ᠬᠤᠨᠢᠨ ᠤ ᠰᠢᠭᠦᠰᠦ ᠳᠡᠪᠰᠢᠭᠦᠯᠬᠦ ᠬᠢᠭᠡᠳ ᠰᠢᠭᠦᠰᠦᠨ ᠤ ᠢᠷᠦᠭᠡᠯ
ᠨᠡᠶᠢᠲᠡᠯᠡᠭᠰᠡᠨ ᠴᠠᠭ᠄
2023/3/31
      ᠮᠠᠨᠠᠶᠢᠬᠠᠨ ᠪᠥᠬᠦᠯᠢ ᠬᠤᠨᠢᠨ ᠰᠢᠭᠦᠰᠦ ᠶᠢ ᠡᠵᠡᠨ ᠪᠤᠭᠳᠠ ᠶᠢᠨ ᠲᠠᠬᠢᠯᠭ᠎ᠠ᠂ ᠥᠪᠡᠳᠡᠭᠰᠢ ᠶᠡᠭᠡ ᠨᠠᠶᠢᠷ ᠨᠠᠭᠠᠳᠣᠮ᠂ ᠬᠦᠨᠳᠦᠲᠦ ᠵᠤᠴᠢᠨ ᠢ ᠳᠠᠶᠢᠯᠠᠬᠤ ᠳᠠᠭᠠᠨ ᠲᠠᠯᠪᠢᠳᠠᠭ ᠪᠥᠭᠡᠳ ᠴᠥᠮ ᠲᠤᠭᠳᠠᠭᠰᠠᠨ ᠶᠤᠰᠤ ᠵᠢᠷᠣᠮ  ᠲᠠᠢ ᠪᠠᠶᠢᠳᠠᠭ᠃ ᠰᠢᠭᠦᠰᠦ ᠶᠢ ᠤᠷᠤᠭᠤᠯᠬᠤ ᠦᠶ᠎ᠡ ᠭᠡᠷ ᠤᠨ ᠡᠵᠡᠨ ᠪᠤᠶᠤ ᠠᠬᠠᠯᠠᠭᠴᠢ ᠠᠴᠠ ᠲᠣᠰᠬᠠᠢ ᠰᠢᠭᠦᠰᠦ ᠬᠥᠨᠳᠡᠬᠦ ᠬᠦᠮᠦᠨ ᠲᠤᠬᠢᠷᠠᠭᠤᠯᠵᠦ ᠬᠠᠰᠢᠳᠠᠭ᠂ ᠡᠭᠦᠨ ᠳᠤ ᠰᠢᠭᠦᠰᠦ ᠠᠴᠠ ᠡᠮᠦᠨ᠎ᠡ ᠭᠡᠷ ᠤᠨ ᠡᠵᠡᠨ ᠪᠤᠶᠤ ᠠᠬᠠᠯᠠᠭᠴᠢ ᠠᠴᠠ ᠳᠠᠶᠠᠭᠠᠷ ᠤᠯᠠᠨ ᠳᠤ ᠬᠡᠮ ᠰᠡᠷᠭᠦᠭᠡᠨ ᠶᠤᠰᠤ ᠣᠴᠢᠷ ᠭᠦᠢᠴᠡᠳᠬᠡᠵᠦ ᠪᠠᠷᠠᠭᠰᠠᠨ ᠤ ᠳᠠᠷᠠᠭ᠎ᠠ ᠰᠢᠭᠦᠰᠦ ᠡᠬᠢᠯᠡᠵᠦ ᠬᠥᠨᠳᠡᠬᠦ ᠵᠠᠩ ᠦᠢᠯᠡ ᠶᠢ ᠭᠦᠢᠴᠡᠳᠬᠡᠳᠡᠭ᠂ ᠭᠡᠬᠦ ᠳᠡᠭᠡᠨ ᠲᠣᠰᠬᠠᠢ ᠢᠷᠦᠭᠡᠯᠴᠢ ᠣᠷᠢᠵᠦ ᠭᠡᠷ  ᠤᠨ ᠡᠵᠡᠨ ᠠᠴᠠ ᠢᠷᠦᠭᠡᠯᠴᠢ ᠳᠤ ᠬᠡᠮ ᠰᠡᠷᠭᠦᠭᠡᠭᠰᠡᠨ ᠤ ᠳᠠᠷᠠᠭ᠎ᠠ ᠢᠷᠦᠭᠡᠯᠴᠢ ᠠᠴᠠ ᠰᠢᠭᠦᠰᠦᠨ ᠤ ᠢᠷᠦᠭᠡᠯ ᠬᠡᠯᠡᠳᠡᠭ᠃ ᠵᠢᠱᠢᠶᠡᠯᠡᠪᠡᠯ᠄ ︽ᠢᠷᠬᠡ ᠶᠢᠨ ᠰᠢᠭᠦᠰᠦ ᠶᠢᠨ ᠢᠷᠦᠭᠡᠯ︾ ᠳᠤ᠄ ᠁ ᠁ ᠴᠢᠩᠭᠢᠰ ᠪᠤᠭᠳᠠ ᠶᠢᠨ ᠲᠤᠭᠲᠠᠭᠰᠠᠨ ᠵᠢᠷᠣᠮ ᠴᠢᠩ ᠵᠤᠷᠢᠭᠲᠦ ᠮᠤᠩᠭᠤᠯᠴᠣᠳ ᠤᠨ ᠵᠠᠩᠰᠢᠯ ᠴᠢᠭᠴᠦ ᠦᠨᠡᠨ ᠰᠡᠳᠭᠢᠯ ᠤᠨ ᠮᠢᠨᠢ ᠪᠡᠯᠭᠡ ᠴᠡᠪᠡᠷ ᠠᠷᠢᠭᠤᠨ ᠢᠳᠡᠭᠡᠨ ᠤ ᠮᠢᠨᠢ ᠳᠡᠭᠡᠵᠢ ᠠᠯᠳᠠᠷ ᠴᠣᠣᠲᠦ ᠮᠤᠩᠭᠤᠯᠴᠣᠳ ᠤᠨ ᠮᠢᠨᠢ ᠵᠠᠩᠰᠢᠯ ᠠᠮᠠ ᠴᠠᠭᠠᠨ ᠢᠷᠭᠡᠨ ᠤ ᠮᠢᠨᠢ ᠰᠢᠭᠦᠰᠦ ᠠᠷᠢᠭᠤᠨ ᠣᠯᠠᠭᠠᠨ ᠵᠢᠷᠦᠬᠡᠨ ᠤ ᠪᠡᠯᠭᠡ ᠠᠮᠰᠠᠨ ᠳᠡᠭᠡᠵᠢᠯᠡᠬᠦ ᠢᠳᠡᠭᠡᠨ ᠤ ᠮᠢᠨᠢ ᠳᠡᠭᠡᠵᠢ ᠠᠭᠢ ᠲᠠᠭᠠᠨ᠎ᠠ ᠶᠢᠨ ᠢᠳᠡᠰᠢ ᠲᠠᠢ ᠷᠠᠰᠢᠶᠠᠨ ᠪᠣᠯᠠᠭ ᠤᠨ ᠣᠮᠳᠠ ᠲᠠᠢ ᠠᠷᠢᠭᠤᠨ ᠢᠳᠡᠭᠡᠨ ᠤ ᠳᠡᠭᠡᠵᠢ ᠠᠮᠠ ᠴᠠᠭᠠᠨ ᠢᠷᠬᠡ ᠶᠢᠨ ᠰᠢᠭᠦᠰᠦ ᠪᠠᠨ ᠽᠠᠨᠳᠠᠨ ᠮᠤᠳᠤᠨ ᠳᠡᠪᠰᠢᠨ ᠳᠤ ᠬᠢᠵᠦ ᠵᠠᠩᠭ᠎ᠠ ᠬᠡᠲᠦ ᠬᠢᠲᠤᠭ᠎ᠠ ᠪᠠᠷ ᠬᠥᠨᠳᠡᠭᠡᠳ ᠠᠶᠢᠯᠴᠢᠯᠠᠨ ᠢᠷᠡᠭᠰᠡᠨ ᠲᠠ ᠪᠥᠬᠦᠨ ᠳᠡᠭᠡᠨ ᠠᠩᠬ᠎ᠠ ᠶᠢᠨ ᠶᠤᠰᠤᠭᠠᠷ ᠡᠷᠭᠦᠨ ᠪᠠᠷᠢᠵᠦ ᠪᠠᠶᠢᠨ᠎ᠠ ᠁ ᠁ ᠪᠥᠭᠦᠳᠡᠭᠡᠷ ᠪᠠᠶᠠᠰᠣᠨ ᠵᠤᠭᠤᠭᠯᠠᠨ ᠵᠢᠷᠭᠠᠲᠣᠭᠠᠢ︕ ︽ᠵᠤᠮ᠎ᠠ ᠶᠢᠨ ᠢᠷᠦᠭᠡᠯ︾ ᠳᠤ᠄ ᠁ ᠁ ᠵᠣᠮ᠎ᠠ ᠭᠡᠭᠴᠢ ᠢᠳᠡᠭᠡᠨ ᠪᠤᠯ ᠪᠥᠬᠦᠯᠢ ᠰᠢᠭᠦᠰᠦᠨ ᠠᠴᠠ ᠬᠦᠨᠳᠦᠲᠡᠢ ᠢᠳᠡᠭᠡᠨ ᠪᠥᠭᠦᠳᠡ ᠶᠢᠨ ᠪᠣᠶᠠᠨ ᠢ ᠪᠡᠯᠭᠡᠳᠡᠳᠡᠭ ᠢᠳᠡᠭᠡᠨ ᠪᠣᠶᠠᠨ ᠬᠡᠰᠢᠭ ᠳᠡᠯᠭᠡᠷᠡᠭᠰᠡᠨ ᠢᠳᠡᠭᠡᠨ ᠪᠥᠷᠢᠨ ᠰᠠᠶᠢᠨ ᠤ ᠣᠴᠢᠷᠠᠯ ᠲᠠᠢ ᠢᠳᠡᠭᠡᠨ ᠡᠷᠳᠡᠨᠢ ᠪᠡᠶ᠎ᠡ ᠨᠢ ᠪᠥᠲᠦᠨ ᠢᠳᠡᠭᠡᠨ ᠡᠪᠡᠷ ᠲᠣᠭᠤᠷᠠᠢ ᠨᠢ ᠬᠥᠨᠳᠡᠭᠳᠡᠭᠡ ᠦᠭᠡᠢ ᠢᠳᠡᠭᠡᠨ ᠡᠷᠲᠡᠨ ᠤ ᠣᠯᠠᠮᠵᠢᠯᠠᠯ ᠢ ᠵᠠᠯᠭᠠᠭᠰᠠᠨ ᠢᠳᠡᠭᠡᠨ ᠡᠷᠡᠨ ᠴᠠᠭ ᠤᠨ ᠬᠦᠨᠳᠦᠳᠬᠡᠯ ᠢᠳᠡᠭᠡᠨ ᠪᠢᠯᠡ ᠁ ᠁ ᠬᠡᠭᠦ ᠮᠡᠲᠦ ᠪᠠᠷ ᠢᠷᠦᠭᠡᠯᠴᠢ ᠢᠷᠦᠭᠡᠯ ᠲᠠᠯᠪᠢᠵᠦ ᠪᠠᠷᠠᠭᠰᠠᠨ ᠤ ᠳᠠᠷᠠᠭ᠎ᠠ ᠲᠣᠰᠬᠠᠢ ᠲᠤᠮᠢᠯᠠᠭᠰᠠᠨ ᠰᠢᠭᠦᠰᠦ ᠬᠥᠨᠳᠡᠭᠴᠢ ᠠᠴᠠ ᠡᠬᠢᠯᠡᠵᠦ ᠬᠥᠨᠳᠡᠨ᠎ᠡ᠂ ᠬᠥᠨᠳᠡᠬᠦ ᠳᠡᠭᠡᠨ ᠴᠥᠮ ᠮᠥᠩᠭᠦᠨ ᠬᠤᠢ ᠲᠠᠢ ᠮᠤᠩᠭᠤᠯ ᠬᠢᠲᠤᠭ᠎ᠠ ᠬᠡᠷᠡᠭᠯᠡᠨ᠎ᠡ᠃ ᠰᠢᠭᠦᠰᠦ ᠬᠥᠨᠳᠡᠬᠦ ᠠᠷᠭ᠎ᠠ ᠮᠠᠶ᠋ᠢᠭ ᠨᠢ ᠡᠯ᠎ᠡ ᠭᠠᠵᠠᠷ ᠤᠷᠤᠨ ᠤ ᠬᠠᠷᠢᠯᠴᠠᠨ ᠵᠥᠷᠢᠶᠡᠨ ᠲᠠᠢ ᠪᠠᠶᠢᠳᠠᠭ᠂ ᠴᠠᠬᠠᠷ ᠤᠨ ᠨᠡᠶᠢᠳᠡᠯᠢᠭ ᠰᠢᠨᠵᠢ ᠪᠥᠬᠦᠢ ᠰᠢᠭᠦᠰᠦ ᠬᠥᠨᠳᠡᠬᠦ ᠶᠠᠪᠣᠴᠠ ᠪᠠᠷ ᠵᠢᠱᠢᠶᠡᠯᠡᠪᠡᠯ᠄ ᠰᠢᠷᠡᠭᠡᠨ ᠳᠤ ᠰᠠᠭᠤᠭᠰᠠᠨ ᠭᠤᠤᠯ ᠡᠵᠡᠨ ᠠᠴᠠ ᠬᠢᠲᠤᠭ᠎ᠠ ᠶᠢ ᠠᠪᠴᠦ᠂ ᠰᠢᠭᠦᠰᠦᠨ ᠳᠡᠭᠡᠷ᠎ᠡ ᠲᠠᠯᠪᠢᠭ᠎ᠠ ᠬᠤᠨᠢᠨ ᠲᠤᠯᠤᠭᠠᠢ  ᠶᠢᠨ ᠮᠠᠩᠨᠠᠢ ᠳᠤ ᠲᠤᠨᠤᠯᠵᠢᠨ ᠲᠡᠮᠳᠡᠭ ᠵᠢᠷᠣᠵᠦ ᠭᠠᠷᠭᠠᠭᠠᠳ ᠬᠢᠲᠤᠭ᠎ᠠ ᠪᠠᠨ ᠲᠣᠰᠬᠠᠢ ᠰᠢᠭᠦᠰᠦ ᠬᠥᠨᠳᠡᠭᠴᠢ ᠳᠤ ᠥᠭᠭᠦᠨ᠎ᠡ᠂ ᠰᠢᠭᠦᠰᠦ ᠬᠥᠨᠳᠡᠭᠴᠢ ᠨᠢ ᠣᠷᠢᠳᠠᠪᠡᠷ ᠲᠤᠯᠤᠭᠠᠢ ᠶᠢ ᠠᠪᠴᠦ ᠰᠡᠭᠦᠯ ᠤᠨ ᠬᠡᠰᠡᠭ ᠠᠴᠠ ᠣᠭᠤᠷᠠᠭ ᠰᠡᠭᠦᠯ ᠢ ᠤᠭᠲᠤᠯᠠᠵᠦ ᠠᠪᠣᠭᠠᠳ ᠪᠢᠴᠢᠬᠠᠨ ᠲᠠᠪᠠᠭ ᠲᠤ ᠬᠢᠵᠦ᠂ ᠡᠵᠡᠨ ᠠᠶᠢᠯ ᠤᠨ ᠪᠣᠷᠬᠠᠨ ᠳᠤ ᠡᠷᠭᠦᠵᠦ ᠳᠡᠪᠰᠢᠭᠦᠯᠦᠭᠰᠡᠨ ᠬᠤᠶᠢᠨ᠎ᠠ ᠵᠥᠪ ᠭᠠᠷ ᠲᠠᠯ᠎ᠠ ᠳᠠᠷᠣᠢ ᠣᠭᠤᠴᠠᠨ ᠤ ᠪᠠᠷᠠᠭᠤᠨ ᠬᠠᠵᠠᠭᠤ ᠰᠡᠭᠦᠯ ᠡᠲᠡᠭᠡᠳ ᠠᠴᠠ ᠭᠠᠳᠠᠭᠰᠢ ᠪᠠᠨ ᠵᠦᠰᠦᠵᠦ ︵ᠳᠥᠷᠪᠡᠨ ᠬᠤᠷᠣᠭᠤ ᠬᠢᠷᠢᠲᠡᠢ ᠥᠷᠭᠡᠨ︶ ᠳᠠᠷᠠᠭ᠎ᠠ ᠨᠢ ᠵᠡᠭᠦᠨ ᠲᠠᠯ᠎ᠠ ᠠᠴᠠ ᠨᠢ ᠠᠳᠠᠯᠢ  ᠪᠠᠷ ᠵᠦᠰᠦᠨ᠎ᠡ᠂ ᠡᠭᠦᠨ ᠢ ᠣᠭᠤᠴᠠ ᠬᠠᠰᠢᠬᠤ ᠭᠡᠳᠡᠭ᠂ ᠢᠩᠭᠢᠵᠦ ᠬᠠᠰᠢᠵᠦ ᠠᠪᠣᠭᠰᠠᠨ ᠬᠡᠰᠡᠭ ᠢᠶᠠᠨ ᠵᠡᠭᠦᠨ ᠲᠠᠯ᠎ᠠ ᠶᠢᠨ ᠬᠢ ᠨᠢ ᠪᠠᠷᠠᠭᠤᠨ ᠲᠠᠯ᠎ᠠ ᠳᠤ᠂ ᠪᠠᠷᠠᠭᠤᠨ ᠲᠠᠯ᠎ᠠ ᠶᠢᠨ ᠬᠢ ᠨᠢ ᠵᠡᠭᠦᠨ ᠲᠠᠯ ᠳᠤ ᠲᠠᠯᠪᠢᠭᠰᠠᠨ ᠤ ᠳᠠᠷᠠᠭ᠎ᠠ ᠬᠢᠲᠤᠭ᠎ᠠ ᠶᠢᠨ ᠡᠰᠢ ᠶᠢ ᠵᠤᠴᠢᠨ ᠵᠦᠭ ᠬᠠᠨᠳᠣᠭᠤᠯᠣᠨ ᠲᠠᠯᠪᠢᠬᠤ ᠳᠤ ᠭᠤᠤᠯ ᠵᠤᠴᠢᠨ ᠨᠢ ᠬᠢᠲᠤᠭ᠎ᠠ ᠶᠢ ᠠᠪᠴᠦ ᠣᠭᠤᠴᠠ ᠶᠢᠨ ᠲᠦᠷᠦᠭᠦᠦ ᠡᠲᠡᠭᠡᠳ ᠠᠴᠠ ᠨᠢᠭᠡ ᠭᠡᠰᠡᠭ ᠢ ᠤᠭᠲᠣᠯᠣᠨ ᠭᠠᠯ ᠳᠤ ᠡᠷᠭᠦᠭᠰᠡᠨ ᠤ ᠳᠠᠷᠠᠭ᠎ᠠ ᠰᠠᠶ᠋ᠢ ᠭᠤᠤᠯ ᠵᠤᠴᠢᠨ ᠠᠴᠠ ᠲᠦᠷᠦᠭᠦᠯᠡᠨ ᠪᠥᠭᠦᠳᠡᠭᠡᠷ ᠢᠶᠠᠨ ᠢᠳᠡᠵᠦ ᠡᠬᠢᠯᠡᠳᠡᠭ᠂ ᠡᠭᠦᠨ ᠠᠴᠠ ᠭᠠᠳᠠᠨ᠎ᠠ ᠴᠠᠬᠠᠷ ᠲᠤ ᠲᠥᠭᠡᠨ᠎ᠡ ᠠᠮᠰᠠᠭᠤᠯᠬᠤ ᠦᠵᠡᠭᠳᠡᠯ ᠲᠥᠭᠡᠮᠡᠯ ᠬᠠᠷᠠᠭᠳᠠᠳᠠᠭ᠂ ᠳᠠᠷᠣᠢ ᠰᠢᠭᠦᠰᠦᠨ ᠤ ᠢᠷᠦᠭᠡᠯ ᠤᠨ ᠳᠠᠷᠠᠭ᠎ᠠ ᠲᠣᠰᠬᠠᠢ ᠬᠥᠨᠳᠡᠭᠴᠢ ᠨᠢ ᠬᠢᠲᠤᠭ᠎ᠠ ᠶᠢ ᠠᠪᠴᠦ ᠬᠤᠨᠢᠨ ᠲᠤᠯᠤᠭᠠᠢ ᠶᠢᠨ ᠮᠠᠩᠨᠠᠢ ᠳᠤ ᠲᠤᠨᠤᠯᠵᠢᠨ ᠵᠢᠷᠣᠭᠠᠰᠦ ᠵᠢᠷᠣᠭᠰᠠᠨ ᠤ ᠬᠤᠶᠢᠨ᠎ᠠ ᠰᠡᠭᠦᠯ ᠤᠨ ᠬᠡᠰᠡᠭ ᠠᠴᠠ ᠨᠠᠷᠢᠨ ᠵᠦᠰᠦᠵᠦ ᠵᠢᠵᠢᠭᠯᠡᠨ ᠬᠡᠰᠡᠭᠯᠡᠭᠡᠳ ᠮᠠᠩᠨᠠᠢ ᠳᠡᠭᠡᠷ᠎ᠡ ᠨᠢ ᠲᠠᠯᠪᠢᠵᠦ᠂ ᠲᠡᠭᠷᠢ ᠭᠠᠵᠠᠷ ᠲᠤ ᠡᠷᠭᠦᠭᠰᠡᠨ ᠤ ᠳᠠᠷᠠᠭ᠎ᠠ ᠬᠤᠨᠢᠨ ᠲᠤᠯᠤᠭᠠᠢ ᠪᠠᠨ ᠲᠣᠰᠬᠠᠢ ᠲᠠᠪᠠᠭ ᠳᠡᠭᠡᠷ᠎ᠡ ᠲᠠᠯᠪᠢᠵᠦ᠂ ︽ᠲᠥᠭᠡᠨ᠎ᠡ ᠶᠢ ᠲᠥᠮᠡᠨ ᠢᠶᠠᠷ︾ ᠭᠡᠵᠦ ᠭᠤᠤᠯ ᠵᠤᠴᠢᠨ ᠪᠠ ᠠᠬᠠᠮᠠᠳ ᠤᠨ ᠰᠢᠷᠡᠭᠡᠨ ᠠᠴᠠ ᠡᠬᠢᠯᠡᠨ ᠰᠢᠷᠡᠭᠡ ᠲᠤᠭᠤᠷᠢᠵᠦ ᠪᠥᠭᠦᠳᠡ ᠳᠤ ᠠᠮᠰᠠᠭᠤᠯᠳᠠᠭ᠃ ᠤᠳᠤ ᠤᠯᠠᠩᠬᠢ ᠭᠠᠵᠠᠷ ᠲᠤ ᠵᠣᠮ᠎ᠠ ᠭᠠᠷᠭᠠᠭᠰᠠᠨ ᠪᠠᠶᠢᠲᠠᠯ᠎ᠠ ᠵᠣᠮ᠎ᠠ ᠶᠢᠨ ᠢᠷᠦᠭᠡᠯ ᠬᠡᠯᠡᠬᠦ ᠦᠭᠡᠢ ᠪᠥᠷ ᠢᠷᠬᠡ ᠶᠢᠨ ᠰᠢᠭᠦᠰᠦᠨ ᠤ ᠢᠷᠦᠭᠡᠯ ᠳᠠᠯᠪᠢᠵᠦ ᠪᠠᠶᠢᠬᠤ ᠪᠥᠭᠡᠳ ᠬᠡᠳᠦ ᠬᠡᠳᠦᠨ ᠬᠦᠮᠦᠨ ᠢᠶᠠᠷ ᠬᠠᠮᠢᠶ᠎ᠠ ᠨᠠᠮᠢᠶ᠎ᠠ ᠦᠭᠡᠢ ᠬᠥᠨᠳᠡᠭᠦᠯᠵᠦ ᠪᠠᠶᠢᠨ᠎ᠠ᠂ ᠡᠨᠡ ᠪᠤᠯ ᠪᠣᠷᠣᠭᠤ ᠶᠣᠮ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号