ᠮᠣᠩᠭᠤᠯ ᠪᠦᠰᠡ ᠶᠢᠨ ᠵᠠᠩ ᠦᠢᠯᠡ
ᠨᠡᠶᠢᠲᠡᠯᠡᠭᠰᠡᠨ ᠴᠠᠭ᠄
2023/4/14
      ᠮᠣᠩᠭᠤᠯ ᠪᠦᠰᠡ ᠪᠤᠯ ᠮᠣᠩᠭᠤᠯ ᠬᠤᠪᠴᠠᠰᠣ ᠵᠠᠰᠠᠯ ᠤᠨ ᠴᠢᠬᠤᠯᠠ ᠵᠦᠢᠯ᠃ ᠪᠦᠰᠡ ᠭᠡᠭᠴᠢ ᠪᠣᠯ ᠲᠡᠷᠯᠢᠭ ᠡᠮᠣᠰᠬᠦ ᠳᠤ ᠪᠦᠰᠡᠯᠡᠭᠦᠷ ᠢᠶᠠᠷ ᠣᠷᠢᠶᠠᠳᠠᠭ ᠬᠡᠳᠣᠨ ᠠᠯᠳᠠ ᠣᠷᠳᠣ ᠪᠦᠰ ᠢ ᠬᠡᠯᠡᠨ᠎ᠡ᠃ ᠮᠣᠩᠭᠤᠯ ᠰᠣᠶᠤᠯ᠂ ᠠᠵᠤ ᠠᠮᠢᠳᠣᠷᠠᠯ ᠳᠤ ᠮᠣᠩᠭᠤᠯ ᠮᠣᠷᠢ ᠠᠰᠣᠷᠤ ᠶᠡᠭᠡ ᠦᠢᠯᠡᠳᠦᠯ ᠦᠵᠡᠭᠦᠯᠳᠡᠭ ᠪᠤᠯ ᠮᠤᠷᠢ ᠣᠨᠤᠵᠤ ᠠᠳᠣᠭᠤ ᠮᠠᠯ ᠬᠠᠷᠢᠭᠤᠯᠬᠤ᠂ ᠠᠶᠠᠨ ᠲᠠᠶᠢᠨ ᠬᠢᠬᠦ ᠳᠤ ᠮᠣᠩᠭᠤᠯ ᠪᠦᠰᠡ ᠴᠦ ᠲᠤᠩ ᠶᠡᠭᠡ ᠦᠢᠯᠡᠳᠣᠯ ᠢᠶᠠᠨ ᠦᠵᠡᠭᠦᠯᠦᠭᠰᠡᠨ ᠶᠤᠮ ᠃ ᠮᠣᠷᠢ ᠣᠨᠤᠬᠤ ᠳᠤ ᠲᠡᠪᠡᠯ ᠬᠦᠮᠦᠨ ᠤ ᠪᠡᠶ᠎ᠡ ᠶᠢ ᠬᠠᠮᠠᠭᠠᠯᠠᠵᠤ ᠲᠣᠯᠠᠭᠠᠯᠠᠬᠤ ᠬᠠᠮᠠᠭᠠᠯᠠᠯᠳᠠ ᠶᠢᠨ ᠪᠠᠳᠣᠯᠠᠭ᠎ᠠ ᠪᠤᠯ ᠪᠦᠰᠡ᠃ ᠪᠦᠰᠡ ᠪᠦᠰᠡᠯᠡᠭᠰᠡᠨ ᠠᠴᠠ ᠰᠠᠶ᠋ᠢ ᠲᠡᠪᠡᠯ ᠪᠡᠶ᠎ᠡ ᠳᠤ ᠨᠠᠭᠠᠯᠳᠣᠨ᠂ ᠮᠣᠷᠢ ᠲᠠᠪᠬᠢᠬᠤ ᠳᠤ ᠲᠠᠳᠠᠭᠰᠠᠨ ᠵᠢᠪᠠᠷ ᠪᠡᠶ᠎ᠡ ᠳᠤ ᠬᠦᠷᠭᠦ ᠦᠭᠡᠢ᠃ ᠪᠦᠰᠡ ᠶᠢ ᠴᠢᠩᠭ᠎ᠠ ᠣᠷᠢᠶᠠᠨ ᠪᠦᠰᠡᠯᠡᠭᠰᠡᠨ ᠠᠴᠠ ᠰᠠᠶ᠋ᠢ ᠪᠡᠶ᠎ᠡ ᠶᠢᠨ ᠲᠣᠳᠤᠭᠠᠳᠣ ᠡᠷᠬᠡᠳᠡᠨ ᠡᠯᠢᠭᠡ ᠵᠢᠷᠦᠬᠡ ᠭᠡᠮᠳᠦᠬᠦ ᠦᠭᠡᠢ᠃ ︽ᠮᠠᠷᠺᠦ ᠫᠣᠯᠤ ᠶᠢᠨ ᠠᠶᠠᠯᠠᠯ ᠤᠨ ᠲᠡᠮᠳᠡᠭᠯᠡᠯ︾ ᠳᠤ᠄ ︽ᠲᠣᠬᠠᠢ ᠶᠢᠨ ᠦᠶ᠎ᠡ ᠶᠢᠨ ᠮᠣᠩᠭᠤᠯᠴᠣᠳ ᠭᠡᠳᠡᠰᠦ ᠪᠠᠨ ᠬᠠᠳᠠᠭᠤ ᠡᠷᠡᠵᠤ᠂ ᠲᠤᠯᠤᠭᠠᠢ ᠪᠠᠨ ᠴᠢᠩᠭ᠎ᠠ ᠪᠣᠭᠤᠭᠠᠳ ᠬᠠᠮᠤᠭ ᠬᠤᠷᠳᠣᠴᠠ ᠪᠠᠷ ᠲᠡᠭᠦᠯᠢᠨ ᠲᠠᠪᠬᠢᠳᠠᠭ ᠪᠠᠶᠢᠵᠡᠢ︾ ᠭᠡᠮᠡᠨ ᠪᠢᠴᠢᠭᠯᠡᠵᠤ ᠪᠤᠢ᠃      ᠡᠷᠬᠡ ᠮᠡᠳᠡᠯ ᠤᠨ ᠪᠡᠯᠭᠡᠳᠡᠯ ᠮᠣᠩᠭᠤᠯᠴᠣᠳ ᠮᠠᠯᠠᠭᠠᠢ ᠪᠤᠶᠤ ᠪᠦᠰᠡ ᠶᠢ ᠨᠢᠭᠡ ᠬᠦᠮᠦᠨ ᠤ ᠰᠦᠯᠳᠡ ᠰᠦᠨᠡᠰᠤ ᠂ ᠡᠷᠬᠡ ᠮᠡᠳᠡᠯ ᠤᠨ ᠪᠡᠯᠭᠡᠳᠡᠯ ᠪᠤᠯᠭᠠᠨ ᠦᠵᠡᠳᠡᠭ᠃ ᠵᠢᠱᠢᠶᠡᠯᠡᠪᠡᠯ᠂ ︽ᠮᠣᠩᠭᠤᠯ ᠤᠨ ᠨᠢᠭᠤᠴᠠ ᠲᠣᠪᠴᠢᠶᠠᠨ︾  ᠳᠤ ︽ᠴᠢᠩᠬᠡᠰ ᠬᠠᠭᠠᠨ ᠪᠣᠷᠬᠠᠨ ᠬᠠᠯᠳᠣᠨ ᠠᠭᠤᠯᠠᠨ ᠳᠤ ᠭᠠᠷᠴᠤ ᠰᠠᠴᠣᠯᠢ ᠡᠷᠭᠦᠬᠦ ᠳᠤ ᠪᠠᠨ ᠪᠦᠰᠡ ᠪᠠᠨ ᠬᠦᠵᠦᠭᠦᠨ ᠳᠤ ᠪᠠᠨ ᠡᠷᠡᠬᠡᠯᠡᠵᠤ᠂ ᠮᠠᠯᠠᠭᠠᠢ ᠪᠠᠨ ᠭᠠᠷ ᠲᠤ ᠪᠠᠨ ᠰᠡᠭᠡᠯᠳᠣᠷᠴᠣ ᠪᠠᠶᠢᠯ᠎ᠠ︾ ᠭᠡᠵᠤ ᠲᠡᠮᠳᠡᠭᠯᠡᠪᠡ᠃ ᠣᠴᠢᠷ ᠨᠢ ᠮᠣᠩᠭᠤᠯ ᠮᠠᠯᠠᠭᠠᠢ ᠪᠠ ᠪᠦᠰᠡ ᠪᠤᠯ ᠨᠢᠭᠡ ᠬᠦᠮᠦᠨ ᠤ ᠵᠢᠷᠦᠬᠡ ᠪᠠ ᠲᠡᠷᠢᠭᠦᠨ ᠤ ᠪᠠᠬᠢᠯᠡᠯᠳᠡ᠂ ᠪᠡᠯᠭᠡᠳᠡᠯ ᠪᠦᠭᠡᠳ ᠰᠦᠨᠡᠰᠤ ᠬᠡᠶᠢᠮᠣᠷᠢ ᠶᠢᠨ ᠲᠡᠮᠳᠡᠭ ᠮᠥᠨ᠃ ︽ᠮᠣᠩᠭᠤᠯ ᠤᠨ ᠨᠢᠭᠤᠴᠠ ᠲᠣᠪᠴᠢᠶᠠᠨ︾ ᠳᠤ ᠪᠠᠰᠠ᠄ ︽ᠴᠢᠩᠬᠢᠰ ᠨᠢᠭᠡ ᠣᠳᠠᠭ᠎ᠠ ᠲᠡᠭᠦᠤ ᠬᠠᠰᠠᠷ ᠯᠤᠭ᠎ᠠ ᠪᠠᠨ ᠵᠦᠷᠢᠴᠡᠯᠳᠣᠨ ᠠᠭᠤᠷᠯᠠᠬᠤ ᠳᠤ ᠪᠠᠨ ᠪᠠᠷᠢᠵᠤ ᠣᠶᠠᠭᠠᠳ ᠮᠠᠯᠠᠭᠠᠢ ᠪᠦᠰᠡ ᠶᠢ ᠨᠢ ᠠᠪᠴᠡᠢ᠃ ᠡᠵᠢ ᠨᠢ ᠮᠡᠳᠡᠭᠡᠳ ᠰᠦᠨᠢ ᠲᠣᠷᠰᠢ ᠶᠠᠪᠣᠨ ᠢᠷᠡᠵᠤ᠂ ᠦᠪᠡᠰᠦᠪᠡᠨ ᠬᠠᠰᠠᠷ ᠤᠨ ᠣᠶᠠᠭᠰᠠᠨ ᠣᠶᠠᠭᠠᠰᠤ ᠶᠢ ᠲᠠᠶᠢᠯᠵᠤ ᠮᠠᠯᠠᠭᠠᠢ ᠪᠦᠰᠡ ᠶᠢ ᠨᠢ ᠬᠠᠰᠠᠷ ᠲᠤ ᠦᠭᠴᠡᠢ︾ ᠭᠡᠵᠤ ᠲᠡᠮᠳᠡᠭᠯᠡᠵᠤ ᠪᠤᠢ᠃ ᠣᠴᠢᠷ ᠨᠢ ᠪᠦᠰᠡ ᠪᠠ ᠮᠠᠯᠠᠭᠠᠢ ᠶᠢ ᠨᠢ ᠲᠠᠶᠢᠯᠤᠨ ᠠᠪᠤᠪᠠᠯ ᠡᠷᠬᠡ ᠮᠡᠳᠡᠯ ᠢ ᠨᠢ ᠬᠠᠰᠤᠭᠰᠠᠨ ᠳᠤ ᠲᠣᠭᠠᠴᠢᠨ᠎ᠠ᠃ ᠬᠠᠰᠠᠷ ᠤᠨ ᠡᠵᠢ ᠨᠢ ᠪᠦᠰᠡ ᠪᠠ ᠮᠠᠯᠠᠭᠠᠢ ᠶᠢ ᠨᠢ ᠪᠣᠴᠠᠭᠠᠰᠠᠨ ᠶᠠᠪᠣᠳᠠᠯ ᠪᠣᠯ ᠡᠷᠬᠡ ᠮᠡᠳᠡᠯ ᠢ ᠨᠢ ᠪᠣᠴᠠᠭᠠᠨ ᠦᠭᠭᠦᠭᠰᠡᠨ ᠬᠡᠷᠡᠭ ᠭᠡᠵᠤ ᠦᠵᠡᠳᠡᠭ᠃      ᠠᠷᠢᠭᠤᠨ ᠲᠠᠷᠬᠠᠨ ᠤ ᠪᠡᠯᠭᠡᠳᠡᠯ ᠮᠣᠩᠭᠤᠯᠴᠣᠳ ᠪᠦᠰᠡ ᠪᠠᠨ ᠬᠡᠵᠢᠶ᠎ᠡ ᠴᠦ ᠭᠡᠰᠡᠨ ᠲᠣᠩ ᠬᠦᠨᠳᠦᠳᠬᠡᠵᠤ ᠠᠷᠢᠭᠤᠨ ᠲᠠᠷᠬᠠᠨ ᠤ ᠪᠡᠯᠭᠡᠳᠡᠯ ᠢᠶᠠᠷ ᠦᠵᠡᠳᠡᠭ᠃ ᠡᠩ ᠤᠨ ᠪᠠᠶᠢᠳᠠᠯ ᠳᠤ ᠪᠦᠰᠡ ᠪᠠᠨ ᠣᠯᠠᠨ ᠲᠠᠶᠢᠯᠳᠠᠭ ᠦᠭᠡᠢ ᠪᠦᠰᠡ ᠪᠠᠨ ᠲᠠᠶᠢᠯᠪᠠᠯ ᠴᠭᠠᠷᠢᠭᠯᠠᠨ ᠡᠪᠬᠡᠵᠤ᠂ ᠬᠠᠨ᠎ᠠ ᠶᠢᠨ ᠲᠤᠯᠤᠭᠠᠢ ᠳᠤ ᠪᠣᠶᠤ ᠠᠪᠳᠠᠷ᠎ᠠ ᠬᠤᠷᠭᠤᠨ ᠲᠡᠭᠡᠷ᠎ᠡ ᠪᠠᠨ ᠲᠠᠯᠪᠢᠳᠠᠭ᠃ ᠰᠦᠨᠢ ᠣᠨᠳᠠᠬᠤ ᠳᠤ ᠪᠠᠨ ᠪᠦᠰᠡ ᠪᠠᠨ ᠴᠭᠠᠷᠢᠭᠯᠠᠨ ᠡᠪᠬᠡᠵᠤ ᠲᠡᠷ᠎ᠡ ᠶᠢᠨ ᠢᠶᠠᠨ ᠲᠡᠷᠭᠡᠳᠡ ᠲᠠᠯᠪᠢᠳᠠᠭ᠃ ᠪᠦᠰᠡ ᠶᠢᠨ ᠲᠡᠭᠡᠭᠦᠷ ᠠᠯᠬᠤᠬᠤ᠂ ᠭᠢᠰᠭᠢᠬᠦ ᠶᠢ ᠶᠡᠬᠡᠳᠡ ᠴᠡᠭᠡᠷᠯᠡᠨ᠎ᠡ᠃ ᠪᠣᠰᠤᠳ ᠤᠨ ᠪᠦᠰᠡ ᠲᠡᠭᠡᠷ᠎ᠡ ᠭᠢᠰᠭᠢᠬᠦ ᠪᠤᠶᠤ ᠠᠯᠬᠤᠭᠰᠠᠨ ᠢ ᠲᠣᠷᠤᠮᠵᠢᠯᠠᠯ ᠳᠤ ᠲᠠᠭᠠᠴᠠᠳᠠᠭ᠃      ᠪᠡᠶ᠎ᠡ ᠰᠦᠨᠡᠰᠣ ᠶᠢᠨ ᠪᠡᠯᠭᠡᠳᠡᠯ ᠮᠣᠩᠭᠤᠯᠴᠣᠳ ᠲᠡᠪᠡᠯ ᠢᠶᠠᠨ ᠡᠮᠦᠰᠴᠤ᠂ ᠪᠦᠰᠡ ᠪᠠᠨ ᠪᠦᠰᠡᠯᠡᠭᠡᠳ᠂ ᠮᠣᠷᠢᠨ ᠳᠤ ᠪᠠᠨ ᠮᠤᠷᠳᠠᠪᠠᠯ ᠴᠤᠭ ᠰᠦᠯᠳᠡ ᠮᠠᠨᠳᠣᠨ ᠬᠡᠶᠢᠮᠣᠷᠢ ᠰᠡᠷᠭᠦᠨ᠎ᠡ ᠭᠡᠵᠤ ᠦᠵᠡᠳᠡᠭ᠃ ᠪᠦᠰᠡ ᠪᠣᠯ ᠡᠷ᠎ᠡ ᠬᠦᠮᠦᠨ ᠤ ᠪᠡᠶ᠎ᠡ ᠰᠦᠨᠡᠰᠤ ᠭᠡᠵᠤ ᠶᠡᠬᠡᠳᠡ ᠬᠦᠨᠳᠦᠳᠬᠡᠳᠡᠭ᠃ ᠡᠶᠢᠮᠤ ᠠᠴᠠ ᠮᠣᠩᠭᠤᠯᠴᠣᠳ ᠠᠨᠳᠠ ᠨᠠᠶᠢᠵᠠ ᠪᠤᠯᠤᠯᠴᠠᠨ᠂ ᠠᠬ᠎ᠠ ᠲᠡᠭᠦᠤ ᠪᠠᠷᠢᠯᠳᠣᠬᠤ ᠳᠤ ᠪᠠᠨ ᠬᠠᠷᠢᠯᠴᠠᠨ ᠪᠦᠰᠡ ᠪᠠᠨ ᠰᠣᠯᠢᠵᠤ᠂ ᠪᠡᠶ᠎ᠡ ᠰᠦᠨᠡᠰᠣ ᠪᠠᠨ ᠨᠢᠭᠡᠳᠬᠡᠯ᠎ᠡ ᠭᠡᠵᠤ ᠲᠠᠩᠭᠠᠷᠢᠭ ᠪᠤᠯᠭᠠᠳᠠᠭ ᠵᠠᠩᠰᠢᠯ ᠲᠠᠢ᠃ ᠡᠨᠡ ᠲᠣᠬᠠᠢ ︽ᠮᠣᠩᠭᠤᠯ ᠤᠨ ᠨᠢᠭᠤᠴᠠ ᠲᠤᠪᠴᠢᠶᠠᠨ︾  ᠳᠤ ᠲᠡᠮᠳᠡᠭᠯᠡᠭᠰᠡᠨ ᠢᠶᠠᠷ ︽ᠲᠡᠮᠤᠵᠢᠨ᠂ ᠵᠠᠮᠤᠬ᠎ᠠ ᠬᠤᠶᠠᠭᠤᠯᠠ ᠠᠨᠳᠠ ᠪᠣᠯᠣᠯᠴᠠᠬᠤ ᠶᠤᠰᠤᠯᠠᠯ ᠳᠤ ᠪᠠᠨ ᠬᠠᠷᠢᠯᠴᠠᠨ ᠠᠯᠳᠠᠨ ᠪᠦᠰᠡ ᠪᠠᠨ ᠪᠦᠰᠡᠯᠡᠭᠦᠯᠤᠨ︾ ᠠᠨᠳᠠᠭᠠᠶᠢᠯᠠᠵᠡᠢ᠃      ᠪᠦᠰᠡᠯᠡᠬᠦ ᠵᠠᠩ ᠦᠢᠯᠡ    ᠡᠷᠡᠭᠳᠡᠶᠢᠴᠣᠳ ᠤᠨ ᠪᠦᠰᠡ ᠣᠷᠳᠤ ᠪᠦᠭᠡᠳ ᠦᠷᠭᠡᠨ ᠪᠠᠶᠢᠵᠤ᠂ ᠡᠮᠡᠭᠳᠡᠶᠢᠴᠣᠳ ᠤᠨ ᠪᠦᠰᠡ ᠤᠬᠤᠷ ᠪᠦᠭᠡᠳ ᠨᠠᠷᠢᠬᠠᠨ ᠪᠠᠶᠢᠳᠠᠭ᠃ ᠪᠦᠰᠡ ᠬᠡᠳᠦᠢ ᠣᠬᠤᠷ ᠴᠦ ᠭᠡᠰᠡᠨ ᠪᠦᠰᠡᠯᠡᠭᠦᠷ ᠢᠶᠠᠷ ᠭᠤᠷᠪᠠ ᠣᠷᠢᠶᠠᠵᠤ ᠬᠦᠷᠦᠭᠰᠡᠨ ᠪᠠᠶᠢᠬᠤ ᠬᠡᠷᠡᠭᠳᠡᠢ᠃ ᠡᠷᠡᠭᠳᠡᠶᠢᠴᠣᠳ ᠪᠦᠰᠡ ᠪᠠᠨ ᠪᠡᠯᠬᠡᠭᠦᠰᠣ ᠢᠶᠠᠷ ᠢᠶᠠᠨ ᠱᠠᠪ ᠬᠢᠳᠡᠯ᠎ᠡ ᠴᠢᠩᠭ᠎ᠠ ᠪᠦᠭᠡᠳ ᠦᠷᠭᠡᠨ ᠢᠶᠠᠷ ᠪᠦᠰᠡᠯᠡᠨ᠎ᠡ᠃ ᠡᠮᠡᠭᠳᠡᠶᠢᠴᠣᠳ ᠴᠡᠭᠡᠵᠢᠨ ᠲᠣᠣᠭᠤᠷ ᠢᠶᠠᠨ ᠨᠠᠷᠢᠬᠠᠨ ᠰᠢᠭ᠋ ᠲᠠᠷᠤᠵᠤ ᠪᠦᠰᠡᠯᠡᠨ᠎ᠡ᠃ ᠡᠷᠡᠭᠳᠡᠶᠢᠴᠣᠳ ᠬᠠᠷ᠎ᠠ ᠬᠦᠬᠡ᠂ ᠬᠦᠬᠡ᠂ ᠬᠦᠷᠡᠩ ᠦᠩᠭᠡ ᠶᠢᠨ ᠪᠦᠰᠡ ᠪᠦᠰᠡᠯᠡᠵᠤ᠂ ᠡᠮᠡᠭᠳᠡᠶᠢᠴᠣᠳ ᠣᠯᠠᠩᠬᠢ ᠨᠢ ᠨᠤᠭᠤᠭᠠᠨ᠂ ᠬᠠᠷ᠎ᠠ ᠨᠤᠭᠤᠭᠠᠨ᠂ ᠴᠡᠩᠬᠡᠷ᠂ ᠶᠠᠭᠠᠨ ᠪᠦᠰᠡ ᠪᠦᠰᠡᠯᠡᠳᠡᠭ᠃      ᠡᠷᠡᠭᠳᠡᠢ ᠬᠦᠮᠦᠨ ᠲᠡᠪᠡᠯ ᠡᠮᠦᠰᠬᠦ ᠳᠤ ᠪᠠᠨ ᠵᠠᠪᠠᠯ ᠪᠦᠰᠡ ᠪᠠᠨ ᠪᠦᠰᠡᠯᠡᠬᠦ ᠶᠣᠰᠤ ᠲᠠᠢ᠂ ᠪᠦᠰᠡ ᠦᠭᠡᠢ ᠶᠠᠪᠤᠪᠠᠯ ︽ᠲᠡᠪᠡᠯ ᠢᠶᠠᠨ ᠨᠦᠮᠤᠭᠡᠨ︾ ᠶᠠᠪᠤᠵᠤ ᠪᠠᠶᠢᠭ᠎ᠠ ᠭᠡᠵᠤ ᠰᠣᠯᠠ ᠵᠠᠳᠠᠭᠠᠢ ᠬᠦᠮᠦᠨ ᠳᠤ ᠲᠤᠭᠠᠴᠢᠭᠳᠠᠨ᠎ᠠ᠃ ᠡᠶᠢᠮᠤ ᠠᠴᠠ ᠮᠣᠩᠭᠤᠯᠴᠣᠳ ᠡᠷᠡᠭᠳᠡᠢ ᠬᠦᠮᠦᠨ ᠢ ︽ᠪᠦᠰᠡᠳᠡᠢ ᠬᠦᠮᠦᠨ︾ ᠪᠤᠶᠤ ︽ᠪᠦᠰᠡᠳᠡᠶᠢᠴᠣᠳ︾ ᠭᠡᠳᠡᠭ᠃ ᠣᠷᠤᠭᠯᠠᠭᠰᠠᠨ ᠡᠮᠡᠭᠳᠡᠢ ᠡᠩ ᠤᠨ ᠪᠠᠶᠢᠳᠠᠯ ᠳᠤ ᠪᠦᠰᠡ ᠪᠦᠰᠡᠯᠡᠬᠦ ᠦᠭᠡᠢ᠃ ᠮᠣᠷᠢ ᠣᠨᠤᠬᠤ ᠳᠤ ᠰᠠᠶ᠋ᠢ ᠪᠦᠰᠡ ᠪᠦᠰᠡᠯᠡᠵᠤ᠂ ᠭᠡᠷ ᠲᠠᠢ ᠪᠠᠨ ᠢᠷᠡᠮᠡᠭᠴᠡ ᠪᠠᠨ ᠪᠦᠰᠡ ᠪᠠᠨ ᠲᠠᠶᠢᠯᠵᠤ ᠲᠠᠯᠪᠢᠨ᠎ᠠ᠃ ᠡᠶᠢᠮᠤ ᠠᠴᠠ ᠮᠣᠩᠭᠤᠯᠴᠣᠳ ᠡᠮᠡᠭᠳᠡᠢ ᠬᠦᠮᠦᠨ ᠢ ︽ᠪᠦᠰᠡᠭᠦ᠋ᠢᠴᠣᠳ︾ ᠪᠤᠶᠤ ︽ᠪᠦᠰᠡᠭᠦᠢ ᠬᠦᠮᠦᠨ︾ ᠭᠡᠳᠡᠭ᠃ ᠬᠠᠷᠢ ᠳᠤ ᠮᠣᠷᠳᠠᠭᠠᠳᠣᠢ ᠬᠡᠤᠬᠡᠨ ᠬᠦᠮᠦᠨ ᠡᠷᠡᠭᠳᠡᠶᠢᠴᠣᠳ ᠲᠠᠢ ᠠᠳᠠᠯᠢ ᠪᠠᠷ ᠬᠡᠵᠢᠶᠡᠳᠡ ᠪᠦᠰᠡ ᠪᠦᠰᠡᠯᠡᠵᠤ ᠶᠠᠪᠤᠬᠤ ᠶᠣᠰᠤᠳᠠᠢ᠃ ᠠᠭᠰᠠᠵᠤ ᠪᠦᠰᠡᠯᠡᠭᠰᠡᠨ ᠪᠦᠰᠡ ᠨᠢ ᠮᠣᠷᠢ ᠣᠨᠤᠵᠤ ᠠᠶᠠᠯᠠᠬᠤ ᠳᠤ ᠶᠡᠭᠡ ᠲᠦᠭᠦᠮ ᠪᠣᠯᠭᠠᠭᠰᠠᠨ ᠶᠤᠮ᠃ ᠨᠢᠭᠡ ᠬᠦᠮᠦᠨ ᠤ ᠭᠠᠷ ᠦᠵᠦᠭᠦᠷ ᠬᠡᠷᠡᠭᠰᠡᠬᠦ ᠠᠶᠠᠭ᠎ᠠ ᠰᠠᠪᠬ᠎ᠠ᠂ ᠡᠳᠦᠷ ᠤᠨ ᠬᠦᠨᠡᠰᠤ᠂ ᠠᠯᠴᠢᠭᠤᠷ ᠢᠶᠠᠨ ᠴᠢᠪᠬᠢᠳᠡᠯ᠎ᠡ ᠪᠦᠰᠡᠯᠡᠭᠰᠡᠨ ᠲᠡᠪᠡᠯ ᠤᠨ ᠢᠶᠠᠨ ᠡᠪᠦᠷ ᠲᠤ ᠬᠢᠭᠡᠳ ᠶᠠᠪᠤᠬᠤ ᠳᠤ ᠮᠠᠰᠢ ᠲᠤᠬᠢᠳᠠᠢ ᠪᠦᠭᠡᠳ ᠮᠣᠷᠢᠨ ᠳᠤ ᠴᠦ ᠡᠯᠳᠡᠪ ᠠᠴᠢᠶ᠎ᠠ ᠰᠠᠪᠠ ᠲᠣᠳᠠᠭᠤ ᠠᠴᠢᠳᠠᠭ ᠪᠠᠶᠢᠨ᠎ᠠ᠃ ᠡᠨᠡ ᠨᠢ ᠴᠢᠪ ᠬᠡᠮᠡᠨ ᠮᠠᠯᠵᠢᠬᠤ ᠠᠵᠤ ᠠᠮᠢᠳᠣᠷᠠᠯ ᠳᠤ ᠮᠠᠰᠢ ᠰᠠᠶᠢᠨ ᠵᠤᠬᠢᠴᠠᠭᠰᠠᠨ ᠠᠵᠡᠢ᠃ ᠮᠣᠩᠭᠤᠯᠴᠣᠳ ᠶᠠᠭᠤᠮ᠎ᠠ ᠡᠪᠦᠷᠯᠡᠵᠤ ᠶᠠᠪᠤᠬᠤ ᠶᠢ ᠶᠡᠭᠡ ᠦᠯᠵᠡᠢ ᠬᠡᠰᠢᠭ ᠲᠠᠢ ᠭᠡᠵᠤ ᠦᠵᠡᠳᠡᠭ᠃ ᠡᠪᠦᠷ ᠠᠴᠠ ᠪᠠᠨ ᠭᠠᠷᠭᠠᠭᠰᠠᠨ ᠶᠠᠭᠤᠮ᠎ᠠ ᠶᠢ ᠦᠨᠡᠨ ᠰᠡᠳᠬᠢᠯ ᠠᠴᠠ ᠪᠠᠨ ᠬᠦᠷᠭᠡᠵᠤ ᠪᠠᠶᠢᠭ᠎ᠠ ᠪᠡᠯᠡᠭ ᠭᠡᠮᠡᠨ ᠶᠡᠬᠡᠳᠡ ᠬᠦᠨᠳᠦᠳᠬᠡᠳᠡᠭ ᠶᠤᠮ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号