ᠰᠢᠨ᠎ᠡ ᠰᠤᠳᠣᠯᠭᠠᠨ ᠠᠴᠠ ᠦᠵᠡᠪᠡᠯ᠂ ᠡᠬᠡ ᠪᠠᠶᠢᠭᠠᠯᠢ ᠲᠠᠢ ᠣᠶᠢᠷ᠎ᠠ ᠪᠠᠶᠢᠬᠤ ᠨᠢ ᠬᠦᠮᠦᠨ ᠤ ᠰᠡᠳᠬᠢᠴᠡ ︵ | ᠬᠦᠮᠦᠨ ᠪᠣᠯᠣᠨ ᠪᠠᠶᠢᠭᠠᠯᠢ ᠶᠢᠨ ᠬᠤᠭᠤᠷᠣᠨᠳᠣᠬᠢ ᠬᠠᠷᠢᠯᠴᠠᠭᠠᠨ ᠤ ᠪᠡᠶᠡᠴᠢ ᠰᠡᠳᠬᠢᠭᠳᠡᠯ︶ ᠶᠢᠨ ᠡᠷᠡᠭᠦᠯ ᠮᠡᠨᠳᠦ ᠳᠤ | ᠨᠥᠯᠥᠭᠡ ᠲᠠᠢ᠃ ᠨᠣᠭᠤᠭᠠᠨ ᠵᠦᠯᠭᠡ ᠵᠡᠷᠭᠡ ᠪᠠᠶᠢᠭᠠᠯᠢ ᠶᠢᠨ ᠣᠷᠴᠢᠨ ᠳᠤ ᠪᠠᠶᠢᠬᠤ ᠨᠢ ᠣᠶᠣᠨ ᠰᠠᠨᠠᠭᠠᠨ ᠤ | ᠳᠠᠷᠣᠭᠠᠰᠣ ᠶᠢ ᠬᠥᠩᠭᠡᠯᠡᠵᠣ᠂ ᠬᠦᠮᠦᠰ ᠤᠨ ᠪᠠᠶᠢᠭᠠᠯᠢ ᠣᠷᠴᠢᠨ ᠳᠠᠬᠢ ᠪᠠᠶᠡᠴᠢ ᠰᠡᠳᠬᠢᠭᠳᠡᠯ ᠴᠢᠩᠭᠠᠷᠠᠬᠤ ᠲᠣᠲᠣᠮ | ᠠᠵᠠ ᠵᠢᠷᠭᠠᠯ ᠢ ᠮᠡᠳᠡᠷᠡᠵᠣ᠂ ᠡᠬᠦᠨ ᠤ ᠤᠯᠠᠮ ᠢᠶᠠᠷ ᠰᠡᠳᠬᠢᠴᠡ ᠶᠢᠨ ᠡᠪᠡᠳᠴᠢᠨ ᠣᠯᠬᠤ ᠡᠷᠡᠰᠳᠡᠯ ᠢ ᠪᠠᠭᠠᠰᠬᠠᠬᠤ | ᠪᠣᠯᠣᠨ᠎ᠠ ᠭᠡᠵᠦ ᠦᠵᠡᠵᠡᠢ᠃ ᠬᠠᠮᠢᠶᠠᠲᠠᠢ ᠰᠤᠳᠣᠯᠭᠠᠨ ᠤ ᠦᠷ᠎ᠡ ᠪᠦᠲᠦᠭᠡᠯ ᠢ ᠣᠶᠢᠷ᠎ᠠ ᠳᠤ᠂ ᠡᠷᠳᠡᠮ ᠰᠢᠨᠵᠢᠯᠡᠭᠡᠨ ᠤ | ᠰᠡᠳᠬᠦᠯ ︽ᠥᠩᠭᠡ ᠦᠵᠡᠮᠵᠢ ᠪᠠ ᠬᠤᠲᠠ ᠶᠢᠨ ᠲᠥᠯᠥᠪᠵᠢᠭᠦᠯᠭᠡ︾ ᠳᠡᠭᠡᠷ᠎ᠡ ᠨᠡᠶᠢᠲᠡᠯᠡᠭᠰᠡᠨ ᠪᠠᠶᠢᠨ᠎ᠠ᠃ | ᠲᠤᠭ᠎ᠠ ᠪᠦᠷᠢᠳᠬᠡᠯ ᠳᠤ ᠢᠯᠡᠷᠡᠭᠦᠯᠦᠭᠰᠡᠨ ᠢᠶᠠᠷ᠂ ᠮᠠᠨ ᠤ ᠤᠯᠣᠰ ᠤᠨ ᠨᠠᠰᠣᠨ ᠳᠤ ᠬᠦᠷᠦᠭᠰᠡᠳ ᠤᠨ ᠡᠯ᠎ᠡ | ᠵᠦᠢᠯ ᠤᠨ ᠰᠡᠳᠬᠢᠴᠡ ᠶᠢᠨ ᠡᠪᠡᠳᠴᠢᠨ ᠳᠤ ᠨᠡᠷᠪᠡᠭᠳᠡᠵᠣ ᠨᠢᠭᠡ ᠨᠠᠰᠣ ᠪᠠᠷ ᠢᠶᠠᠨ ᠡᠪᠡᠳᠴᠢᠨ ᠤ ᠳᠠᠷᠴᠢᠯᠭᠠᠯ | ᠠᠮᠰᠠᠬᠤ ᠨᠣᠷᠮ᠎ᠠ 16.6% ᠳᠤ ᠬᠦᠷᠴᠦ᠂ ᠰᠡᠳᠬᠢᠴᠡ ᠶᠢᠨ ᠡᠪᠡᠳᠴᠢᠨ ᠠᠴᠠ ᠪᠣᠯᠣᠭᠰᠠᠨ ᠳᠠᠷᠣᠭᠠᠰᠣ ᠪᠦᠬᠦ᠋ᠢᠯᠡ | ᠡᠪᠡᠳᠴᠢᠨ ᠤ ᠳᠣᠲᠣᠷ᠎ᠠ ᠬᠤᠶᠠᠳᠣᠭᠠᠷ ᠪᠠᠶᠢᠷᠢ ᠶᠢ ᠡᠵᠡᠯᠡᠵᠣ ᠪᠠᠶᠢᠨ᠎ᠠ᠃ ᠡᠶᠢᠮᠦ ᠠᠴᠠ ᠰᠡᠳᠬᠢᠴᠡ ᠶᠢᠨ ᠡᠷᠡᠭᠦᠯ | ᠮᠡᠨᠳᠣ ᠳᠤ ᠵᠣᠷᠢᠭᠤᠯᠬᠤ ᠲᠥᠷᠦ ᠶᠢᠨ ᠪᠣᠳᠣᠯᠭ᠎ᠠ ᠪᠠ ᠰᠠᠭᠤᠷᠢ ᠪᠦᠲᠦᠭᠡᠨ ᠪᠠᠶᠢᠭᠤᠯᠣᠯᠲᠠ ᠨᠢ ᠲᠣᠯᠭᠠᠮ᠎ᠠ | ᠱᠠᠭᠠᠷᠳᠠᠭᠳᠠᠵᠣ ᠪᠠᠶᠢᠨ᠎ᠠ᠃ | ᠡᠭᠦᠨ ᠠᠴᠠ ᠡᠮᠦᠨᠡᠬᠢ ᠶᠡᠭᠡ ᠬᠡᠮᠵᠢᠶᠡᠨ ᠤ ᠰᠤᠳᠤᠯᠭᠠᠨ ᠳᠤ᠂ ᠡᠪᠡᠰᠤ ᠲᠠᠢ ᠭᠠᠵᠠᠷ ᠨᠢ ᠰᠡᠳᠬᠢᠴᠡ ᠶᠢᠨ | ᠡᠪᠡᠳᠴᠢᠨ ᠣᠯᠬᠤ ᠨᠣᠷᠮ᠎ᠠ ᠶᠢ ᠪᠠᠭᠠᠰᠬᠠᠬᠤ ᠶᠢᠨ ᠬᠠᠮᠲᠣ ᠠᠵᠠ ᠵᠢᠷᠭᠠᠯ ᠲᠠᠢ ᠪᠠᠶᠢᠬᠤ ᠮᠡᠳᠡᠷᠡᠮᠵᠢ ᠶᠢ | ᠳᠡᠭᠡᠭᠰᠢᠯᠡᠭᠦᠯᠦᠨ᠎ᠡ ᠭᠡᠳᠡᠭ ᠢ ᠢᠯᠡᠷᠡᠭᠦᠯᠦᠭᠰᠡᠨ ᠪᠣᠯᠪᠠᠴᠣ᠂ ᠪᠡᠶᠡᠴᠢ ᠪᠠᠷ ᠪᠠᠶᠢᠭᠠᠯᠢ ᠲᠠᠢ ᠣᠶᠢᠷᠠᠲᠣᠬᠤ ᠬᠡᠮᠵᠢᠶ᠎ᠡ ᠨᠢ | ᠡᠪᠡᠰᠦ ᠲᠠᠢ ᠭᠠᠵᠠᠷ ᠪᠠ ᠰᠡᠳᠭᠢᠴᠡ ᠶᠢᠨ ᠡᠷᠡᠭᠦᠯ ᠮᠡᠨᠳᠣ ᠶᠢᠨ ᠬᠠᠷᠢᠴᠠᠭᠠᠨ ᠳᠤ ᠨᠥᠯᠦᠭᠡ ᠪᠣᠯᠤᠨ᠎ᠠ ᠭᠡᠳᠡᠭ ᠢ | ᠣᠯᠠᠩᠬᠢ ᠰᠤᠳᠣᠯᠭᠠᠨ ᠳᠤ ᠠᠩᠵᠠᠭᠠᠷᠠᠭᠰᠠᠨ ᠦᠭᠡᠢ ᠪᠠᠶᠢᠨ᠎ᠠ᠃ ᠡᠨᠡ ᠤᠳᠠᠭᠠᠨ ᠤ ᠰᠤᠳᠣᠯᠭᠠᠨ ᠳᠤ | ᠢᠯᠡᠷᠡᠭᠦᠯᠦᠭᠰᠡᠨ ᠢᠶᠠᠷ᠂ ᠡᠪᠡᠰᠦ ᠲᠠᠢ ᠭᠠᠵᠠᠷ ᠲᠠᠢ ᠣᠶᠢᠷ᠎ᠠ ᠪᠠᠶᠢᠵᠣ ᠰᠡᠳᠬᠢᠴᠡ ᠶᠢᠨ ᠡᠷᠡᠭᠦᠯ ᠮᠡᠨᠳᠣ ᠪᠠᠨ | ᠪᠠᠲᠣᠯᠠᠬᠤ ᠦᠷ᠎ᠡ ᠪᠦᠲᠦᠮᠵᠢ ᠨᠢ ᠪᠠᠶᠢᠭᠠᠯᠢ ᠲᠠᠢ ᠣᠶᠢᠷ᠎ᠠ ᠪᠠᠶᠢᠳᠠᠭ ᠬᠦᠮᠦᠰ ᠤᠨ ᠳᠤᠮᠳᠠ ᠢᠯᠡᠭᠦᠦ ᠥᠨᠳᠦᠷ | ᠪᠠᠶᠢᠳᠠᠭ ᠢ ᠢᠯᠡᠷᠡᠭᠦᠯᠦᠭᠰᠡᠨ ᠢᠶᠠᠷ ᠪᠠᠷᠠᠬᠤ ᠦᠭᠡᠢ ᠪᠠᠰᠠ᠂ ᠪᠠᠶᠢᠭᠠᠯᠢ ᠳᠡᠯᠡᠬᠡᠢ ᠶᠢᠨ ᠬᠦᠮᠦᠰ ᠤᠨ ᠰᠡᠳᠬᠢᠴᠡ ᠶᠢᠨ | ᠡᠷᠡᠭᠦᠯ ᠮᠡᠨᠳᠣ ᠳᠤ ᠠᠪᠴᠢᠷᠠᠬᠤ ᠠᠰᠢᠭ ᠢ ᠳᠡᠭᠡᠭᠰᠢᠯᠡᠭᠦᠯᠬᠦ ᠶᠢᠨ ᠲᠥᠯᠦᠭᠡ᠂ ᠬᠦᠮᠦᠰ ᠢ ᠵᠣᠷᠢᠭᠵᠢᠭᠤᠯᠣᠨ ᠬᠡᠭᠡᠷ᠎ᠡ | ᠭᠠᠳᠠᠨᠠᠬᠢ ᠬᠥᠳᠡᠯᠭᠡᠭᠡᠨ ᠳᠤ ᠣᠷᠣᠯᠴᠠᠭᠤᠯᠬᠤ ᠶᠢᠨ ᠬᠠᠮᠲᠣ ᠬᠦᠮᠦᠰ ᠤᠨ ᠪᠠᠶᠢᠭᠠᠯᠢ ᠳᠡᠯᠡᠬᠡᠢ ᠳᠤ ᠬᠠᠨᠳᠣᠬᠤ ᠪᠡᠶᠡᠴᠢ | ᠰᠡᠳᠬᠢᠭᠳᠡᠯ ᠢ ᠳᠡᠭᠡᠭᠰᠢᠯᠡᠬᠦᠯᠬᠦ ᠴᠢᠬᠤᠯᠠᠲᠠᠢ ᠭᠡᠳᠡᠭ ᠢ ᠢᠯᠡᠷᠡᠭᠦᠯᠵᠡᠢ᠃ |