ᠶᠡᠷᠦ ᠳᠤ ᠪᠠᠨ ᠨᠠᠢᠮᠠᠨ ᠨᠠᠰᠤᠨ ᠠᠴᠠ ᠳᠡᠭᠡᠭᠰᠢ ᠮᠣᠷᠢ ᠶᠢ ᠤᠷᠤᠯᠳᠤᠭᠠᠨ ᠳᠤ ᠣᠷᠤᠯᠴᠠᠭᠤᠯᠳᠠᠭ᠃ | ᠤᠴᠢᠷ ᠨᠢ ᠠᠭᠲᠠ ᠮᠣᠷᠢ ᠨᠠᠢᠮᠠ ᠠᠴᠠ ᠠᠷᠪᠠᠨ ᠵᠢᠷᠭᠤᠭ᠎ᠠ ᠨᠠᠰᠤᠯᠠᠲᠠᠯ᠎ᠠ ᠴᠢᠳᠠᠯ ᠲᠣᠷᠪᠢᠲᠠᠢ ᠪᠠᠶᠢᠳᠠᠭ ᠲᠤᠯᠠ | ᠬᠤᠯᠠ ᠶᠢᠨ ᠤᠷᠤᠯᠳᠤᠭᠠᠨ ᠳᠤ ᠵᠣᠬᠢᠴᠡᠳᠠᠭ᠃ ᠵᠢᠷᠭᠤᠭᠠᠨ ᠨᠠᠰᠤᠲᠠᠢ ᠬᠠᠪᠴᠢᠭ ᠰᠣᠶᠤᠭᠠᠯᠠᠩ ᠮᠣᠷᠢ ᠶᠢ | ᠤᠷᠤᠯᠳᠤᠭᠠᠨ ᠳᠤ ᠣᠷᠤᠯᠴᠠᠭᠤᠯᠳᠠᠭ ᠦᠭᠡᠢ᠃ ᠤᠴᠢᠷ ᠨᠢ ᠵᠢᠷᠭᠤᠭᠠᠨ ᠨᠠᠰᠤᠲᠠᠢ ᠬᠠᠪᠴᠢᠭ ᠰᠣᠶᠤᠭᠠᠯᠠᠩ | ᠰᠢᠳᠦ ᠨᠢ ᠤᠷᠭᠤᠵᠤ ᠭᠦᠢᠴᠡᠭᠡᠳᠦᠢ᠃ ᠰᠢᠷᠪᠤᠰᠤ ᠰᠢᠨᠳᠠᠰᠤ ᠨᠢ ᠴᠢᠩᠭᠠᠷᠠᠭᠠᠳᠤᠢ᠂ ᠬᠦᠴᠦ ᠴᠢᠳᠠᠯ ᠪᠦᠷᠢᠳᠦᠭᠡᠳᠦᠢ | ᠪᠠᠶᠢᠳᠠᠭ᠃ ᠬᠡᠷᠪᠡ ᠡᠨᠡ ᠦᠶ᠎ᠡ ᠳᠤ ᠬᠤᠯᠠ ᠶᠢᠨ ᠤᠷᠤᠯᠳᠤᠭᠠᠨ ᠳᠤ ᠣᠷᠤᠭᠤᠯᠪᠠᠯ ᠰᠢᠷᠪᠤᠰᠤᠨ ᠤ ᠤᠶᠠᠨ ᠬᠠᠳᠠᠨ | ᠴᠢᠨᠠᠷ ᠨᠢ ᠮᠠᠭᠤᠲᠠᠵᠤ ᠶᠠᠰᠤᠨ ᠤ ᠪᠤᠶᠢᠵᠢᠯᠲᠠ ᠨᠢ ᠨᠦᠯᠦᠭᠡᠯᠡᠭᠳᠡᠭᠡᠳ ᠨᠢᠭᠡ ᠯᠠ ᠵᠢᠯ ᠤᠨ ᠭᠦᠶᠦᠯᠲᠡ ᠲᠠᠢ ᠪᠣᠯᠳᠠᠭ᠃ | ᠶᠡᠷᠦ ᠠᠴᠠ ᠤᠷᠤᠯᠳᠤᠭᠠᠨ ᠳᠤ ᠣᠷᠣᠭᠰᠠᠨ ᠦᠭᠡᠢ ᠮᠣᠷᠢ ᠶᠢ ᠠᠷᠪᠠ ᠨᠠᠰᠤᠯᠠᠭᠰᠠᠨ ᠤ ᠳᠠᠷᠠᠭ᠎ᠠ ᠤᠷᠤᠯᠳᠤᠭᠠᠨ ᠳᠤ | ᠣᠷᠤᠭᠤᠯᠪᠠᠯ ᠬᠡᠳᠦᠢ ᠬᠤᠷᠳᠤᠨ ᠮᠣᠷᠢ ᠪᠠᠶᠢᠭᠰᠠᠨ ᠴᠦ ᠬᠤᠯᠠ ᠭᠦᠶᠦᠵᠦ ᠴᠢᠳᠠᠬᠤ ᠦᠭᠡᠢ ᠪᠣᠯᠴᠢᠬᠠᠳᠠᠭ᠃ | ᠡᠶᠢᠮᠦ ᠠᠴᠠ ᠮᠣᠩᠭᠤᠯᠴᠦᠳ ᠤᠨ ᠶᠠᠷᠢᠶᠠᠨ ᠳᠤ ᠤᠷᠤᠯᠳᠤᠭᠠᠨ ᠤ ᠮᠣᠷᠢ ᠶᠢ ︽ᠰᠣᠶᠤᠭᠠᠯᠠᠩ ᠳᠡᠭᠡᠷ᠎ᠡ ᠨᠢ ᠰᠦᠢᠵᠦ᠂ | ᠭᠦᠢᠴᠡᠬᠦ ᠪᠠᠷ ᠨᠢ ᠭᠦᠶᠦᠯᠭᠡᠨ᠎ᠡ︾ ᠭᠡᠰᠡᠨ ᠦᠭᠡ ᠪᠠᠶᠢᠳᠠᠭ᠃ ᠵᠠᠷᠢᠮ ᠭᠠᠵᠠᠷ ︽ᠳᠣᠯᠤᠭᠠᠲᠠᠢ ᠳᠡᠭᠡᠷ᠎ᠡ ᠨᠢ | ᠭᠦᠶᠦᠯᠭᠡᠪᠡᠯ ᠳᠣᠷᠦ᠋ᠢᠲᠠᠨᠠ︾ ᠭᠡᠵᠦ ᠬᠡᠯᠡᠳᠡᠭ᠃ | ᠮᠣᠩᠭᠤᠯ ᠣᠷᠤᠨ ᠳᠤ ᠮᠣᠷᠢᠨ ᠤ ᠤᠷᠤᠯᠳᠤᠭᠠᠨ ᠢ ᠣᠯᠠᠩᠬᠢ ᠳᠤ ᠪᠠᠨ ᠵᠣᠨ ᠤ ᠳᠡᠯᠭᠡᠷ ᠰᠠᠶᠢᠬᠠᠨ ᠴᠠᠭ ᠲᠤ | ᠬᠢᠳᠡᠭ ᠵᠠᠩᠰᠢᠯ ᠲᠠᠢ᠃ ᠲᠤᠬᠠᠶᠢᠯᠠᠪᠠᠯ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠳ ᠠᠴᠠ ᠡᠬᠢᠯᠡᠵᠦ | ᠳᠣᠯᠤᠭᠠᠨ ᠰᠠᠷ᠎ᠠ ᠬᠦᠷᠲᠡᠯᠡᠬᠢ ᠬᠤᠭᠤᠴᠠᠭᠠᠨ ᠳᠤ ᠨᠠᠶᠢᠷ ᠨᠠᠭᠠᠳᠤᠮ ᠳᠠᠬᠢᠯᠭ᠎ᠠ ᠮᠦᠷᠭᠦᠯ ᠬᠢᠵᠦ ᠮᠣᠷᠢ | ᠤᠷᠤᠯᠳᠤᠭᠤᠯᠳᠠᠭ᠃ ᠥᠭᠡᠷ᠎ᠡ ᠪᠠᠷ ᠬᠡᠯᠡᠪᠡᠯ ᠣᠯᠠᠨ ᠤᠳᠠᠭ᠎ᠠ ᠤᠷᠤᠯᠳᠤᠭᠠᠨ ᠳᠤ ᠣᠷᠤᠯᠴᠠᠵᠤ ᠥᠩᠭᠡᠷᠡᠭᠰᠡᠨ | ᠰᠤᠷᠮᠠᠭᠠᠢ ᠮᠣᠷᠢᠳ ᠪᠣᠶᠤ ᠠᠷᠠᠰᠤ ᠨᠢᠮᠭᠡᠨ᠂ ᠶᠠᠰᠤ ᠨᠠᠷᠢᠨ᠂ ᠪᠡᠶ᠎ᠡ ᠬᠦᠩᠭᠡᠨ ᠮᠣᠷᠢᠳ ᠢ ᠤᠷᠤᠯᠳᠤᠭᠠᠨ ᠳᠤ | ᠣᠷᠤᠯᠴᠠᠭᠤᠯᠬᠤ ᠠᠴᠠ ᠡᠮᠦᠨ᠎ᠡ ᠠᠷᠪᠠᠨ ᠲᠠᠪᠤ ᠠᠴᠠ ᠬᠤᠷᠢᠨ ᠨᠢᠭᠡᠨ ᠡᠳᠥᠷ ᠬᠠᠭᠰᠠᠭᠠᠵᠤ᠂ ᠮᠢᠬ᠎ᠠ ᠶᠡᠬᠡᠲᠡᠢ ᠠᠷᠠᠰᠤ | ᠵᠤᠵᠠᠭᠠᠨ᠂ ᠬᠤᠷ ᠲᠠᠷᠭᠤ ᠲᠠᠢ᠂ ᠬᠥᠬᠡ ᠮᠢᠬ᠎ᠠ ᠲᠠᠢ ᠰᠢᠨ᠎ᠡ ᠪᠠᠷ ᠰᠣᠷᠢᠬᠤ ᠮᠣᠷᠢᠳ ᠢ ᠤᠷᠤᠯᠳᠤᠭᠠᠨ ᠳᠤ | ᠣᠷᠤᠯᠴᠠᠬᠤ ᠠᠴᠠ ᠡᠮᠦᠨ᠎ᠡ 20 — 25 ᠡᠳᠥᠷ ᠤᠶᠠᠵᠤ ᠰᠦᠢᠯᠭ᠎ᠠ ᠣᠷᠤᠭᠤᠯᠳᠠᠭ᠂ 25 ᠬᠤᠨᠤᠭ ᠬᠡᠲᠦᠷᠡᠪᠡᠯ | ᠤᠶᠠᠭ᠎ᠠ ᠬᠡᠲᠦᠷᠡᠨ᠎ᠡ ᠭᠡᠵᠦ ᠬᠡᠯᠡᠳᠡᠭ᠃ ᠭᠡᠪᠡᠴᠦ ᠲᠠᠷᠭᠤᠨ ᠴᠠᠭ ᠤᠨ ᠮᠣᠷᠢ ᠶᠢ ᠰᠦᠢᠬᠤ ᠴᠠᠭ ᠢ ᠬᠡᠲᠦᠷᠬᠡᠢ ᠣᠬᠤᠷ | ᠪᠠᠶᠢᠯᠭᠠᠵᠤ ᠪᠣᠯᠬᠤ ᠦᠭᠡᠢ᠂ ᠰᠦᠢᠬᠤ ᠴᠠᠭ ᠨᠢ ᠳᠡᠩᠳᠡᠭᠦᠦ ᠣᠬᠤᠷ ᠪᠣᠯ ᠵᠥᠪᠬᠡᠨ ᠮᠣᠷᠢ ᠶᠢ ᠦᠯᠦᠰᠭᠡᠵᠦ | ᠭᠡᠳᠡᠰᠦ ᠶᠢ ᠨᠢ ᠬᠤᠭᠤᠰᠤᠯᠠᠬᠤ ᠠᠴᠠ ᠪᠢᠰᠢ ᠣᠯᠢᠭᠲᠠᠢ ᠰᠠᠶᠢᠨ ᠰᠦᠢᠯᠭ᠎ᠠ ᠣᠷᠤᠭᠤᠯᠵᠤ ᠴᠢᠳᠠᠳᠠᠭ ᠦᠭᠡᠢ᠃ | ᠪᠠᠭᠴᠠᠯᠠᠭᠠᠳ ᠬᠡᠯᠡᠪᠡᠯ ᠬᠦᠴᠦ ᠲᠠᠷᠭᠤ ᠰᠠᠶᠢᠲᠠᠢ ᠮᠣᠷᠢ ᠶᠢ 20 ᠬᠤᠨᠤᠭ ᠠᠴᠠ ᠳᠡᠭᠡᠭᠰᠢ᠂ ᠡᠴᠡᠩᠬᠡᠢ ᠮᠣᠷᠢ ᠶᠢ | ᠠᠷᠪᠠ ᠶᠢᠰᠦᠨ ᠬᠤᠨᠤᠭ ᠠᠴᠠ ᠬᠡᠲᠦᠷᠡᠭᠦᠯᠬᠦ ᠦᠭᠡᠢ ᠤᠶᠠᠵᠤ ᠤᠶᠠᠭ᠎ᠠ ᠰᠦᠢᠯᠭ᠎ᠠ ᠣᠷᠤᠭᠤᠯᠳᠠᠭ ᠶᠤᠮ᠃ |