9 ᠰᠠᠷ᠎ᠠ ᠶᠢᠨ 1 ᠤ ᠡᠳᠦᠷ ᠂ ᠳᠡᠳ᠋ ᠬᠤᠰᠢᠭᠤ ᠳᠠᠷᠤᠭ᠎ᠠ᠂ ᠬᠤᠰᠢᠭᠤ ᠤᠯᠠᠭᠠᠨ ᠵᠠᠭᠠᠯᠮᠠᠶᠢᠲᠠᠨ ᠤ | ᠨᠡᠶᠢᠭᠡᠮᠯᠢᠭ ᠤᠨ ᠳᠠᠷᠤᠭ᠎ᠠ ᠶᠣᠣ ᠬᠠᠢ ᠰᠢᠶᠠ ᠮᠠᠨ ᠤ ᠬᠤᠰᠢᠭᠤᠨ ᠤ 2 ᠳ᠋ᠤᠭᠠᠷ ᠴᠢᠰᠤ ᠪᠦᠲᠦᠭᠡᠬᠦ ᠡᠰ ᠢᠶᠠᠨ | ᠬᠠᠨᠳᠢᠪᠯᠡᠭ᠌ᠰᠠᠨ ᠰᠠᠶᠢᠨ ᠳᠤᠷ᠎ᠠ ᠶᠢᠨ ᠠᠵᠢᠯᠯᠠᠭᠴᠢ ᠴᠠᠩ ᠵᠢᠶᠦ᠋ᠨ ᠢ ᠪᠤᠯᠭᠤᠭᠠᠨ ᠲᠣᠬᠤᠨᠢᠭᠤᠯᠵᠤ᠂ ᠬᠤᠰᠢᠭᠤ | ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠬᠢᠨ ᠬᠠᠮᠲᠦ ᠪᠤᠯᠭᠤᠭᠠᠨ ᠲᠣᠬᠤᠨᠢᠭᠤᠯᠵᠠᠢ᠃ | ᠴᠠᠩ ᠵᠢᠶᠦ᠋ᠨ ᠤ ᠳᠤ᠂ ᠪᠤᠯᠭᠤᠭᠠᠨ ᠲᠣᠬᠤᠨᠢᠭᠤᠯᠬᠤ ᠳᠤᠭᠤᠶᠢᠯᠠᠩ ᠤᠨ ᠬᠢᠨ ᠲᠡᠭᠦᠨ ᠤ ᠴᠢᠰᠤ ᠪᠦᠲᠦᠭᠡᠬᠦ | ᠡᠰ ᠢᠶᠠᠨ ᠬᠠᠨᠳᠢᠪᠯᠡᠭ᠌ᠰᠠᠨ ᠶᠠᠪᠤᠴᠠ ᠵᠢᠴᠢ ᠬᠠᠨᠳᠢᠪᠯᠡᠭ᠌ᠰᠠᠨ ᠤ ᠳᠠᠷᠠᠭᠠᠬᠢ ᠪᠡᠶ᠎ᠡ ᠮᠠᠬᠠᠪᠤᠳ ᠤᠨ ᠡᠷᠡᠭᠦᠯ ᠮᠡᠨᠳᠦ ᠪᠠ | ᠠᠮᠢᠳᠤᠷᠠᠯ ᠤᠨ ᠬᠢᠨᠢ ᠪᠠᠶᠢᠳᠠᠯ ᠢ ᠨᠠᠷᠢᠨ ᠠᠰᠠᠭᠤᠨ ᠯᠠᠪᠯᠠᠭᠰᠠᠨ ᠪᠥᠭᠡᠳ ᠴᠠᠩ ᠵᠢᠶᠦ᠋ᠨ ᠤ ᠴᠢᠰᠤ ᠪᠦᠲᠦᠭᠡᠬᠦ ᠡᠰ | ᠢᠶᠠᠨ ᠬᠠᠨᠳᠢᠪᠯᠡᠭ᠌ᠰᠠᠨ ᠰᠠᠶᠢᠨ ᠰᠠᠨᠠᠭᠠᠨ ᠤ ᠦᠶᠯᠡ ᠠᠵᠢᠯᠯᠠᠭ᠎ᠠ ᠶᠢ ᠴᠢᠩ ᠰᠡᠳᠬᠢᠯ ᠠᠴᠠ ᠪᠠᠨ ᠬᠦᠨᠳᠦᠳᠬᠡᠨ | ᠪᠢᠰᠢᠷᠠᠨ ᠲᠠᠯᠠᠷᠬᠠᠵᠦ ᠪᠠᠶᠢᠬᠤ ᠰᠡᠳᠬᠢᠯᠭᠡ ᠪᠠᠨ ᠢᠯᠡᠳᠭᠡᠭᠰᠡᠨ ᠪᠠᠶᠢᠨ᠎ᠠ᠃ | ᠡᠭᠦᠨ ᠤ ᠬᠠᠮᠲᠤ᠂ ᠶᠣᠣ ᠬᠠᠢ ᠰᠢᠶᠠ ᠪᠠᠰᠠ ᠬᠠᠮᠢᠶ᠎ᠠ ᠪᠦᠬᠦᠢ ᠠᠵᠢᠯᠲᠠᠳ ᠲᠤ᠂ ᠴᠢᠰᠤ ᠪᠦᠲᠦᠭᠡᠬᠦ | ᠡᠰ ᠢᠶᠠᠨ ᠬᠠᠨᠳᠢᠪᠯᠡᠬᠤ ᠰᠠᠶᠢᠨ ᠳᠤᠷ᠎ᠠ ᠶᠢᠨ ᠠᠵᠢᠯᠯᠠᠭᠴᠢ ᠶᠢᠨ ᠰᠡᠳᠬᠢᠯ ᠬᠥᠳᠡᠯᠭᠡᠮ᠎ᠡ ᠦᠢᠯᠡ ᠠᠵᠢᠯᠯᠠᠭ᠎ᠠ ᠶᠢ | ᠤᠬᠠᠭᠤᠯᠬᠤ ᠪᠠᠷ ᠳᠠᠮᠵᠢᠭᠤᠯᠵᠤ᠂ ᠪᠦᠬᠦ ᠬᠤᠰᠢᠭᠤᠨ ᠳᠤ ᠴᠢᠨᠠᠭᠰᠢᠯᠠᠨ ᠪᠦᠬᠦ ᠨᠡᠶᠢᠭᠡᠮ ᠳᠤ ᠴᠢᠰᠤ ᠪᠦᠲᠦᠭᠡᠬᠦ | ᠡᠰ ᠢᠶᠠᠨ ᠬᠠᠨᠳᠢᠪᠯᠡᠬᠤ ᠠᠷᠭ᠎ᠠ᠂ ᠠᠯᠬᠤᠮ ᠳᠠᠷᠠᠭ᠎ᠠ ᠪᠣᠯᠣᠨ ᠴᠢᠬᠤᠯᠠ ᠠᠴᠢ ᠬᠤᠯᠪᠣᠭᠳᠠᠯ ᠢ ᠨᠡᠩ ᠤᠯᠠᠨ | ᠣᠶᠢᠯᠠᠭᠠᠭᠤᠯᠵᠤ᠂ ᠨᠡᠩ ᠤᠯᠠᠨ ᠬᠥᠮᠥᠰ ᠢ ᠳᠤᠮᠳᠠᠳᠤ ᠶᠢᠨ ᠴᠢᠮᠦᠭᠡᠨ ᠬᠥᠮᠥᠷᠭᠡ ᠳᠤ ᠨᠡᠷ᠎ᠡ ᠪᠠᠨ | ᠳᠠᠩᠰᠠᠯᠠᠭᠤᠯᠬᠤ ᠶᠢ ᠵᠣᠷᠢᠭᠵᠢᠭᠤᠯᠵᠤ᠂ ᠨᠡᠩ ᠤᠯᠠᠨ ᠴᠢᠰᠤᠨ ᠡᠪᠡᠳᠴᠢᠨ ᠲᠠᠢ ᠡᠪᠡᠳᠴᠢᠲᠡᠨ ᠢ ᠬᠠᠪᠰᠤᠷᠴᠤ᠂ | ᠲᠡᠳᠡᠨ ᠳᠤ ᠠᠮᠢᠳᠤᠷᠠᠬᠤ ᠡᠷᠡᠮᠡᠯᠵᠡᠯ ᠣᠯᠭᠤᠬᠤ ᠬᠡᠷᠡᠭᠲᠡᠢ ᠭᠡᠵᠦ ᠵᠠᠬᠢᠪᠠ᠃ |