠤᠯᠴᠠᠨ ᠤᠬᠠᠭᠤᠯᠵᠤ ᠲᠤᠭᠤᠰᠢᠯᠠᠭᠤᠯᠤᠭᠰᠠᠨ ᠵᠢᠴᠢ ᠭᠤᠣᠯᠳᠠᠯᠭ᠎ᠠ ᠲᠠᠢ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠱᠠᠭᠠᠷᠳᠠᠨ ᠪᠠᠶᠢᠴᠠᠭᠠᠭᠰᠠᠨ ᠪᠠᠢᠳᠠᠯ᠂ ᠬᠡᠷᠡᠭ ᠢ ᠳᠠᠭᠠᠭᠠᠨ ᠠᠪᠤᠭᠰᠠᠨ ᠬᠤᠰᠢᠭᠤ ᠤᠳᠤᠷᠢᠳᠤᠯᠭ᠎ᠠ ᠶᠢᠨ ᠭᠤᠣᠯᠳᠠᠯᠭ᠎ᠠ ᠲᠠᠢ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠢ ᠳᠠᠭᠠᠭᠠᠴᠢᠯᠠᠨ ᠰᠢᠢᠳᠪᠦᠷᠢᠯᠡᠬᠦ ᠬᠠᠷᠢᠭᠤᠴᠠᠯᠭ᠎ᠠ ᠶᠢᠨ ᠨᠠᠢᠳᠠᠪᠤᠷᠢᠵᠢᠭᠤᠯᠤᠯᠲᠠ᠂ ᠨᠠᠮᠳᠠᠭᠠᠨ ᠡᠵᠡᠮᠳᠡᠵᠦ ᠪᠠᠶᠢᠭ᠎ᠠ ᠪᠠᠶᠢᠳᠠᠯ ᠤᠨ ᠬᠠᠷᠢᠭᠤ ᠮᠡᠳᠡᠭᠦᠯᠦᠯᠲᠡ ᠪᠠ ᠤᠯᠢᠶᠠᠰᠤᠲᠠᠢ ᠪᠠᠯᠭᠠᠰᠤᠨ ᠤ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠬᠡᠷᠡᠭᠵᠢᠭᠦᠯᠦᠭᠰᠡᠨ ᠪᠠᠢᠳᠠᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠤ᠂ ᠠᠶᠢᠮᠠᠭ ᠤᠨ ᠵᠠᠬᠢᠳᠠᠯ ᠰᠤᠷᠪᠤᠯᠵᠢᠯᠠᠭ᠎ᠠ ᠶᠢᠨ ᠠᠵᠢᠯ ᠤᠨ ᠬᠠᠮᠲᠤᠷᠠᠭᠰᠠᠨ ᠬᠤᠷᠠᠯ ᠤᠨ 2023 ᠣᠨ ᠤ ᠬᠤᠶᠠᠳᠤᠭᠠᠷ ᠤᠳᠠᠭᠠᠨ ᠤ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠵᠤ᠂ ᠣᠳᠣᠬᠠᠨ ᠤ ᠪᠦᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠰᠠᠢᠲᠤᠷ ᠬᠢᠬᠦ ᠲᠤᠬᠠᠢ ᠪᠣᠳᠠᠲᠠᠢ ᠪᠠᠢᠷᠢᠯᠠᠭᠤᠯᠤᠯᠲᠠ ᠬᠢᠭᠰᠡᠨ ᠪᠠᠶᠢᠨ᠎ᠠ  ᠃      ᠬᠤᠷᠠᠯ ᠠᠴᠠ ᠱᠠᠭᠠᠷᠳᠠᠭᠰᠠᠨ ᠨᠢ᠂ ᠪᠥᠬᠦ ᠬᠤᠰᠢᠭᠤ ᠪᠠᠷ ᠢᠶᠠᠨ ᠪᠠᠶᠢᠳᠠᠯ ᠢ ᠲᠣᠳᠣᠷᠬᠠᠶ ᠲᠠᠨᠢᠵᠤ᠂ ᠵᠠᠬᠢᠳᠠᠯ ᠰᠣᠷᠪᠣᠯᠵᠢᠯᠠᠭ᠎ᠠ ᠶᠢᠨ ᠠᠵᠢᠯ ᠢ ᠰᠠᠶᠢᠲᠤᠷ ᠬᠢᠬᠦ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠪᠠᠨ ᠦᠨᠡᠨ ᠬᠦ ᠴᠢᠩᠭᠠᠳᠬᠠᠵᠤ᠂ ᠶᠡᠷᠦᠩᠬᠡᠶ ᠱᠦᠵᠢ ᠰᠢ ᠶᠢᠨ ᠫᠢᠩ ᠤᠨ ᠠᠷᠠᠳ ᠤᠨ ᠵᠠᠬᠢᠳᠠᠯ ᠰᠣᠷᠪᠣᠯᠵᠢᠯᠠᠭ᠎ᠠ ᠶᠢᠨ ᠠᠵᠢᠯ ᠢ ᠴᠢᠩᠭᠠᠳᠬᠠᠨ ᠰᠠᠶᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ︿︿ᠹᠧᠩ ᠴᠢᠶᠣᠤ ᠶᠢᠨ ᠲᠤᠷᠰᠢᠯᠭ᠎ᠠ﹀﹀᠂ ︿︿ᠫᠦᠵᠢᠶᠠᠩ ᠤᠨ ᠲᠤᠷᠰᠢᠯᠭ᠎ᠠ﹀﹀ ᠶᠢ ᠰᠠᠶᠢᠲᠤᠷ ᠰᠤᠷᠤᠯᠴᠠᠨ ᠰᠠᠶᠢᠲᠤᠷ ᠬᠡᠷᠡᠭᠯᠡᠵᠦ᠂ ᠵᠥᠷᠢᠴᠡᠯ ᠵᠢᠭᠤᠷᠠᠯᠳᠤᠭᠠᠨ ᠢ ᠭᠦᠨᠵᠡᠭᠡᠶ ᠪᠠᠶᠢᠴᠠᠭᠠᠨ ᠰᠢᠶᠳᠪᠦᠷᠢᠯᠡᠵᠦ᠂ ᠠᠩᠬᠠᠨ ᠤ ᠵᠠᠬᠢᠳᠠᠯ ᠰᠣᠷᠪᠣᠯᠵᠢᠯᠠᠭ᠎ᠠ ᠶᠢ ᠢᠳᠡᠪᠬᠢᠲᠡᠶ ᠰᠠᠶᠢᠲᠤᠷ ᠬᠢᠵᠦ᠂ ︿︿ᠪᠠᠭ᠎ᠠ ᠶᠠᠪᠤᠳᠠᠯ ᠢ ᠭᠠᠴᠠᠭ᠎ᠠ ᠠᠴᠠ ᠪᠠᠨ ᠭᠠᠷᠭᠠᠬᠤ ᠥᠬᠡᠶ᠂ ᠶᠡᠭᠡ ᠶᠠᠪᠤᠳᠠᠯ ᠢ ᠰᠤᠮᠤ ᠪᠠᠯᠭᠠᠰᠤ ᠠᠴᠠ ᠪᠠᠨ ᠭᠠᠷᠭᠠᠬᠤ ᠥᠬᠡᠶ᠂ ᠵᠥᠷᠢᠴᠡᠯ ᠢ ᠳᠡᠭᠡᠭᠰᠢ ᠲᠤᠰᠢᠶᠠᠬᠤ ᠥᠬᠡᠶ﹀﹀ ᠪᠠᠶᠢᠬᠤ ᠶᠢ ᠦᠨᠡᠨ ᠬᠦ ᠪᠡᠶᠡᠯᠡᠭᠦᠯᠵᠦ᠂ ᠪᠥᠬᠦ ᠬᠤᠰᠢᠭᠤᠨ ᠤ ᠵᠠᠬᠢᠳᠠᠯ ᠰᠣᠷᠪᠣᠯᠵᠢᠯᠠᠭ᠎ᠠ ᠶᠢᠨ ᠠᠵᠢᠯ ᠤᠨ ᠶᠠᠰᠤ ᠴᠢᠨᠠᠷ ᠦᠷ᠎ᠡ ᠪᠦᠲᠦᠮᠵᠢ ᠶᠢ ᠲᠠᠰᠤᠷᠠᠯᠲᠠ ᠥᠬᠡᠶ ᠳᠡᠭᠡᠭᠰᠢᠯᠡᠭᠦᠯᠬᠦ ᠬᠡᠷᠡᠭᠲᠡᠶ ᠭᠡᠪᠡ  ᠃      ᠬᠤᠷᠠᠯ ᠠᠴᠠ ᠴᠢᠬᠤᠯᠠᠴᠢᠯᠠᠬᠤ ᠳᠠᠭᠠᠨ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠨ ᠬᠢᠨ ︿︿ᠨᠢᠭᠡ ᠬᠥᠯᠭᠡ ᠰᠢᠳᠠᠷ᠎ᠠ﹀﹀ ᠶᠢᠨ ᠦᠵᠡᠯ ᠰᠠᠨᠠᠭ᠎ᠠ ᠶᠢ ᠪᠠᠲᠤ ᠪᠠᠬᠢ ᠪᠤᠢ ᠪᠣᠯᠭᠠᠵᠤ᠂ ᠠᠵᠢᠯ ᠤᠨ ᠬᠠᠷᠢᠭᠤᠴᠠᠯᠭ᠎ᠠ ᠪᠠᠨ ᠪᠣᠳᠠᠲᠠᠶᠢᠵᠢᠭᠤᠯᠵᠤ᠂ ᠣᠶᠢᠯᠠᠭᠠᠯᠴᠠᠭ᠎ᠠ ᠵᠣᠬᠢᠴᠠᠭᠤᠯᠭ᠎ᠠ ᠪᠠᠨ ᠴᠢᠩᠭᠠᠳᠬᠠᠵᠤ᠂ ᠨᠢᠭᠡᠳ ᠨᠢᠭᠡ ᠪᠠᠷ ᠵᠠᠳᠠᠯᠤᠨ ᠰᠤᠳᠤᠯᠤᠨ ᠮᠠᠭᠠᠳᠯᠠᠵᠤ᠂ ᠦᠨᠡᠨ ᠬᠦ᠋‍ ᠨᠢᠭᠡ ᠶᠢ ᠬᠢᠪᠡᠯ ᠨᠢᠭᠡ ᠶᠢ ᠲᠣᠳᠣᠷᠬᠠᠶᠢᠯᠠᠵᠤ᠂ ᠨᠢᠭᠡᠳ ᠨᠢᠭᠡ ᠪᠠᠷ ᠨᠠᠶᠢᠳᠠᠪᠤᠷᠢᠵᠢᠭᠤᠯᠬᠤ ᠬᠡᠷᠡᠭᠲᠡᠢ᠃ ᠭᠤᠷᠪᠠᠨ ᠱᠠᠲᠤᠨ ᠤ ᠵᠠᠬᠢᠳᠠᠯ  ᠰᠣᠷᠪᠣᠯᠵᠢᠯᠠᠭ᠎ᠠ ᠶᠢ ᠣᠷᠣᠯᠠᠨ ᠭᠦᠶᠴᠡᠳᠬᠡᠬᠦ ᠲᠣᠭᠲᠠᠴᠠ ᠶᠢ ᠤᠯᠠᠮ ᠴᠢᠨᠠᠭᠰᠢᠳᠠ ᠲᠡᠭᠦᠯᠳᠡᠷᠵᠢᠭᠦᠯᠵᠦ᠂ ᠣᠷᠣᠯᠠᠨ ᠭᠦᠶᠴᠡᠳᠬᠡᠬᠦ ᠦᠶᠯᠡᠴᠢᠯᠡᠭᠡᠨ ᠤ ᠠᠷᠭ᠎ᠠ ᠬᠡᠯᠪᠡᠷᠢ ᠶᠢ ᠲᠠᠰᠤᠷᠠᠯᠲᠠ ᠥᠬᠡᠶ ᠰᠢᠨᠡᠴᠢᠯᠡᠵᠦ᠂ ᠵᠥᠷᠢᠴᠡᠯ ᠵᠢᠭᠤᠷᠠᠯᠳᠤᠭᠠᠨ ᠢ ᠦᠨᠳᠦᠰᠦᠨ ᠱᠠᠲᠤᠨ ᠳᠤ ᠨᠢ ᠰᠢᠶᠳᠪᠦᠷᠢᠯᠡᠵᠦ᠂ ᠡᠭᠦᠰᠴᠦ ᠪᠠᠶᠢᠬᠤ ᠦᠶ᠎ᠡ ᠳᠤᠨᠢ ᠰᠢᠶᠳᠪᠦᠷᠢᠯᠡᠬᠦ ᠪᠠᠷ ᠴᠢᠷᠮᠠᠶᠢᠬᠤ ᠬᠡᠷᠡᠭᠲᠡᠶ᠃ ᠤᠳᠤᠷᠢᠳᠤᠯᠭ᠎ᠠ ᠬᠡᠷᠡᠭ ᠢ ᠳᠠᠭᠠᠭᠠᠴᠢᠯᠠᠬᠤ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠮᠥᠷᠳᠡᠨ ᠬᠠᠷᠢᠭᠤ ᠰᠤᠷᠪᠤᠯᠵᠢᠯᠠᠬᠤ ᠪᠠᠨ ᠴᠢᠩᠭᠠᠳᠬᠠᠵᠤ᠂ ︿︿ᠭᠤᠷᠪᠠ ᠶᠢ ᠪᠣᠳᠠᠲᠠᠶᠢᠵᠢᠭᠤᠯᠵᠤ ᠨᠢᠭᠡ ᠶᠢ ᠰᠢᠢᠳᠪᠦᠷᠢᠯᠡᠬᠦ﹀﹀ ᠵᠠᠷᠴᠢᠮ ᠶᠣᠰᠣᠭᠠᠷ᠂ ᠥᠷᠭᠡᠨ ᠤᠯᠠᠨ ᠠᠷᠠᠳ ᠲᠦᠮᠡᠨ ᠤ ᠬᠠᠤᠯᠢ ᠶᠣᠰᠣᠨ ᠤ ᠡᠷᠬᠡ ᠠᠰᠢᠭ ᠢ ᠡᠷᠡᠰ ᠭᠤᠶᠢᠪᠢᠰᠢ ᠦᠭᠡᠢ ᠰᠠᠶᠢᠲᠤᠷ ᠬᠠᠮᠠᠭᠠᠯᠠᠵᠤ᠂ ᠤᠯᠠᠨ ᠲᠦᠮᠡᠨ ᠤ ᠬᠦᠷᠲᠡᠮᠵᠢ ᠶᠢᠨ ᠲᠦᠷᠦᠭᠳᠡᠯ᠂ ᠵᠣᠯ ᠵᠢᠷᠭᠠᠯᠲᠤ ᠲᠦᠷᠦᠭᠳᠡᠯ ᠢ ᠦᠨᠡᠨ ᠬᠦ ᠳᠡᠭᠡᠭᠰᠢᠯᠡᠭᠦᠯᠵᠦ᠂ ᠨᠠᠮ ᠤᠨ ᠲᠦᠷᠦ ᠪᠠᠷᠢᠬᠤ ᠤᠯᠠᠨ ᠲᠦᠮᠡᠨ ᠤ ᠰᠠᠭᠤᠷᠢ ᠶᠢ ᠲᠠᠰᠤᠷᠠᠯᠳᠠ ᠦᠭᠡᠢ ᠪᠠᠬᠢᠵᠢᠭᠦᠯᠦᠨ ᠪᠠᠬᠢᠵᠢᠭᠦᠯᠬᠦ ᠬᠡᠷᠡᠭᠲᠡᠢ ᠭᠡᠵᠡᠢ᠃      ᠡᠯ᠎ᠡ ᠰᠤᠮᠤ ᠪᠠᠯᠭᠠᠰᠤᠨ ᠤ ᠨᠠᠮ ᠵᠠᠰᠠᠭ ᠤᠨ ᠭᠤᠤᠯ ᠤᠳᠤᠷᠢᠳᠤᠯᠭ᠎ᠠ᠂ ᠵᠠᠬᠢᠳᠠᠯ ᠰᠤᠷᠪᠤᠯᠵᠢᠯᠠᠭ᠎ᠠ ᠶᠢᠨ ᠬᠤᠯᠪᠤᠭᠠᠲᠤ ᠬᠤᠷᠠᠯ ᠤᠨ ᠡᠯ᠎ᠡ ᠪᠦᠷᠢᠯᠳᠦᠬᠦᠨ ᠨᠢᠭᠡᠴᠡ ᠶᠢᠨ ᠭᠤᠤᠯ ᠬᠠᠷᠢᠭᠤᠴᠠᠯᠭᠠᠲᠠᠨ ᠬᠤᠷᠠᠯ ᠳᠤ ᠣᠷᠣᠯᠴᠠᠪᠠ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号