ᠨᠠᠵᠠᠭᠠᠢ ᠳᠠᠳᠬᠠᠯ
ᠨᠡᠶᠢᠲᠡᠯᠡᠭᠰᠡᠨ ᠴᠠᠭ᠄
2023/9/11
      ⒈ ᠶᠠᠭᠤᠮ᠎ᠠ ᠪᠦᠬᠦᠨ ᠪᠡᠯᠡᠨ ᠪᠤᠯᠤᠬᠰᠠᠨ ᠤ ᠬᠤᠶᠢᠨ᠎ᠠ ᠡᠬᠢᠯᠡᠬᠦᠯᠳᠡᠭ ᠢᠶᠠᠨ ᠪᠤᠯᠢ᠃ ᠠᠵᠠ ᠳᠣᠬᠢᠶᠠᠯ ᠵᠦᠪ ᠵᠦᠭᠡᠷ ᠡᠮᠦᠨ᠎ᠡ ᠴᠢᠨᠢ ᠢᠷᠡᠴᠢᠬᠡᠳᠡᠭ ᠪᠢᠰᠢ᠂ ᠬᠠᠷᠢᠨ ᠬᠦᠳᠡᠯᠮᠦᠷᠢᠯᠡᠵᠦ ᠪᠠᠶᠢᠵᠦ ᠠᠪᠴᠢᠷᠠᠳᠠᠭ ᠶᠤᠮ᠃ ᠡᠶᠢᠮᠦ ᠪᠤᠯᠬᠤᠷ ᠬᠦᠯᠢᠶᠡᠬᠡᠳ ᠰᠠᠭᠤᠬᠤ ᠶᠢᠨ ᠤᠷᠤᠨ ᠳᠤ ᠬᠦᠳᠡᠯᠵᠦ ᠪᠠᠢ᠃      ⒉ ᠰᠣᠷᠣᠯᠴᠠᠬᠤ ᠪᠠᠨ ᠪᠢᠳᠡᠬᠡᠢ ᠵᠤᠬᠰᠦ᠃ ᠰᠢᠨ᠎ᠡ ᠶᠢ ᠰᠣᠷᠬᠤ ᠦᠬᠡᠢ ᠪᠠᠶᠢᠬᠤ ᠴᠢᠨᠢ ᠶᠠᠭᠤᠮᠠᠨ ᠠᠴᠠ ᠬᠤᠴᠤᠷᠴᠦ ᠪᠠᠶᠢᠨ᠎ᠠ ᠯᠡ ᠬᠡᠰᠡᠨ ᠦᠬᠡ᠃ ᠮᠡᠳᠡᠯᠬᠡ ᠳᠤ ᠬᠢᠵᠠᠭᠠᠷ ᠪᠠᠶᠢᠳᠠᠭ ᠦᠬᠡᠢ ᠶᠢᠨ ᠤᠴᠢᠷ ᠴᠠᠭ ᠢᠮᠠᠬᠳᠠ ᠰᠣᠷᠴᠦ ᠰᠣᠳᠣᠯᠵᠦ ᠪᠠᠶᠢᠪᠠᠯ ᠦᠪᠡᠷ ᠢ ᠪᠠᠨ ᠵᠢᠩᠬᠢᠨᠢ ᠬᠦᠭᠵᠢᠬᠦᠯᠵᠦ ᠴᠢᠳᠠᠨ᠎ᠠ᠃      ⒊ ᠪᠤᠰᠤᠳ ᠢ ᠪᠢᠳᠡᠬᠡᠢ ᠰᠣᠬᠤᠷ ᠢᠶᠠᠷ ᠳᠠᠭᠤᠷᠢᠶᠠ᠃ ᠬᠦᠮᠦᠨ ᠪᠤᠯᠭᠠᠨ ᠳᠤ ᠦᠪᠡᠷ ᠦᠪᠡᠷ ᠤᠨ ᠬᠢᠨᠢ ᠠᠪᠢᠶᠠᠰ ᠪᠤᠶᠤ ᠴᠢᠳᠠᠬᠤ ᠴᠢᠳᠠᠬᠤ ᠦᠬᠡᠢ ᠵᠦᠢᠯ ᠬᠡᠵᠦ ᠪᠠᠶᠢᠳᠠᠭ᠃ ᠡᠨᠡ ᠶᠢ ᠪᠠᠨ ᠯᠠ ᠪᠠᠳᠠᠷᠠᠭᠤᠯ᠂ ᠬᠠᠷᠢᠨ ᠰᠣᠬᠤᠷ ᠢᠶᠠᠷ ᠪᠤᠰᠤᠳ ᠢ ᠳᠠᠭᠤᠷᠢᠶᠠᠭᠠᠳ᠂ ᠴᠠᠭ ᠢᠶᠠᠨ ᠦᠷᠡᠵᠦ ᠪᠡᠶ᠎ᠡ ᠪᠠᠨ ᠪᠠᠷᠠᠬᠤ ᠬᠡᠷᠡᠭ ᠠᠯᠠᠭ᠎ᠠ᠃      ⒋ ᠵᠠᠯᠠᠭᠤ ᠶᠢᠨ ᠨᠠᠮᠪᠠ ᠪᠠᠨ ᠪᠢᠳᠡᠬᠡᠢ ᠤᠷᠬᠢ᠃ ᠬᠦᠭᠰᠢᠨ ᠵᠠᠯᠠᠭᠤ ᠬᠡᠳᠡᠭ ᠵᠠᠷᠢᠮ ᠳᠠᠭᠠᠨ ᠨᠠᠰᠦ ᠵᠢᠯ ᠲᠠᠢ ᠬᠠᠮᠢᠶ᠎ᠠ ᠦᠬᠡᠢ ᠪᠠᠶᠢᠳᠠᠭ᠃ ᠬᠡᠵᠢᠶᠡᠳᠡ ᠵᠠᠯᠠᠭᠤ ᠬᠦᠮᠦᠨ ᠰᠢᠭ ᠴᠤᠭᠯᠢᠭ᠂ ᠶᠠᠭᠤᠨ ᠳᠤ ᠴᠦ ᠪᠠᠭᠤᠵᠦ ᠥᠭᠳᠡᠭ ᠦᠬᠡᠢ᠂ ᠵᠤᠷᠢᠭᠳᠠᠢ ᠳᠠᠶᠢᠴᠢᠨ ᠬᠡᠪ ᠢᠶᠠᠷ ᠢᠶᠠᠨ ᠪᠠᠶᠢᠬᠤ ᠶᠢ ᠬᠢᠴᠢᠶᠡ᠃      ⒌ ᠳᠡᠮᠡᠢ ᠪᠠᠯᠠᠢ ᠴᠠᠭ ᠦᠷᠡᠬᠦ ᠪᠠᠨ ᠪᠤᠯᠢ᠃ ᠵᠣᠷᠢᠬᠰᠠᠨ ᠠᠵᠢᠯ ᠢᠶᠠᠨ ᠬᠦᠷᠡᠶᠢᠵᠦ ᠪᠠᠶᠢᠭᠠᠳ ᠵᠣᠷᠢᠬᠳᠠᠢ ᠬᠢ ᠂ ᠠᠯᠵᠢᠶᠠᠯ ᠴᠢᠯᠡᠭᠡ ᠴᠢᠨᠢ ᠠᠶᠠᠨᠳᠠᠭᠠᠨ ᠮᠠᠷᠳᠠᠬᠳᠠᠵᠦ᠂ ᠠᠮᠵᠢᠯᠳᠠ ᠶᠢᠨ ᠰᠠᠶᠢᠬᠠᠨ ᠮᠡᠳᠡᠷᠡᠮᠵᠢ ᠦᠪᠡᠷ ᠲᠤ ᠴᠢᠨᠢ ᠠᠮᠳᠠᠬᠳᠠᠬᠤ ᠴᠠᠭ ᠪᠤᠢ᠃ ᠡᠨᠡ ᠪᠣᠯ ᠰᠠᠶ᠋ᠢ ᠠᠮᠢᠳᠦ ᠶᠠᠪᠤᠬᠤ ᠶᠢᠨ ᠵᠢᠩᠬᠢᠨᠢ ᠤᠳᠬ᠎ᠠ ᠤᠴᠢᠷ ᠶᠤᠮ᠃      ⒍ ᠬᠡᠵᠢᠶᠡᠳᠡ ᠭᠤᠮᠣᠳᠠᠳᠠᠭ ᠢᠶᠠᠨ ᠪᠤᠯᠢ᠃ ᠪᠤᠰᠤᠳ ᠲᠤ ᠭᠤᠮᠣᠳᠠᠵᠦ ᠪᠤᠬᠢᠨᠢᠳᠣᠬᠤ ᠬᠡᠳᠡᠭ ᠶᠠᠭᠤ ᠶᠢ ᠴᠦ ᠰᠢᠢᠳᠪᠦᠷᠢᠯᠡᠵᠦ ᠦᠯᠦ ᠴᠢᠳᠠᠬᠤ ᠬᠠᠮᠤᠭ ᠤᠨ ᠬᠡᠷᠡᠭ ᠦᠬᠡᠢ ᠵᠦᠢᠯ᠂ ᠬᠠᠷᠢᠨ ᠠᠰᠠᠭᠤᠳᠠᠯ ᠢ ᠣᠯᠠᠮ ᠬᠦᠨᠳᠦᠷᠡᠬᠦᠯᠵᠦ ᠮᠡᠳᠡᠨ᠎ᠡ᠃ ᠢᠩᠬᠢᠵᠦ ᠪᠠᠶᠢᠬᠤ ᠶᠢᠨ ᠤᠷᠤᠨ ᠳᠤ ᠶᠠᠭᠤᠮ᠎ᠠ ᠶᠢ ᠦᠭᠡᠳᠡᠷᠬᠡᠭ ᠳᠠᠯ᠎ᠠ ᠠᠴᠠ ᠨᠢ ᠢᠯᠡᠬᠦᠦ ᠬᠠᠷᠠᠵᠦ᠂ ᠵᠦᠪ ᠡᠨᠧᠷᠬᠢ ᠪᠤᠯᠭᠠᠨ ᠠᠰᠢᠬᠯᠠᠵᠦ ᠰᠣᠷ᠃      ⒎ ᠴᠢᠳᠠᠬᠤ ᠦᠬᠡᠢ ᠶᠠᠭᠤᠮ᠎ᠠ ᠠᠴᠠ ᠪᠢᠳᠡᠬᠡᠢ ᠬᠠᠯᠠᠰᠢᠷᠠ᠃ ᠰᠠᠨᠠᠬᠰᠠᠨ ᠰᠠᠨᠠᠭ᠎ᠠ ᠴᠢᠳᠠᠯ ᠠᠴᠠ ᠴᠢᠨᠢ ᠬᠡᠳᠦᠷᠡᠬᠦ ᠦᠶ᠎ᠡ ᠳᠤ ᠬᠦᠮᠦᠨ ᠬᠢᠮᠣᠷᠠᠵᠦ ᠡᠬᠢᠯᠡᠳᠡᠭ᠃ ᠪᠡᠯᠡᠨ ᠢ ᠢᠳᠡᠬᠡᠳ ᠰᠣᠷᠴᠢᠬᠠᠬᠰᠠᠨ ᠬᠦᠮᠦᠨ ᠠᠮᠵᠢᠯᠳᠠ ᠶᠢᠨ ᠠᠷᠦ ᠳᠠᠬᠢ ᠵᠢᠷᠭᠠᠯ ᠤᠨ ᠠᠮᠳᠠ ᠶᠢ ᠮᠡᠳᠡᠳᠡᠭ ᠦᠬᠡᠢ᠃ ᠬᠠᠷᠢᠨ ᠴᠢᠳᠠᠬᠤ ᠦᠬᠡᠢ ᠶᠠᠭᠤᠮ᠎ᠠ ᠪᠠᠨ ᠵᠣᠷᠢᠬᠳᠠᠢ ᠣᠷᠣᠯᠳᠣᠵᠦ᠂ ᠨᠡᠩ ᠶᠡᠭᠡ ᠳᠤ ᠰᠠᠨᠠᠭ᠎ᠠ ᠳᠠᠯᠪᠢᠵᠦ ᠪᠠᠶᠢᠪᠠᠯ ᠵᠦᠭᠡᠷ᠃      ⒏ ᠪᠤᠷᠤᠭᠤᠳᠠᠬᠤ ᠠᠴᠠ ᠪᠢᠳᠡᠬᠡᠢ ᠠᠶᠤ᠃ ᠪᠤᠷᠤᠭᠤᠳᠠᠬᠤ ᠵᠦᠭᠡᠷ ᠡ᠂ ᠬᠠᠷᠢᠨ ᠶᠠᠭᠠᠬᠢᠵᠦ ᠪᠤᠷᠤᠭᠤᠳᠠᠬᠰᠠᠨ ᠢᠶᠠᠨ ᠮᠡᠳᠡᠬᠦ ᠦᠬᠡᠢ ᠪᠠᠶᠢᠬᠤ ᠯᠠ ᠠᠰᠠᠭᠤᠳᠠᠯ ᠶᠤᠮ᠃ ᠬᠠᠷᠢᠨ ᠡᠨᠡ ᠨᠢ ᠠᠮᠢᠳᠣᠷᠠᠯ ᠳᠤ ᠴᠢᠨᠢ ᠳᠣᠷᠰᠢᠯᠭ᠎ᠠ ᠪᠤᠯᠵᠦ᠂ ᠳᠠᠷᠠᠭ᠎ᠠ ᠤᠳᠠᠭ᠎ᠠ ᠵᠦᠪ ᠬᠢᠬᠦ ᠳᠤ ᠴᠢᠨᠢ ᠳᠣᠰᠠᠯᠠᠳᠠᠭ᠃      ⒐ ᠪᠡᠶ᠎ᠡ ᠪᠠᠨ ᠬᠠᠭᠤᠷᠬᠤ ᠬᠡᠷᠡᠭ ᠦᠬᠡᠢ᠃ ᠪᠡᠶ᠎ᠡ ᠪᠠᠨ ᠬᠠᠭᠤᠷᠬᠤ ᠨᠢ ᠪᠤᠰᠤᠤᠨ ᠢ ᠬᠠᠭᠤᠷᠬᠤ ᠠᠴᠠ ᠠᠮᠠᠷᠬᠠᠨ᠂ ᠬᠠᠷᠢᠨ ᠵᠠᠩᠰᠢᠴᠢᠬᠠᠪᠠᠯ ᠵᠠᠰᠠᠬᠤ ᠳᠤ ᠪᠡᠷᠬᠡ᠃ ᠦᠪᠡᠷ ᠢ ᠪᠠᠨ ᠵᠦᠪ ᠢᠶᠠᠷ ᠳᠠᠨᠢᠨ᠂ ᠡᠬᠦᠨ ᠢ ᠪᠠᠨ ᠮᠡᠳᠡᠷᠡᠵᠦ᠂ ᠪᠡᠶ᠎ᠡ ᠪᠠᠨ ᠵᠠᠰᠠᠵᠦ ᠴᠢᠳᠠᠪᠠᠯ᠂ ᠠᠯᠤᠰ ᠤᠨ ᠬᠠᠷᠠᠭ᠎ᠠ ᠲᠠᠢ ᠵᠦᠪ ᠬᠦᠮᠦᠨ ᠪᠤᠯᠵᠦ ᠬᠦᠮᠦᠵᠢᠭᠳᠡᠨ᠎ᠡ᠃      ⒑ ᠦᠩᠭᠡᠷᠡᠭᠰᠡᠨ ᠢᠶᠠᠨ ᠮᠠᠷᠳᠠᠵᠦ ᠰᠣᠷ᠃ ᠪᠤᠯᠵᠦ ᠦᠩᠭᠡᠷᠡᠭᠰᠡᠨ ᠶᠠᠪᠤᠳᠠᠯ ᠢ ᠤᠷᠬᠢ᠃ ᠬᠠᠷᠢᠨ ᠢᠷᠡᠬᠡᠳᠦᠢ ᠣᠷᠣᠭᠤ ᠪᠠᠨ ᠢᠯᠡᠬᠦᠦ ᠬᠠᠷᠠᠵᠦ ᠪᠠᠶᠢᠭᠠᠷᠠᠢ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号