ᠵᠤᠴᠢᠨ ᠣᠭᠳᠣᠬᠤ ᠪᠠ ᠬᠠᠳᠠᠭ ᠪᠠᠷᠢᠬᠤ
ᠨᠡᠶᠢᠲᠡᠯᠡᠭᠰᠡᠨ ᠴᠠᠭ᠄
2023/3/31
      ︵ᠨᠢᠭᠡ︶ ᠵᠤᠴᠢᠨ ᠣᠭᠳᠦᠬᠤ ᠶᠤᠰᠤᠨ      ᠠᠶᠢᠯᠴᠢᠯᠠᠬᠤ ᠪᠠᠷ ᠢᠷᠡᠭᠰᠡᠨ ᠭᠡᠶᠢᠴᠢᠨ ᠵᠤᠴᠢᠨ᠂ ᠠᠯᠪᠠ ᠲᠥᠷᠦ ᠶᠢᠨ ᠶᠡᠬᠡᠰ ᠨᠤᠶᠠᠳ ᠪᠤᠶᠤ ᠠᠵᠢᠯ ᠶᠠᠪᠣᠳᠠᠯ᠂ ᠡᠷᠢᠯ ᠰᠣᠷᠠᠭ ᠢᠶᠠᠷ ᠢᠷᠡᠬᠦ ᠠᠯᠢᠪᠠ ᠬᠦᠮᠦᠨ ᠢ ᠬᠠᠯᠠᠭᠤᠮᠰᠤᠭ  ᠢᠶᠠᠷ ᠣᠭᠳᠣᠨ ᠠᠪᠳᠠᠭ ᠵᠠᠩᠰᠢᠯ᠃ ᠵᠤᠴᠢᠨ ᠣᠭᠳᠣᠬᠤ ᠳᠠᠭᠠᠨ ᠮᠠᠯᠠᠭᠠᠢ ᠡᠮᠦᠰᠴᠦ ᠠᠯᠴᠢᠭᠤᠷ ᠤᠷᠢᠶᠠᠨ ᠳᠡᠪᠡᠯ ᠬᠤᠪᠴᠠᠰᠦ ᠪᠠᠨ ᠳᠡᠭᠰᠢᠯᠡᠨ ᠵᠠᠰᠠᠳᠠᠭ᠃ ᠡᠮᠡᠭᠳᠡᠶᠢᠴᠣᠳ ᠪᠤᠯ ᠵᠠᠪᠠᠯ ᠣᠷᠲᠦ ᠣᠣᠵᠢ ᠡᠮᠦᠰᠴᠦ ᠵᠤᠴᠢᠨ ᠣᠭᠳᠣᠬᠤ ᠪᠠᠷ ᠭᠠᠷᠳᠠᠭ᠃ ᠢᠷᠡᠵᠦ ᠪᠠᠶᠢᠭ᠎ᠠ ᠵᠤᠴᠢᠨ ᠢ ᠡᠭᠦᠳᠡ ᠪᠠᠨ ᠨᠡᠭᠡᠭᠡᠵᠦ ᠬᠠᠷᠠᠬᠤ᠂ ᠵᠤᠴᠢᠨ ᠢᠷᠡᠭᠡᠳ ᠣᠶᠠᠭᠠᠨ ᠳᠡᠭᠡᠷ᠎ᠡ ᠨᠢ ᠪᠠᠭᠤᠵᠦ ᠪᠠᠶᠢᠬᠤ ᠳᠤ ᠤᠶᠢᠰᠢᠶᠠᠬᠤ ᠴᠣ᠋ ᠦᠭᠡᠢ ᠭᠡᠷ ᠲᠡᠭᠡᠨ ᠤᠷᠤᠬᠤ ᠪᠣᠶᠣ ᠠᠭᠤᠯᠵᠠᠵᠦ ᠮᠡᠨᠳᠣᠯᠡᠬᠦ ᠦᠭᠡᠢ ᠪᠠᠷ ᠵᠥᠷᠢᠵᠦ ᠭᠠᠷᠬᠤ ᠵᠡᠷᠭᠡ ᠶᠢ ᠶᠤᠰᠤᠷᠬᠠᠭ ᠪᠣᠰᠣ᠂ ᠵᠤᠴᠢᠨ ᠢ ᠬᠥᠩᠭᠡᠪᠴᠢᠯᠡᠭᠰᠡᠨ ᠭᠡᠵᠦ ᠦᠵᠡᠳᠡᠭ᠃ ᠵᠤᠴᠢᠨ ᠤ ᠥᠭᠡᠳᠡ ᠠᠴᠠ ᠱᠦᠭᠦᠷ ᠪᠠᠷᠢᠵᠦ ᠵᠤᠭᠰᠤᠬᠤ᠂ ᠵᠤᠴᠢᠨ ᠢ ᠦᠵᠡᠭᠡᠳ ᠭᠡᠷ ᠢᠶᠠᠨ ᠱᠦᠭᠦᠷᠳᠡᠬᠦ ᠵᠡᠷᠭᠡ ᠶᠢ ᠴᠡᠭᠡᠷᠯᠡᠳᠡᠭ᠃ ᠢᠷᠡᠬᠦ ᠬᠦᠮᠦᠨ ᠤ ᠥᠭᠡᠳᠡ ᠠᠴᠠ ᠬᠤᠭᠤᠰᠤᠨ ᠰᠠᠪᠠ ᠰᠠᠭᠤᠯᠠᠭ᠎ᠠ ᠠᠪᠴᠦ ᠭᠠᠷᠬᠤ᠂ ᠣᠰᠣ ᠣᠭᠢᠶᠠᠳᠠᠰᠦ ᠰᠠᠴᠣᠬᠤ ᠪᠣᠶᠣ ᠬᠤᠭ ᠦᠨᠡᠰᠦ ᠬᠠᠶᠠᠵᠦ ᠪᠤᠯᠳᠠᠭ ᠦᠭᠡᠢ᠂ ᠬᠡᠷᠪᠡ ᠮᠡᠳᠡᠭᠰᠡᠨ ᠦᠭᠡᠢ ᠪᠠᠷ ᠲᠤᠬᠢᠶᠠᠯᠳᠣᠭᠰᠠᠨ ᠪᠠᠶᠢᠪᠠᠯ ᠲᠡᠭᠦᠨ ᠢᠶᠠᠨ ᠭᠡᠷ ᠤᠨ ᠬᠠᠶᠠᠭᠠᠨ ᠳᠤ ᠲᠠᠯᠪᠢᠵᠦ᠂ ᠢᠷᠡᠭᠰᠡᠨ ᠬᠦᠮᠦᠨ ᠢ ᠭᠡᠷ ᠲᠤ ᠤᠷᠤᠭᠰᠠᠨ ᠤ ᠬᠤᠶᠢᠨ᠎ᠠ ᠬᠠᠶᠠᠳᠠᠭ᠃ ᠵᠤᠴᠢᠨ ᠣᠭᠲᠣᠬᠤ ᠪᠠᠷ ᠭᠠᠷᠣᠭᠰᠠᠳ ᠢᠪᠢᠷ ᠰᠢᠪᠢᠷ ᠶᠠᠷᠢᠯᠴᠠᠬᠤ ᠶᠢ ᠴᠡᠭᠡᠷᠯᠡᠨ᠎ᠡ᠃ ᠪᠠᠰᠠ ᠢᠨᠢᠶᠡᠯᠳᠦᠬᠦ᠂ ᠢᠰᠭᠡᠷᠬᠦ᠂ ᠨᠢᠷᠣᠭᠤ ᠪᠠᠨ ᠡᠭᠦᠷᠴᠦ ᠵᠤᠭᠰᠤᠬᠤ ᠶᠢ ᠴᠡᠭᠡᠷᠯᠡᠳᠡᠭ᠃ ᠨᠢᠴᠦᠭᠦᠨ ᠱᠠᠯᠳᠠᠩ ᠢᠶᠠᠷ ᠵᠤᠴᠢᠨ ᠣᠭᠲᠣᠬᠤ ᠶᠢ ᠡᠷᠡᠰ ᠴᠡᠭᠡᠷᠯᠡᠨ᠎ᠡ᠃ ᠤᠳᠤ ᠶᠢᠨ ᠪᠥᠰᠡᠭᠦᠢ ᠬᠡᠣᠬᠡᠨᠴᠣᠳ ᠮᠤᠩᠭᠤᠯ ᠲᠡᠷᠯᠢᠭ ᠢᠶᠠᠷ ᠭᠤᠶᠤᠯᠠᠴᠢᠬᠠᠭᠠᠳ ᠰᠡᠷᠢᠭᠦᠨ ᠱᠠᠬᠠᠢ ᠡᠮᠦᠰᠴᠦ ᠬᠥᠯ ᠤᠨ ᠬᠤᠷᠣᠭᠤ ᠪᠠᠨ ᠰᠠᠷᠪᠠᠶᠢᠯᠭᠠᠴᠢᠬᠠᠭᠰᠠᠨ᠂ ᠪᠠᠰᠠ ᠵᠠᠷᠢᠮ ᠨᠢ ᠭᠤᠶ᠎ᠠ ᠬᠠᠰᠠ ᠪᠠᠨ ᠭᠢᠯᠠᠯᠵᠠᠭᠤᠯᠣᠨ ᠱᠠᠯᠳᠠᠩ ᠨᠢᠴᠦᠭᠦᠨ ᠬᠡᠮᠡᠷ ᠵᠤᠴᠢᠨ ᠣᠭᠲᠣᠬᠤ ᠪᠤᠶᠤ ᠬᠤᠷᠢᠮ ᠨᠠᠶᠢᠷ ᠲᠤ ᠤᠴᠢᠵᠦ ᠪᠠᠶᠢᠨ᠎ᠠ᠂ ᠡᠳᠡᠭᠡᠷ ᠨᠢ ᠪᠥᠷ ᠮᠤᠩᠭᠤᠯ ᠦᠨᠳᠦᠰᠦᠲᠡᠨ ᠤ ᠵᠤᠴᠢᠨ ᠣᠭᠲᠣᠬᠤ ᠵᠠᠩ ᠦᠢᠯᠡ ᠬᠢᠭᠡᠳ ᠨᠠᠶᠢᠷ ᠬᠤᠷᠢᠮ ᠤᠨ ᠵᠠᠩ ᠦᠢᠯᠡ ᠳᠤ ᠥᠯᠦ ᠲᠤᠬᠢᠷᠠᠬᠤ ᠵᠦᠢᠯ ᠮᠥᠨ᠃ ᠡᠷᠬᠡᠪᠡᠰᠢ ᠬᠠᠯᠠᠬᠤ ᠴᠢᠬᠤᠯᠠᠲᠠᠢ ᠪᠠᠶᠢᠨ᠎ᠠ᠃ ᠵᠤᠴᠢᠨ ᠣᠭᠲᠣᠬᠤ ᠳᠤ ᠠᠯᠣᠰ ᠲᠤ ᠣᠭᠲᠣᠬᠤ᠂ ᠣᠶᠠᠭᠠᠨ ᠳᠡᠭᠡᠷ᠎ᠡ ᠣᠭᠲᠣᠬᠤ᠂ ᠭᠡᠷ ᠲᠤ ᠣᠷᠢᠵᠦ ᠤᠷᠤᠭᠤᠯᠬᠤ ᠵᠡᠷᠭᠡ ᠪᠠᠶᠢᠳᠠᠭ᠃      ︵ᠬᠤᠶᠠᠷ︶ ᠬᠠᠳᠠᠭ ᠪᠠᠷᠢᠬᠤ ᠶᠣᠰᠣᠨ      ᠠᠬᠠᠮᠠᠳ ᠨᠠᠰᠣᠳᠠᠨ᠂ ᠬᠦᠨᠳᠦᠲᠦ ᠵᠤᠴᠢᠨ ᠢᠶᠠᠨ ᠣᠭᠲᠣᠵᠦ ᠦᠳᠡᠬᠦ᠂ ᠥᠪᠡᠳᠡᠭᠰᠢ ᠶᠤᠰᠤᠯᠠᠯ ᠳᠤ ᠤᠷᠤᠯᠴᠠᠬᠤ᠂ ᠨᠠᠰᠣᠨ ᠪᠠᠶᠠᠷ ᠬᠤᠷᠢᠮ ᠨᠠᠶᠢᠷ ᠲᠤ ᠪᠡᠯᠡᠭ ᠬᠦᠷᠭᠡᠬᠦ᠂ ᠰᠢᠨ᠎ᠡ  ᠶᠢᠨ ᠵᠤᠯᠭᠠᠯᠲᠠ ᠬᠢᠬᠦ ᠵᠡᠷᠭᠡ ᠦᠢᠯᠡ ᠠᠵᠢᠯᠯᠠᠭ᠎ᠠ ᠳᠤ ᠬᠦᠨᠳᠦᠯᠡᠬᠦ᠂ ᠪᠡᠯᠭᠡᠳᠡᠬᠦ᠂ ᠪᠠᠶᠠᠷ ᠬᠦᠷᠭᠡᠬᠦ᠂ ᠵᠦᠩᠨᠡᠨ ᠢᠷᠦᠭᠡᠬᠦ᠂ ᠬᠦᠰᠡᠨ ᠨᠠᠶᠢᠳᠠᠬᠤ ᠵᠡᠷᠭᠡ ᠰᠠᠨᠠᠭ᠎ᠠ ᠪᠠᠨ ᠢᠯᠡᠳᠬᠡᠬᠦ ᠪᠤᠶᠤ ᠤᠢ ᠭᠠᠰᠢᠭᠤᠳᠠᠯ ᠤᠨ ᠰᠡᠳᠭᠢᠯ ᠢᠶᠠᠨ ᠢᠯᠡᠳᠬᠡᠬᠦ ᠵᠡᠷᠭᠡ ᠳᠤ ᠬᠠᠳᠠᠭ ᠬᠡᠷᠡᠭᠯᠡᠳᠡᠭ᠃ ᠬᠠᠳᠠᠭ ᠲᠤ ᠬᠥᠬᠡ᠂ ᠴᠠᠭᠠᠨ᠂ ᠰᠢᠷ᠎ᠠ᠂ ᠣᠯᠠᠭᠠᠨ᠂ ᠨᠤᠭᠤᠭᠠᠨ ᠵᠡᠷᠭᠡ ᠲᠠᠪᠣᠨ ᠥᠩᠭᠡ ᠶᠢᠨ ᠪᠠᠶᠢᠵᠦ ᠡᠩ ᠤᠨ ᠪᠠᠶᠢᠳᠠᠯ ᠳᠤ ᠬᠥᠬᠡ᠂ ᠴᠠᠭᠠᠨ ᠥᠩᠭᠡ ᠶᠢᠨ ᠬᠠᠳᠠᠭ ᠢ ᠤᠯᠠᠨ ᠬᠡᠷᠡᠭᠯᠡᠳᠡᠭ᠃ ᠴᠠᠭᠠᠨ ᠥᠩᠭᠡ ᠶᠢᠨ ᠬᠠᠳᠠᠭ ᠨᠢ ᠭᠤᠸ᠎ᠠ ᠰᠠᠶᠢᠬᠠᠨ᠂ ᠠᠷᠢᠭᠤᠨ ᠴᠠᠶᠢᠯᠭᠠᠨ ᠰᠡᠳᠭᠢᠯ ᠤᠨ ᠪᠡᠯᠭᠡᠳᠡᠯ ᠪᠠᠶᠢᠵᠦ᠂ ᠠᠪᠤ ᠡᠵᠢ᠂ ᠠᠬ᠎ᠠ ᠵᠠᠬᠠᠰ᠂ ᠨᠤᠶᠠᠳ ᠢᠵᠠᠭᠤᠷᠲᠠᠨ ᠳᠤ ᠪᠡᠯᠡᠭᠯᠡᠳᠡᠭ᠂ ᠬᠥᠬᠡ ᠥᠩᠭᠡ ᠶᠢᠨ ᠬᠠᠳᠠᠭ ᠨᠢ ᠮᠥᠩᠬᠡ ᠲᠡᠭᠷᠢ ᠶᠢᠨ ᠥᠩᠭᠡ᠂ ᠠᠮᠣᠷ ᠲᠠᠶᠢᠪᠣᠩ ᠶᠢᠨ ᠪᠡᠯᠭᠡᠳᠡᠯ ᠪᠠᠶᠢᠵᠦ᠂ ᠠᠬ᠎ᠠ ᠳᠡᠭᠦᠦ ᠨᠠᠶᠢᠵᠠ ᠨᠥᠬᠦᠳ᠂ ᠠᠯᠣᠰ ᠤᠨ ᠵᠤᠴᠢᠳ ᠲᠤ ᠪᠠᠷᠢᠬᠤ ᠳᠤ ᠬᠡᠷᠡᠭᠯᠡᠳᠡᠭ᠃ ᠰᠢᠷ᠎ᠠ ᠥᠩᠭᠡ ᠶᠢᠨ ᠬᠠᠳᠠᠭ ᠨᠢ ᠤᠶᠣᠨ ᠣᠬᠠᠭᠠᠨ᠂ ᠱᠠᠰᠢᠨ ᠰᠣᠷᠲᠠᠬᠤᠨ ᠤ ᠪᠡᠯᠭᠡᠳᠡᠯ ᠪᠠᠶᠢᠵᠦ ᠯᠠᠮᠠ ᠬᠤᠸᠠᠷᠠᠭ᠂ ᠰᠦᠮ᠎ᠡ ᠬᠡᠶᠢᠳ ᠲᠤ ᠡᠷᠭᠦᠭᠦ ᠳᠤ ᠬᠡᠷᠡᠭᠯᠡᠳᠡᠭ᠂ ᠨᠤᠭᠤᠭᠠᠨ ᠥᠩᠭᠡ ᠶᠢᠨ ᠬᠠᠳᠠᠭ ᠨᠢ ᠡᠬᠡ ᠪᠠᠶᠢᠭᠠᠯᠢ ᠨᠤᠭᠤᠭᠠᠨ ᠲᠠᠯ᠎ᠠ ᠶᠢᠨ ᠪᠡᠯᠭᠡᠳᠡᠯ ᠪᠠᠶᠢᠵᠦ᠂ ᠣᠯᠠᠭᠠᠨ ᠥᠩᠭᠡ ᠨᠢ ᠣᠯᠠᠭᠠᠨ ᠨᠠᠷᠠ᠂ ᠭᠠᠯ ᠭᠤᠯᠤᠮᠲᠠ ᠪᠠᠳᠠᠷᠠᠨ ᠳᠡᠯᠭᠡᠷᠡᠬᠦ ᠶᠢᠨ ᠪᠡᠯᠭᠡᠳᠡᠯ ᠪᠤᠯᠳᠠᠭ᠃ ᠬᠠᠳᠠᠭ ᠪᠠᠷᠢᠬᠤ ᠳᠤ ᠬᠡᠭᠡᠷ᠎ᠡ ᠭᠠᠳᠠᠨ᠎ᠠ ᠪᠤᠯ ᠲᠥᠪᠯᠡᠭᠦᠨ ᠲᠠᠶᠢᠪᠣᠩ ᠵᠤᠭᠰᠤᠵᠦ᠂ ᠬᠤᠶᠠᠷ ᠭᠠᠷ ᠢᠶᠠᠷ ᠢᠶᠠᠨ ᠬᠠᠳᠠᠭ  ᠢᠶᠠᠨ ᠠᠯᠳᠠᠯᠠᠨ ᠪᠠᠷᠢᠭᠠᠳ ᠨᠥᠭᠦᠭᠡ ᠡᠲᠡᠭᠡᠳ ᠲᠡᠭᠡᠨ ᠭᠠᠷᠳᠠᠭᠤᠯᠳᠠᠭ᠃ ᠭᠡᠷ ᠲᠤ ᠪᠤᠯ ᠭᠡᠶᠢᠴᠢᠨ ᠵᠤᠴᠢᠨ ᠢᠶᠠᠨ ᠰᠠᠭᠤᠯᠭᠠᠭᠠᠳ ᠬᠠᠳᠠᠭ ᠢᠶᠠᠨ ᠭᠠᠷᠳᠠᠭᠤᠯᠳᠠᠭ᠃ ᠬᠠᠳᠠᠭ ᠢᠶᠠᠨ ᠭᠠᠷᠳᠠᠭᠤᠯᠬᠤ ᠳᠠᠭᠠᠨ ᠬᠠᠳᠠᠭ ᠤᠨ ᠠᠮᠠ ᠶᠢ ᠬᠦᠯᠢᠶᠡᠨ ᠠᠪᠣᠭᠴᠢ ᠶᠢᠨ ᠥᠭᠡᠳᠡ ᠠᠴᠠ ᠬᠠᠨᠳᠣᠭᠤᠯᠣᠨ ᠬᠤᠶᠠᠷ ᠭᠠᠷ ᠤᠨ ᠠᠯᠠᠭᠠᠨ ᠳᠡᠭᠡᠷ᠎ᠡ ᠪᠠᠨ ᠳᠡᠯᠭᠡᠨ ᠠᠯᠳᠠᠯᠠᠨ ᠪᠠᠷᠢᠵᠦ᠂ ᠮᠡᠬᠦ᠋ᠢᠨ ᠶᠤᠰᠤᠯᠠᠵᠦ ᠭᠠᠷᠳᠠᠭᠤᠯᠳᠠᠭ᠂ ᠬᠠᠷᠢᠨ ᠲᠤᠯᠤᠭᠠᠢ ᠬᠦᠵᠦᠭᠦᠦ ᠳᠤ ᠨᠢ ᠵᠡᠭᠦᠯᠭᠡᠳᠡᠭ ᠪᠢᠰᠢ᠃ ᠬᠠᠳᠠᠭ ᠬᠦᠯᠢᠶᠡᠨ ᠠᠪᠣᠭᠴᠢ ᠨᠢ ᠬᠤᠶᠠᠷ ᠭᠠᠷ ᠤᠨ ᠠᠯᠠᠭ᠎ᠠ ᠪᠠᠨ ᠳᠡᠭᠡᠭᠰᠢ ᠬᠠᠨᠳᠣᠭᠤᠯᠣᠨ ᠬᠢᠴᠢᠶᠡᠩᠭᠦ᠋ᠢᠯᠡᠨ ᠲᠤᠰᠴᠦ ᠠᠪᠣᠭᠠᠳ ᠬᠠᠳᠠᠭ ᠤᠨ ᠲᠤᠯᠤᠭᠠᠢ ᠲᠠᠯ᠎ᠠ ᠶᠢ ᠪᠠᠷᠠᠭᠤᠨ ᠭᠠᠷ ᠤᠨ ᠢᠶᠠᠨ ᠠᠯᠠᠭᠠᠨ ᠳᠡᠭᠡᠷ᠎ᠡ ᠪᠠᠨ ᠲᠠᠯᠪᠢᠵᠦ᠂ ᠵᠡᠭᠦᠨ ᠭᠠᠷ ᠳᠡᠭᠡᠷ᠎ᠡ ᠪᠠᠨ ᠲᠤᠰᠴᠦ ᠠᠪᠳᠠᠭ᠂ ᠬᠠᠷᠢᠨ ᠲᠤᠯᠤᠭᠠᠢ ᠪᠠᠨ ᠪᠥᠬᠦ᠋ᠢᠵᠦ ᠥᠭᠳᠡᠭ ᠪᠢᠰᠢ ᠶᠣᠮ᠃ ᠡᠩ ᠤᠨ ᠪᠠᠶᠢᠳᠠᠯ ᠳᠤ ᠬᠡᠣᠬᠡᠳ ᠪᠠᠭᠠᠴᠣᠣᠯ ᠳᠤ ᠬᠠᠳᠠᠭ ᠪᠠᠷᠢᠳᠠᠭ ᠦᠭᠡᠢ᠃ ᠤᠳᠤ ᠮᠠᠰᠢ ᠤᠯᠠᠨ ᠵᠣᠭᠠᠴᠠᠯ ᠤᠨ ᠭᠠᠵᠠᠷ ᠳᠠᠭᠤᠣ ᠳᠠᠭᠤᠯᠠᠨ ᠵᠤᠴᠢᠨ ᠣᠭᠲᠣᠵᠦ ᠬᠠᠳᠠᠭ ᠢ ᠭᠥᠭᠰᠢᠨ ᠵᠠᠯᠠᠭᠤ ᠬᠡᠣᠬᠡᠳ ᠪᠠᠭᠠᠴᠣᠳ ᠭᠡᠵᠦ ᠢᠯᠭᠠᠬᠤ ᠦᠭᠡᠢ ᠰᠢᠭᠤᠳ ᠬᠦᠵᠦᠭᠦᠦ ᠳᠤ ᠨᠢ ᠵᠡᠭᠦᠯᠭᠡᠬᠦ ᠦᠵᠡᠭᠳᠡᠯ ᠨᠡᠶᠢᠲᠡᠮ ᠤᠷᠤᠰᠢᠵᠦ ᠪᠠᠶᠢᠨ᠎ᠠ᠂ ᠪᠠᠰᠠ ᠳᠡᠭᠡᠭᠡᠳ ᠲᠡᠭᠦᠨ ᠢᠶᠠᠨ ᠮᠤᠩᠭᠤᠯ ᠦᠨᠳᠦᠰᠦᠲᠡᠨ ᠤ ᠬᠦᠨᠳᠦᠳᠬᠡᠯ ᠭᠡᠬᠦ ᠶᠣᠮ᠃ ᠡᠨᠡ ᠪᠤᠯ ᠮᠠᠨ ᠤ ᠮᠤᠩᠭᠤᠯᠴᠣᠳ ᠤᠨ ᠬᠠᠳᠠᠭ ᠪᠠᠷᠢᠬᠤ ᠵᠠᠩ ᠦᠢᠯᠡ ᠶᠢ ᠭᠠᠵᠢᠭᠤᠳᠠᠭᠤᠯᠵᠦ᠂ ᠬᠠᠷᠢ ᠦᠨᠳᠦᠰᠦᠲᠡᠨ ᠳᠤ ᠡᠯᠡᠭ ᠪᠤᠯᠵᠦ ᠬᠤᠶᠢᠴᠢ ᠦᠶ᠎ᠡ ᠳᠡᠭᠡᠨ ᠪᠤᠷᠤᠭᠤ ᠣᠯᠠᠮᠵᠢᠯᠠᠵᠦ ᠪᠠᠶᠢᠭ᠎ᠠ ᠣᠴᠢᠷ ᠪᠤᠯᠬᠤ ᠶᠣᠮ᠃ ᠡᠷᠬᠡᠪᠰᠢ ᠵᠠᠯᠠᠷᠠᠭᠤᠯᠬᠤ ᠬᠡᠷᠡᠭᠲᠡᠢ︕
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号