100 g ᠬᠠᠷ᠎ᠠ ᠪᠤᠷᠴᠠᠭ ᠲᠤ ᠪᠠᠷᠤᠭ 220 mg ᠺᠠᠯᠼ ᠠᠭᠤᠯᠤᠭᠳᠠᠵᠤ ᠪᠠᠶᠢᠳᠠᠭ᠃ ᠬᠡᠳᠦ᠋ᠢᠪᠡᠷ | ᠺᠠᠯᠼ ᠤᠨ ᠠᠭᠤᠯᠤᠭᠳᠠᠴᠠ ᠳᠣᠣᠷ᠎ᠠ ᠪᠢᠰᠢ ᠪᠣᠯᠪᠠᠴᠤ ᠬᠠᠷ᠎ᠠ ᠪᠤᠷᠴᠠᠭ ᠵᠡᠷᠭᠡ ᠪᠤᠷᠴᠠᠭ ᠤᠨ ᠲᠦᠷᠥᠯ ᠳᠤ ᠨᠡᠯᠢᠶᠡᠳ | ᠠᠷᠪᠢᠨ ᠤᠷᠭᠤᠮᠠᠯ ᠤᠨ ᠬᠦᠴᠢᠯ ᠠᠭᠤᠯᠤᠭᠳᠠᠵᠤ᠂ ᠺᠠᠯᠼ ᠲᠠᠢ ᠠᠮᠠᠷᠬᠠᠨ ᠨᠡᠶᠢᠯᠡᠵᠦ ᠬᠥᠮᠦᠨ ᠤ ᠪᠡᠶ᠎ᠡ ᠳᠤ ᠬᠢᠯᠪᠠᠷ | ᠰᠢᠩᠭᠡᠭᠡᠭᠳᠡᠬᠦ ᠦᠭᠡᠢ ᠤᠷᠭᠤᠮᠠᠯ ᠤᠨ ᠬᠦᠴᠢᠯ ᠤᠨ ᠺᠠᠯᠼ ᠪᠣᠯᠳᠠᠭ᠃ | ᠪᠤᠷᠴᠠᠭ ᠤᠨ ᠵᠤᠲᠠᠩ ᠪᠣᠯᠣᠨ᠎ᠠ ᠤᠤ︖ ᠭᠡᠵᠦ ᠵᠠᠷᠢᠮ ᠬᠥᠮᠦᠨ ᠠᠰᠠᠭᠤᠵᠤ ᠮᠡᠳᠡᠨ᠎ᠡ᠃ ᠪᠣᠯᠬᠤ ᠥᠬᠡᠶ︕ | 100 g ᠪᠤᠷᠴᠠᠭ ᠤᠨ ᠵᠤᠲᠠᠩ ᠳᠤ ᠵᠥᠪᠬᠡᠨ 10 mg ᠣᠷᠴᠢᠮ ᠺᠠᠯᠼ ᠠᠭᠤᠯᠵᠤ᠂ ᠪᠤᠷᠴᠠᠭ ᠤᠨ ᠵᠤᠲᠠᠩ ᠳᠤ | ᠨᠡᠯᠢᠶᠡᠳ ᠠᠷᠪᠢᠨ ᠤᠰᠤ ᠠᠭᠤᠯᠵᠤ ᠪᠠᠶᠢᠬᠤ ᠮᠥᠷᠲᠡᠭᠡᠨ ᠬᠢᠬᠦ ᠶᠠᠪᠤᠴᠠ ᠳᠠᠭᠠᠨ ᠵᠤᠭᠠᠩ᠂ ᠬᠠᠯᠤᠬᠧᠨ ᠵᠡᠷᠭᠡ | ᠺᠠᠯᠼ ᠤᠨ ᠠᠭᠤᠯᠤᠭᠳᠠᠴᠠ ᠨᠡᠯᠢᠶᠡᠳ ᠥᠨᠳᠥᠷ ᠪᠣᠳᠠᠰ ᠢ ᠨᠡᠮᠡᠳᠡᠭ ᠦᠭᠡᠢ᠂ ᠡᠶᠢᠮᠦ ᠠᠴᠠ ᠲᠡᠭᠦᠨ ᠤ ᠠᠭᠤᠯᠵᠤ | ᠪᠠᠶᠢᠭ᠎ᠠ ᠺᠠᠯᠼ ᠤᠨ ᠠᠭᠤᠯᠤᠭᠳᠠᠴᠠ ᠲᠦᠢᠯ ᠤᠨ ᠪᠠᠭ᠎ᠠ ᠪᠠᠶᠢᠳᠠᠭ᠃ ᠪᠤᠷᠴᠠᠭ ᠢ ᠬᠠᠭᠤᠷᠴᠤ ᠪᠤᠷᠴᠠᠭ ᠤᠨ ᠤᠭᠤᠷᠠᠭ | ᠪᠣᠯᠭᠠᠪᠠᠯ᠂ ᠨᠠᠩ ᠠᠷᠪᠢᠨ ᠺᠠᠯᠼ ᠨᠢ ᠪᠤᠷᠴᠠᠭ ᠤᠨ ᠰᠢᠭᠠᠷᠤ ᠳᠣᠲᠣᠷ᠎ᠠ ᠦᠯᠡᠳᠡᠨ᠎ᠡ᠃ ᠡᠶᠢᠮᠦ ᠠᠴᠠ᠂ ᠬᠠᠷ᠎ᠠ | ᠪᠤᠷᠴᠠᠭ ᠢᠳᠡᠬᠦ᠂ ᠪᠤᠷᠴᠠᠭ ᠤᠨ ᠵᠤᠲᠠᠩ ᠤᠤᠭᠤᠵᠤ ᠺᠠᠯᠼ ᠨᠥᠬᠦᠪᠥᠷᠢᠯᠡᠬᠦ ᠠᠷᠭ᠎ᠠ ᠮᠠᠶ᠋ᠢᠭ ᠢ ᠴᠤ ᠰᠠᠨᠠᠭᠠᠴᠢᠯᠠᠬᠤ | ᠥᠬᠡᠶ᠃ | ᠦᠨᠢᠶᠡᠨ ᠰᠦ᠄ ᠨᠠᠰᠤᠨ ᠳᠤ ᠭᠦᠷᠦᠭᠰᠡᠳ ᠡᠳᠦᠷ ᠪᠦᠷᠢ 300 g ᠰᠦ ᠪᠤᠶᠤ ᠴᠠᠭᠠᠨ ᠢᠳᠡᠭᠡ ᠤᠤᠭᠤᠵᠦ | ᠢᠳᠡᠬᠦ ᠶᠢ ᠰᠠᠨᠠᠭᠤᠯᠤᠶ᠎ᠠ᠃ | ᠪᠤᠷᠴᠠᠭ ᠤᠨ ᠢᠳᠡᠭᠡᠨ᠄ ᠳ᠋ᠧᠦᠹᠦ᠋ ᠶᠢᠨ ᠲᠦᠷᠣᠯ ᠪᠣᠯ ᠺᠠᠯᠼ ᠤᠨ ᠠᠭᠤᠯᠤᠭᠳᠠᠴᠠ ᠨᠡᠯᠢᠶᠡᠳ ᠥᠨᠳᠥᠷ | ᠪᠤᠷᠴᠠᠭ ᠤᠨ ᠲᠦᠷᠣᠯ ᠵᠦᠢᠯ ᠪᠣᠯᠣᠨ᠎ᠠ᠃ | ᠨᠣᠭᠤᠭᠠᠨ ᠨᠠᠪᠴᠢᠲᠤ ᠢᠳᠡᠰᠢᠨ ᠨᠣᠭᠤᠭ᠎ᠠ᠄ ᠡᠳᠦᠷ ᠪᠦᠷᠢ 300 g ᠠᠴᠠ 500 g ᠢᠳᠡᠨ᠎ᠡ᠃ | ᠨᠣᠭᠤᠭ᠎ᠠ ᠬᠠᠭᠤᠷᠬᠤ ᠠᠴᠠ ᠡᠮᠦᠨ᠎ᠡ ᠢᠳᠡᠰᠢᠨ ᠨᠣᠭᠤᠭ᠎ᠠ ᠶᠢ ᠤᠰᠤᠨ ᠳᠤ ᠴᠢᠨᠠᠵᠣ᠂ ᠡᠪᠡᠰᠦᠨ ᠬᠦᠴᠢᠯ᠂ | ᠤᠷᠭᠤᠮᠠᠯ ᠤᠨ ᠬᠦᠴᠢᠯ ᠵᠡᠷᠭᠡ ᠪᠣᠳᠠᠰ ᠤᠨ ᠺᠠᠯᠼ ᠰᠢᠩᠭᠡᠭᠡᠬᠦ ᠨᠣᠷᠮ᠎ᠠ ᠶᠢ ᠨᠥᠯᠥᠭᠡᠯᠡᠬᠦ ᠠᠴᠠ ᠵᠠᠶᠢᠯᠠᠰᠬᠢᠬᠦ ᠶᠢ | ᠰᠠᠨᠠᠭᠤᠯᠤᠶ᠎ᠠ᠃ | ᠭᠡᠷ ᠤᠨ ᠭᠠᠳᠠᠨ᠎ᠠ ᠵᠣᠬᠢᠰᠲᠠᠶ ᠬᠥᠳᠡᠯᠭᠡᠭᠡᠨ ᠬᠢᠵᠦ᠂ ᠸᠢᠲ᠋ᠠᠮᠢᠨ D ᠨᠥᠬᠦᠪᠥᠷᠢᠯᠡᠨ᠎ᠡ᠃ ᠭᠠᠳᠠᠭᠰᠢ ᠭᠠᠷᠴᠤ | ᠬᠥᠳᠡᠯᠭᠡᠭᠡᠨ ᠬᠢᠵᠤ᠂ ᠨᠡᠷᠡᠨ ᠳᠤ ᠵᠣᠬᠢᠰᠲᠠᠶ ᠡᠭᠡᠭᠡᠵᠦ᠂ ᠠᠷᠠᠰᠤᠨ ᠳᠤ ᠸᠢᠲ᠋ᠠᠮᠢᠨ D ᠰᠢᠩᠭᠡᠭᠡᠨ᠎ᠡ᠂ ᠭᠡᠬᠦ ᠳᠡᠭᠡᠨ | ᠨᠡᠷᠡᠨ ᠳᠤ ᠡᠭᠡᠭᠡᠬᠦ ᠴᠠᠭ ᠪᠠ ᠬᠦᠴᠦᠯᠡᠴᠡ ᠶᠢ ᠠᠩᠬᠠᠷᠴᠤ᠂ ᠠᠷᠠᠰᠤ ᠶᠢ ᠭᠡᠮᠲᠦᠭᠡᠬᠦ ᠠᠴᠠ ᠰᠡᠷᠭᠡᠶᠢᠯᠡᠬᠦ ᠬᠡᠷᠡᠭᠲᠡᠶ᠃ | ᠬᠡᠷᠪᠡ ᠨᠡᠷᠡᠨ ᠤ ᠭᠡᠷᠡᠯ ᠪᠠᠭᠤᠷᠠᠢ ᠪᠤᠶᠤ ᠬᠡᠳᠦ ᠬᠦᠷᠡᠩ ᠰᠠᠴᠤᠷᠠᠭ ᠠᠴᠠ ᠠᠶᠤᠵᠤ ᠪᠠᠶᠢᠪᠠᠯ᠂ ᠪᠠᠰᠠ ᠸᠢᠲ᠋ᠠᠮᠢᠨ D | ᠨᠥᠬᠦᠪᠥᠷᠢ ᠡᠮ ᠤᠤᠭᠤᠵᠤ ᠪᠣᠯᠤᠨ᠎ᠠ᠂ ᠡᠳᠦᠷ ᠪᠦᠷᠢ 400 ᠨᠢᠭᠡᠴᠢ ᠠᠴᠠ ᠬᠡᠳᠦᠷᠡᠭᠦᠯᠵᠦ ᠪᠣᠯᠬᠤ ᠦᠭᠡᠢ᠃ | ᠶᠠᠰᠤᠨ ᠱᠦᠯᠤ ᠺᠠᠯᠼ ᠨᠥᠬᠦᠪᠥᠷᠢᠯᠡᠬᠦ ᠨᠢ ᠨᠠᠶᠢᠳᠠᠪᠤᠷᠢ ᠦᠭᠡᠢ᠂ ᠰᠠᠮ ᠬᠤᠷᠣᠬᠠᠢ ᠶᠢᠨ ᠬᠠᠯᠢᠰᠤ ᠢᠳᠡᠵᠦ | ᠺᠠᠯᠼ ᠨᠥᠬᠦᠪᠥᠷᠢᠯᠡᠬᠦ ᠨᠢ ᠴᠤ ᠰᠢᠨᠵᠢᠯᠡᠬᠦ ᠤᠬᠠᠭᠠᠨᠴᠢ ᠪᠢᠰᠢ᠂ ᠺᠠᠯᠼ ᠶᠡᠬᠡᠲᠡᠢ ᠰᠦ ᠪᠠᠷ ᠺᠠᠯᠼ ᠨᠥᠬᠦᠪᠥᠷᠢᠯᠡᠬᠦ ᠴᠦ | ᠪᠣᠯᠤᠮᠵᠢ ᠦᠭᠡᠢ ᠪᠠᠶᠢᠵᠤ ᠮᠡᠳᠡᠨ᠎ᠡ᠂ ᠣᠯᠠᠨ ᠢᠶᠠᠷ ᠢᠶᠠᠨ ᠰᠢᠨᠵᠢᠯᠡᠬᠦ ᠤᠬᠠᠭᠠᠨᠴᠢ ᠪᠠᠷ ᠺᠠᠯᠼ ᠨᠥᠬᠦᠪᠥᠷᠢᠯᠡᠭᠡᠷᠡᠢ︕ |