ᠡᠨᠡ ᠰᠢᠪᠠᠵᠢ ᠠᠴᠠ ᠬᠢᠴᠢᠶᠡᠭᠡᠷᠡᠶ
ᠨᠡᠶᠢᠲᠡᠯᠡᠭᠰᠡᠨ ᠴᠠᠭ᠄
2022/8/10
      ᠵᠣᠨ ᠤ ᠤᠯᠠᠷᠢᠯ ᠳᠤ ᠡᠯ᠎ᠡ ᠵᠦᠢᠯ ᠤᠨ ᠰᠢᠮᠠᠭᠤᠯ ᠪᠠᠲᠠᠭᠠᠨ᠎ᠠ ᠠᠷᠪᠢᠵᠢᠬᠤ ᠪᠤᠯᠤᠨ᠎ᠠ᠃ ᠡᠭᠦᠨ ᠳᠤ᠂ ᠡᠶᠢᠮᠦ ᠨᠢᠭᠡᠨ ᠵᠢᠵᠢᠭ ᠰᠢᠪᠠᠵᠢ ᠪᠠᠶᠢᠳᠠᠭ᠂ ᠲᠡᠷᠡ ᠨᠢ ᠦᠷᠭᠦᠯᠵᠢ ᠡᠪᠡᠰᠦᠲᠦ ᠣᠶ ᠢᠭᠴᠤ ᠰᠠᠬᠤᠯᠢᠭ ᠭᠠᠵᠠᠷ ᠢᠯᠡᠷᠡᠳᠡᠭ᠂ ᠬᠡᠳᠦ᠋ᠢᠪᠡᠷ ᠪᠡᠶ᠎ᠡ ᠨᠢ ᠮᠠᠰᠢ ᠪᠠᠭ᠎ᠠ ᠪᠣᠯᠪᠠᠴᠤ᠂ ᠬᠠᠷᠢᠨ ︽ᠠᠮᠢ ᠪᠣᠯᠢᠶᠠᠬᠤ ᠴᠢᠰᠤ ᠰᠣᠷᠣᠭᠴᠢ ᠬᠤᠷᠣᠬᠠᠶ︾ ᠪᠠᠶᠢᠵᠤ ᠂ ᠬᠥᠮᠦᠨ ᠤ ᠪᠡᠶ᠎ᠡ ᠳᠤ ᠰᠢᠬᠢᠳᠤᠨ ᠣᠷᠣᠵᠤ ᠴᠢᠰᠤ ᠰᠤᠷᠤᠳᠠᠭ᠃ ᠡᠨᠡ ᠪᠣᠯ ᠳᠠᠷᠤᠶ ᠱᠠᠯᠵᠠ ᠬᠤᠷᠣᠬᠠᠶ ᠪᠤᠯᠤᠨ᠎ᠠ᠂ ᠪᠠᠰᠠ ᠭᠠᠴᠠᠭ ᠭᠡᠳᠡᠭ᠂ ᠲᠤᠮᠤ ᠪᠤᠯᠤᠭᠰᠠᠭᠠᠷ ᠬᠤᠪᠢᠯᠵᠠ ᠪᠤᠯᠤᠨ᠎ᠠ᠃ ᠦᠷᠭᠦᠯᠵᠢ ᠠᠭᠤᠯᠠ ᠲᠤᠪᠤᠴᠠᠭ᠂ ᠣᠶ ᠰᠢᠭᠤᠶ᠂ ᠡᠪᠡᠰᠦ ᠪᠤᠲᠠ᠂ ᠦᠬᠡᠷ ᠬᠤᠨᠢᠨ ᠤ ᠠᠷᠠᠰᠤ ᠨᠤᠤᠰᠤᠨ ᠤ ᠬᠤᠭᠤᠷᠣᠨᠳᠣ ᠨᠢᠭᠤᠭᠳᠠᠵᠤ ᠪᠠᠶᠢᠳᠠᠭ᠃ ᠲᠡᠭᠦᠨ ᠤ ᠦᠰᠦᠯᠲᠠ ᠪᠤᠶᠢᠵᠢᠯᠳᠠ ᠶᠢᠨ ᠱᠠᠲᠤ ᠦᠶ᠎ᠡ ᠪᠦᠷᠢ ᠨᠢ ᠡᠷᠬᠡᠪᠰᠢ ᠴᠢᠰᠤ ᠰᠣᠷᠣᠵᠤ ᠠᠮᠢᠳᠤᠷᠠᠬᠤ ᠴᠢᠬᠤᠯᠠᠲᠠᠢ᠃ ᠱᠠᠯᠵᠠ ᠳᠤ ᠬᠠᠵᠠᠭᠳᠠᠬᠤ ᠶᠢᠨ ᠬᠤᠤᠷ ᠬᠥᠨᠥᠭᠡᠯ ᠨᠢ ᠴᠢᠰᠤ ᠰᠣᠷᠣᠬᠤ ᠲᠡᠳᠤᠢ ᠲᠠᠶᠢᠮᠤ ᠲᠦᠭᠦᠮᠬᠡᠨ ᠶᠠᠪᠤᠳᠠᠯ ᠪᠢᠰᠢ᠂ ᠬᠠᠷᠢᠨ ᠲᠡᠭᠦᠨ ᠤ ᠴᠢᠰᠤ ᠰᠣᠷᠣᠬᠤ ᠶᠠᠪᠤᠴᠠ ᠳᠤ ᠲᠠᠷᠬᠠᠭᠰᠠᠨ ᠬᠤᠤᠷ ᠲᠤ ᠪᠤᠢ᠃ ᠪᠠᠶᠢᠭᠠᠯᠢ ᠶᠢᠷᠲᠢᠨᠴᠦ ᠳᠤ᠂ ᠱᠠᠯᠵᠠ ᠪᠣᠯ ᠪᠠᠲᠠᠭᠠᠨ᠎ᠠ ᠶᠢᠨ ᠳᠠᠷᠠᠭ᠎ᠠ ᠣᠷᠣᠬᠤ ᠬᠤᠶᠠᠳᠤᠭᠠᠷ ᠶᠡᠭᠡ ᠬᠢᠵᠢᠭ ᠲᠠᠷᠬᠠᠭᠴᠢ ᠮᠥᠨ᠂ ᠲᠡᠭᠦᠨ ᠤ ᠠᠪᠴᠤ ᠶᠠᠪᠤᠭ᠎ᠠ ᠡᠪᠡᠳᠴᠢᠨ ᠡᠭᠦᠰᠭᠡᠭᠴᠢ ᠨᠢ ᠸᠢᠷᠦ᠋ᠰ᠂ ᠪᠠᠺᠲ᠋ᠧᠷᠢ᠂ ᠰᠢᠮᠡᠭᠦᠷ ᠬᠤᠷᠣᠬᠠᠶ᠂ ᠵᠢᠴᠢ ᠬᠤᠣᠷᠲᠤ ᠡᠳ᠋ ᠵᠡᠷᠭᠡ ᠶᠢ ᠪᠠᠭᠲᠠᠭᠠᠭᠰᠠᠨ ᠵᠠᠭᠤ ᠭᠠᠷᠤᠶ ᠵᠦᠢᠯ ᠠᠴᠠ ᠳᠠᠪᠠᠭ᠋ᠤ ᠪᠣᠯᠤᠨ᠎ᠠ᠂ ᠡᠭᠦᠨ ᠳᠤ ᠠᠷᠪᠠᠨ ᠬᠡᠳᠦᠨ ᠵᠦᠢᠯ ᠤᠨ ᠡᠪᠡᠳᠴᠢᠨ ᠡᠭᠦᠰᠭᠡᠭᠴᠢ ᠨᠢ ᠬᠥᠮᠦᠨ ᠤ ᠮᠠᠬᠠᠪᠤᠳ ᠢ ᠡᠪᠡᠳᠴᠢᠯᠡᠭᠦᠯᠳᠡᠭ᠃      ᠵᠢᠯ ᠪᠦᠷᠢ ᠶᠢᠨ 4 — 10 ᠰᠠᠷ᠎ᠠ ᠪᠣᠯ ᠱᠠᠯᠵᠠ ᠬᠤᠪᠢᠯᠵᠠ ᠶᠢᠨ ᠡᠪᠡᠳᠴᠢᠨ ᠣᠯᠠᠨ ᠡᠭᠦᠰᠬᠦ ᠬᠤᠭᠤᠴᠠᠭ᠎ᠠ ᠪᠣᠯᠣᠨ᠎ᠠ᠃ ᠲᠤᠰ ᠡᠪᠡᠳᠴᠢᠨ ᠦᠷᠭᠦᠯᠵᠢ ᠬᠠᠯᠠᠭᠤᠷᠠᠬᠤ᠂ ᠴᠢᠰᠤᠨ ᠢᠯᠲᠠᠰᠤ ᠪᠠᠭᠠᠰᠬᠤ᠂ ᠴᠠᠭᠠᠨ ᠡᠰ ᠪᠠᠭᠠᠰᠬᠤ ᠵᠢᠴᠢ ᠬᠤᠳᠣᠭᠤᠳᠣ ᠭᠡᠳᠡᠰᠤ ᠡᠪᠭᠦ᠋ᠢᠷᠡᠬᠦ ᠵᠡᠷᠭᠡ ᠡᠪᠡᠳᠴᠢᠨ ᠤ ᠢᠯᠡᠷᠡᠯ ᠭᠠᠷᠴᠤ᠂ ᠬᠡᠰᠡᠭ ᠡᠪᠡᠳᠴᠢᠲᠡᠨ ᠲᠣᠯᠣᠭᠠᠢ ᠡᠪᠡᠳᠬᠦ᠂ ᠪᠤᠯᠴᠢᠩ ᠦᠶ᠎ᠡ ᠭᠡᠰᠢᠭᠦᠦ ᠱᠠᠷᠬᠢᠷᠠᠨ ᠡᠪᠡᠳᠬᠦ᠂ ᠮᠥᠴᠢ ᠴᠡᠴᠡᠷᠡᠬᠦ᠂ ᠬᠥᠳᠡᠯᠵᠦ ᠪᠠᠷᠢᠬᠤ ᠳᠤ ᠬᠦᠴᠢᠷᠳᠡᠬᠦ ᠵᠡᠷᠭᠡ ᠢᠯᠡᠷᠡᠯ ᠭᠠᠷᠳᠠᠭ᠃ ᠬᠠᠵᠠᠭᠰᠠᠨ ᠬᠡᠰᠡᠭ ᠤᠨ ᠠᠷᠠᠰᠤᠨ ᠳᠤ ᠤᠯᠠᠭᠠᠨ ᠪᠢᠵᠢᠷᠡᠦ᠂ ᠲᠣᠯᠪᠣᠲᠤ ᠡᠰᠡᠷᠭᠡᠨ᠎ᠡ ᠪᠤᠶᠤ ᠰᠠᠯᠬᠢᠨ ᠪᠥᠭᠡᠮ ᠰᠢᠭ ᠠᠷᠠᠰᠤᠨ ᠡᠰᠡᠷᠭᠡᠨ᠎ᠡ ᠭᠠᠷᠳᠠᠭ᠃      ᠨᠠᠰᠤᠲᠠᠶᠢᠴᠤᠳ ᠪᠠ ᠬᠡᠦᠬᠡᠳ ᠵᠡᠷᠭᠡ ᠪᠠᠭᠤᠷᠠᠶ ᠬᠥᠮᠦᠰ ᠬᠠᠵᠠᠭᠳᠠᠭᠰᠠᠨ ᠤ ᠳᠠᠷᠠᠭ᠎ᠠ ᠮᠠᠰᠢ ᠠᠮᠠᠷᠬᠠᠨ ᠡᠪᠡᠳᠴᠢᠨ ᠤ ᠢᠯᠡᠷᠡᠯ ᠭᠠᠷᠴᠤ᠂ ᠡᠪᠡᠳᠴᠢᠨ ᠤ ᠪᠠᠶᠢᠳᠠᠯ ᠨᠢ ᠨᠠᠩ ᠲᠦᠷᠭᠡᠨ ᠬᠥᠭᠵᠢᠵᠦ ᠮᠡᠳᠡᠨ᠎ᠡ᠃ ᠪᠦᠷᠢᠳᠬᠡᠯ ᠢ ᠦᠨᠳᠦᠰᠦᠯᠡᠪᠡᠯ᠂ ᠣᠳᠣᠬᠠᠨ ᠳᠤ ᠲᠤᠰ ᠡᠪᠡᠳᠴᠢᠨ ᠤ ᠦᠬᠦᠬᠦ ᠨᠤᠷᠮ᠎ᠠ ᠨᠢ ᠳᠤᠮᠳᠠᠴᠢ ᠪᠠᠷ 7.3 %᠂ ᠦᠬᠦᠬᠦ ᠨᠤᠷᠮ᠎ᠠ ᠨᠢ ᠬᠠᠮᠤᠭ ᠥᠨᠳᠥᠷ ᠲᠡᠭᠡᠨ 30 % ᠳᠤ ᠬᠦᠷᠴᠦ ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号