ᠠᠮᠢ ᠠᠬᠤᠢ ᠪᠣᠯᠣᠨ ᠠᠵᠤ ᠠᠬᠤᠢ ᠶᠢᠨ ᠬᠤᠣᠰ ᠦᠷ᠎ᠡ ᠠᠰᠢᠭ ᠬᠦᠷᠲᠡᠵᠦ ᠶᠠᠪᠤᠭ᠎ᠠ ᠮᠠᠯᠴᠢᠨ ᠤᠷᠲᠤᠨᠠᠰᠤᠲᠦ ᠭᠤᠸᠠᠢ
ᠨᠡᠶᠢᠲᠡᠯᠡᠭᠰᠡᠨ ᠴᠠᠭ᠄
2023/9/1
      ᠮᠠᠯᠴᠢᠨ ᠠᠯᠳᠠᠷ ᠢᠶᠠᠨ ᠡᠷᠭᠦᠵᠦ᠂ ᠪᠣᠯᠪᠠᠰᠤᠨ ᠴᠢᠨᠡᠭᠡᠯᠢᠭ ᠠᠮᠢᠳᠤᠷᠠᠯ ᠢᠶᠠᠨ ᠴᠣᠭᠴᠠᠯᠠᠵᠤ ᠶᠠᠪᠤᠭ᠎ᠠ ᠤᠷᠲᠤᠨᠠᠰᠤᠲᠤ ᠪᠣᠯ ᠵᠡᠭᠦᠨ ᠦᠵᠦᠮᠦᠴᠢᠨ ᠬᠤᠰᠢᠭᠤᠨ ᠤ ᠰᠠᠮᠠᠢ ᠰᠤᠮᠤᠨ ᠤ ᠬᠥᠭᠡᠷᠴᠡᠭ ᠭᠠᠴᠠᠭᠠᠨ ᠤ ᠮᠠᠯᠴᠢᠨ ᠪᠣᠯᠣᠨ᠎ᠠ᠃ ᠲᠡᠷᠡᠪᠡᠷ ᠮᠠᠯᠵᠢᠬᠤ ᠤᠬᠠᠭᠠᠨ᠂ ᠠᠷᠪᠢᠴᠢ ᠰᠤᠷᠲᠠᠯ ᠢ ᠡᠪᠦᠭᠡᠳ ᠠᠴᠠ ᠪᠠᠨ ᠥᠪᠯᠡᠨ ᠰᠤᠷᠴᠤ᠂ 1990 ᠣᠨ ᠳᠤ ᠭᠡᠷᠭᠡᠢ ᠲᠠᠢ ᠪᠠᠨ ᠬᠠᠨᠢ ᠶᠢᠨ ᠵᠠᠶᠠᠭ᠎ᠠ ᠬᠤᠯᠪᠣᠨ ᠠᠶᠢᠯ ᠭᠡᠷ ᠪᠣᠯᠤᠭᠰᠠᠨ ᠠᠴᠠ ᠠᠪᠤᠭᠠᠳ ᠳᠥᠷᠪᠡᠨ ᠤᠯᠠᠷᠢᠯ ᠤᠨ ᠮᠠᠯ ᠮᠠᠯᠵᠢᠯ ᠤᠨ ᠠᠷᠭ᠎ᠠ ᠤᠬᠠᠭᠠᠨ ᠢᠶᠠᠨ ᠤᠯᠠᠷᠢᠭᠤᠯᠤᠨ ᠬᠡᠷᠡᠭᠯᠡᠵᠦ ᠠᠵᠤ ᠠᠮᠢᠳᠤᠷᠠᠯ ᠢᠶᠠᠨ ᠥᠭᠡᠳᠡ ᠨᠢ ᠲᠠᠲᠠᠵᠤ ᠢᠷᠡᠵᠡᠢ᠃      ᠬᠠᠷᠠᠬᠠᠨ ᠪᠠᠭ᠎ᠠ ᠠᠴᠠ ᠪᠠᠨ ᠪᠥᠬᠡ ᠳᠤ ᠪᠠᠭ᠋ᠠᠲᠠᠢ ᠤᠷᠲᠤᠨᠠᠰᠤᠲᠦ ᠭᠤᠸᠠᠢ ᠵᠠᠯᠠᠭᠤ ᠽᠠᠨᠳᠠᠨ ᠨᠠᠰᠤᠨ ᠳᠤ ᠪᠠᠨ ᠶᠡᠭᠡ ᠪᠠᠭ᠎ᠠ ᠨᠠᠶᠢᠷ ᠲᠤ ᠭᠤᠴᠢ ᠭᠠᠷᠤᠢ ᠤᠳᠠᠭ᠎ᠠ ᠲᠡᠷᠢᠭᠦᠯᠡᠵᠦ ᠤᠯᠠᠨ ᠢᠶᠠᠨ ᠪᠠᠶᠠᠰᠬᠠᠨ᠂ ᠥᠪᠡᠷ ᠢ ᠪᠠᠨ ᠰᠣᠷᠢᠵᠤ ᠶᠠᠪᠤᠭᠰᠠᠨ ᠤᠳᠠᠭ᠎ᠠ ᠲᠠᠢ᠃ 1988 ᠣᠨ ᠳᠤ ᠰᠠᠮᠠᠢ ᠰᠤᠮᠤᠨ ᠤ ᠠᠷᠠᠳ ᠤᠨ ᠶᠡᠭᠡ ᠨᠠᠶᠢᠷ ᠳᠡᠭᠡᠷ᠎ᠡ ᠬᠤᠰᠢᠭᠤ ᠪᠡᠶ᠎ᠡ ᠲᠠᠮᠢᠷ ᠤᠨ ᠲᠣᠪᠴᠢᠶ᠎ᠠ ᠠᠴᠠ  ᠲᠡᠭᠦᠨ ᠳᠤ ᠵᠠᠩᠭᠢᠶ᠎ᠠ ᠣᠯᠭᠤᠵᠤ᠂ 2018 ᠣᠨ ᠤ ᠰᠠᠮᠠᠢ ᠰᠤᠮᠤᠨ ᠤ ᠠᠷᠠᠳ  ᠤᠨ ᠶᠡᠭᠡ ᠨᠠᠶᠢᠷ ᠲᠤ ᠪᠠᠨ ᠲᠠᠷᠬᠠᠯᠠᠭᠳᠠᠵᠤ ᠲᠠᠷᠬᠠᠨ ᠪᠥᠬᠡ ᠶᠢᠨ ᠢᠷᠠᠭᠤ ᠠᠯᠳᠠᠷ ᠬᠦᠷᠲᠡᠵᠡᠢ᠃      ᠤᠶᠠᠭᠠᠴᠢ ᠤᠳᠤᠮ ᠲᠠᠢ ᠪᠠᠶᠢᠭᠰᠠᠨ‌‍ᠢᠶ᠋ᠡᠷ ᠤᠷᠲᠤᠨᠠᠰᠤᠲᠤ ᠭᠤᠸᠠᠢ ᠡᠪᠦᠭᠡᠳ ᠤᠨ ᠢᠶᠠᠨ ᠤᠬᠠᠭᠠᠨ ᠢ ᠥᠪᠯᠡᠵᠦ᠂ ᠭᠠᠯ ᠵᠠᠯᠠᠭᠤ ᠨᠠᠰᠤᠨ ᠳᠤ ᠪᠠᠨ ᠬᠤᠷᠳᠤᠨ ᠤ ᠮᠣᠷᠢ ᠤᠶᠠᠵᠤ ᠬᠤᠷᠳᠤᠯᠠᠭᠤᠯᠳᠠᠭ ᠪᠠᠶᠢᠵᠠᠢ᠃ ᠲᠡᠭᠦᠨ ᠤ ᠤᠶᠠᠭᠰᠠᠨ ᠴᠠᠭᠠᠨ ᠮᠣᠷᠢ ᠨᠢ ᠨᠤᠲᠤᠭ ᠨᠤᠲᠤᠭ ᠤᠨ ᠬᠤᠷᠳᠤᠨ ᠤ ᠪᠤᠶᠠᠨ ᠲᠠᠢ ᠰᠢᠨᠳᠠᠰᠤ ᠰᠣᠷᠢᠵᠤ᠂ ᠪᠠᠷᠢᠶᠠᠨ ᠤ ᠭᠠᠵᠠᠷ ᠬᠠᠷᠠᠭᠰᠠᠨ ᠪᠥᠭᠦᠳᠡ ᠶᠢ ᠱᠠᠭᠰᠢᠭᠤᠯᠤᠨ ᠶᠡᠭᠡ ᠪᠠᠭ᠎ᠠ ᠨᠠᠶᠢᠷ ᠲᠤ ᠣᠯᠠᠨᠲᠠ ᠠᠶᠢᠷᠠᠭᠳᠠᠵᠤ ᠥᠩᠭᠡᠷᠡᠵᠡᠢ᠃ ᠮᠥᠨ ᠴᠦ 1887 ᠣᠨ ᠤ ᠰᠠᠮᠠᠢ ᠰᠤᠮᠤᠨ ᠤ ᠡᠮᠨᠡᠯᠭᠡ ᠶᠢᠨ ᠬᠤᠷᠢᠶᠠᠨ ᠤ ᠶᠡᠭᠡ ᠨᠠᠶᠢᠷ ᠲᠤ ᠲᠡᠷᠢᠭᠦᠯᠡᠵᠦ᠂ ᠶᠢᠰᠦᠨ ᠯᠠᠩ ᠤᠨ ᠮᠥᠩᠭᠦᠨ ᠯᠢᠩᠪᠤ ᠪᠠᠷ ᠱᠠᠩᠨᠠᠭᠳᠠᠵᠤ ᠶᠠᠪᠤᠭᠰᠠᠨ ᠤᠳᠠᠭ᠎ᠠ ᠲᠠᠢ᠃      ︽ᠴᠥᠭᠡᠨ ᠮᠠᠯᠵᠢᠵᠤ᠂ ᠥᠨᠳᠥᠷ ᠦᠷ᠎ᠡ ᠠᠰᠢᠭ ᠣᠯᠣᠨ᠂ ᠠᠮᠢ ᠠᠬᠤᠢ ᠪᠠᠨ ᠬᠠᠮᠠᠭᠠᠯᠠᠬᠤ︾ ᠲᠥᠷᠦ ᠶᠢᠨ ᠪᠣᠳᠣᠯᠭ᠎ᠠ ᠶᠢᠨ ᠤᠷᠢᠶᠠᠯᠠᠭ᠎ᠠ ᠪᠠᠷ᠂ 2005 ᠣᠨ‌‍ᠳᠦ ᠤᠷᠲᠤᠨᠠᠰᠤᠲᠦ ᠭᠤᠸᠠᠢ ᠮᠠᠯ ᠰᠦᠷᠦᠭ ᠤᠨ ᠪᠦᠲᠦᠴᠡ  ᠳᠤ ᠪᠠᠨ ᠳᠣᠬᠢᠷᠠᠭᠤᠯᠤᠯᠲᠠ ᠬᠢᠨ᠂ ᠠᠮᠢ‌ᠠᠬᠤᠢ ᠪᠣᠯᠣᠨ ᠠᠵᠤ ᠠᠬᠤᠢ ᠶᠢᠨ ᠬᠤᠣᠰ ᠦᠷ᠎ᠡ ᠠᠰᠢᠭ ᠬᠦᠷᠲᠡᠬᠦ ᠶᠢ ᠵᠣᠷᠢᠵᠤ᠂ ᠰᠢᠮᠧᠨ᠋ᠲ᠋ᠠᠷ ᠦᠬᠡᠷ ᠮᠠᠯᠵᠢᠵᠤ ᠡᠬᠢᠯᠡᠵᠡᠢ᠃ 2014 ᠣᠨ ᠳᠤ ᠭᠡᠷ ᠪᠦᠯᠢ ᠶᠢᠨ ᠮᠠᠯᠵᠢᠯ ᠤᠨ ᠲᠠᠯᠠᠪᠠᠢ ᠪᠠᠨ ᠡᠷᠬᠢᠯᠡᠵᠦ᠂ ᠮᠥᠨ ᠴᠦ ᠥᠪᠡᠷ ᠢᠶᠠᠨ ᠵᠣᠬᠢᠶᠠᠮᠠᠯ ᠬᠡᠭᠡᠯᠲᠦᠭᠦᠯᠭᠡ ᠬᠢᠵᠦ ᠡᠬᠢᠯᠡᠵᠡᠢ᠃ ᠤᠳᠤ ᠪᠤᠯᠬᠤ ᠳᠤ ᠲᠡᠲᠡᠨ ᠤ ᠬᠢᠨ ᠵᠠᠭᠤ ᠳᠥᠴᠢᠭᠡᠳ ᠲᠣᠯᠣᠭᠠᠢ ᠰᠢᠮᠧᠨ᠋ᠲ᠋ᠠᠷ ᠦᠬᠡᠷ ᠮᠠᠯᠵᠢᠵᠤ᠂ ᠵᠢᠯ ᠳᠤ ᠪᠠᠨ ᠵᠢᠷᠠᠭᠠᠳ ᠡᠬᠡ ᠮᠠᠯ ᠤᠨᠳᠤᠷᠠᠭᠤᠯᠳᠠᠭ ᠪᠠᠶᠢᠨ᠎ᠠ᠃      ᠤᠷᠲᠤᠨᠠᠰᠤᠲᠤ ᠶᠢᠨ ᠬᠢᠨ ᠮᠠᠯᠵᠢᠬᠤ ᠦᠢᠯᠡᠳᠪᠦᠷᠢᠯᠡᠯ ᠤᠨ ᠵᠠᠪ ᠴᠢᠯᠦᠭᠡ ᠪᠠᠨ ᠵᠠᠶᠢᠴᠢᠯᠠᠨ ᠪᠠᠶᠢᠵᠤ᠂ ᠮᠠᠯ ᠤᠨ ᠠᠰᠢᠭ ᠰᠢᠮ᠎ᠡ ᠶᠢᠨ ᠡᠬᠢ ᠪᠠᠶᠠᠯᠢᠭ ᠢᠶᠠᠨ ᠭᠦᠢᠴᠡᠳ ᠠᠰᠢᠭᠯᠠᠨ ᠤᠷᠤᠯᠭ᠎ᠠ ᠪᠠᠨ ᠨᠡᠮᠡᠭᠳᠡᠭᠦᠯᠬᠦ ᠶᠢᠨ ᠲᠥᠯᠥᠭᠡ᠂ ᠲᠣᠰ ᠵᠢᠯ ᠤᠨ7 ᠰᠠᠷ᠎ᠠ ᠳᠤ ᠬᠤᠰᠢᠭᠤᠨ ᠲᠥᠪ ᠲᠤ ︽ᠬᠥᠭᠡᠷᠴᠡᠭ ᠴᠠᠭᠠᠨ ᠢᠳᠡᠭᠡᠨ ᠤᠯᠠᠭᠠᠨ ᠢᠳᠡᠭᠡᠨ ᠤ ᠳᠡᠯᠭᠡᠭᠦᠷ︾ ᠢᠶᠠᠨ ᠡᠷᠬᠢᠯᠡᠵᠠᠢ᠃        ᠮᠠᠯᠴᠢᠨ ᠵᠠᠶᠠᠭ᠎ᠠ ᠭᠡᠳᠡᠭ ᠪᠡᠯᠴᠢᠭᠡᠷ ᠤᠰᠤ ᠪᠠᠨ ᠲᠦᠰᠢᠵᠦ ᠮᠠᠯ ᠰᠦᠷᠦᠭ ᠢᠶᠠᠨ ᠥᠨᠢᠷ ᠥᠰᠭᠡᠳᠡᠭ ᠪᠣᠯᠬᠤᠷ ᠤᠷᠲᠤᠨᠠᠰᠤᠲᠤ ᠭᠤᠸᠠᠢ ᠨᠤᠲᠤᠭ ᠤᠰᠤ᠂ ᠪᠠᠶᠢᠭᠠᠯᠢ ᠠᠬᠤᠢ ᠶᠢᠨ ᠬᠠᠮᠠᠭᠠᠯᠠᠯᠲᠠ ᠶᠢ ᠶᠠᠭᠤᠨ ᠠᠴᠠ ᠢᠯᠡᠭᠦᠦ ᠴᠢᠬᠤᠯᠠᠴᠢᠯᠠᠨ ᠦᠵᠡᠳᠡᠭ᠃ ᠬᠥᠭᠡᠷᠴᠡᠭ ᠤᠨ ᠡᠯᠡᠰᠦᠨ ᠤ ᠵᠠᠬ᠎ᠠ ᠲᠦᠰᠢᠵᠦ ᠨᠤᠲᠤᠭᠯᠠᠭᠰᠠᠨ ᠪᠣᠯᠬᠤᠷ᠂ ᠤᠷᠲᠤᠨᠠᠰᠤᠲᠤ ᠭᠤᠸᠠᠢ ᠪᠡᠯᠴᠢᠭᠡᠷ ᠤᠰᠤ ᠪᠠᠨ ᠬᠠᠮᠠᠭᠠᠯᠠᠨ ᠡᠯᠡᠰᠦ ᠶᠢ ᠨᠣᠭᠤᠭᠠᠷᠠᠭᠤᠯᠬᠤ ᠶᠢᠨ ᠲᠥᠯᠥᠭᠡ ᠨᠤᠲᠤᠭ  ᠲᠠᠬᠢ 690 ᠮᠦ ᠡᠯᠡᠰᠦ ᠶᠢ ᠪᠢᠲᠡᠭᠦᠮᠵᠢᠯᠡᠨ ᠬᠦᠷᠢᠶᠡᠯᠡᠵᠦ᠂ ᠠᠯᠲᠠᠨ ᠬᠠᠷᠭᠠᠨ᠎ᠠ ᠵᠡᠷᠭᠡ ᠤᠷᠭᠤᠮᠠᠯ ᠢ ᠲᠠᠷᠢᠵᠦ ᠣᠶᠢᠵᠢᠭᠤᠯᠵᠠᠢ᠃ ᠮᠥᠨ ᠴᠦ ᠥᠪᠡᠷ ᠤᠨ ᠨᠤᠲᠤᠭ ᠢᠶᠠᠨ 11 ᠬᠡᠰᠡᠭ ᠬᠤᠪᠢᠶᠠᠨ᠂ ᠳᠥᠷᠪᠡᠨ ᠤᠯᠠᠷᠢᠯ ᠢᠶᠠᠷ ᠪᠡᠯᠴᠢᠭᠡᠷ ᠰᠡᠯᠭᠦᠨ ᠮᠠᠯᠵᠢᠵᠤ᠂ ᠨᠤᠲᠤᠭ ᠪᠡᠯᠴᠢᠭᠡᠷ ᠤᠨ ᠰᠡᠷᠭᠦᠯᠲᠡ ᠶᠢ ᠲᠠᠷᠢᠭᠦᠨ ᠳᠤ ᠲᠠᠯᠪᠢᠬᠤ ᠶᠢ ᠵᠣᠷᠢᠭᠰᠠᠭᠠᠷ ᠢᠷᠡᠵᠡᠢ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号