ᠡᠷᠳᠡ ᠲᠡᠭᠡᠷ᠎ᠡ ᠦᠶ᠎ᠡ ᠠᠴᠠ ᠬᠦᠮᠦᠰ ᠮᠦᠡᠭᠬᠦᠨ ᠡᠳ᠋ᠯᠡᠯ ᠬᠡᠷᠡᠭᠰᠡᠯ᠂ ᠵᠠᠰᠠᠯ ᠵᠢᠮᠰᠡᠭ ᠢ ᠲᠦᠭᠡᠮᠡᠯ | ᠬᠡᠷᠡᠭᠯᠡᠭᠰᠡᠭᠡᠷ ᠢᠷᠡᠭᠰᠡᠨ ᠶᠤᠮ᠃ ᠡᠬᠦᠨ ᠳᠤ ᠮᠤᠩᠭᠤᠯᠴᠤᠳ ᠤᠨ ᠦᠷᠭᠡᠨ ᠬᠡᠷᠡᠭᠯᠡᠳᠡᠭ ᠮᠦᠡᠭᠭᠦᠨ ᠡᠳ᠋ᠯᠡᠯ | ᠬᠡᠷᠡᠭᠰᠡᠯ ᠢᠶᠠᠷ ᠵᠢᠱᠢᠶᠡᠯᠡᠬᠦ ᠳᠤ ᠭᠤᠤᠯᠳᠠᠭᠤ ᠮᠦᠡᠭᠬᠦᠨ ᠠᠶᠠᠭ᠎ᠠ᠂ ᠮᠦᠡᠭᠭᠦᠨ ᠬᠤᠨᠳᠠᠭ᠎ᠠ᠂ ᠮᠦᠡᠭᠭᠦᠨ ᠲᠠᠪᠠᠭ᠂ | ᠮᠦᠡᠭᠭᠦᠨ ᠬᠠᠯᠪᠠᠭ᠎ᠠ᠂ ᠮᠦᠡᠭᠭᠦᠨ ᠰᠠᠪᠬ᠎ᠠ᠂ ᠮᠦᠡᠭᠭᠦᠨ ᠬᠢᠳᠤᠭ᠎ᠠ ᠬᠡᠬᠦ ᠮᠡᠳᠦᠴᠢᠯᠡᠨ ᠤᠯᠠᠨ ᠪᠠᠶᠢᠳᠠᠭ ᠪᠤᠯ ᠵᠠᠰᠠᠯ | ᠵᠢᠮᠰᠡᠭ ᠤᠨ ᠬᠤᠪᠢ ᠳᠤ ᠲᠤᠯᠤᠭᠠᠢ ᠶᠢᠨ ᠵᠠᠰᠠᠯ ᠠᠴᠠ ᠡᠬᠢᠯᠡᠭᠡᠳ ᠮᠦᠡᠭᠭᠦᠨ ᠡᠭᠡᠮᠦᠭ ᠪᠦᠭᠡᠵᠢ᠂ ᠮᠦᠡᠭᠭᠦᠨ ᠰᠤᠨᠳᠤᠷ | ᠂ ᠮᠦᠡᠭᠭᠦᠨ ᠪᠠᠭᠤᠤ ᠭᠡᠳ ᠪᠠᠰᠠ ᠤᠯᠠᠨ ᠲᠦᠷᠦᠯ ᠪᠤᠢ᠃ ᠮᠦᠡᠭᠭᠦᠨ ᠤ ᠵᠦᠢᠯᠡᠰ ᠨᠢ ᠬᠦᠮᠦᠨ ᠢ ᠤᠯᠠᠮ ᠡᠷᠬᠢᠮᠰᠦᠭ | ᠭᠤᠸ᠎ᠠ ᠬᠠᠷᠠᠭᠳᠠᠭᠤᠯᠬᠤ ᠮᠦᠷᠳᠡᠭᠡᠨ ᠲᠡᠭᠦᠨ ᠳᠤ ᠪᠠᠺᠲ᠋ᠧᠷᠢ ᠠᠯᠠᠬᠤ᠂ ᠬᠤᠤᠷ ᠲᠠᠨᠢᠬᠤ᠂ ᠶᠠᠰᠦ ᠬᠠᠮᠠᠭᠠᠯᠠᠬᠤ ᠵᠡᠷᠭᠡ | ᠪᠡᠶ᠎ᠡ ᠶᠢᠨ ᠡᠷᠡᠬᠦᠯ ᠮᠡᠨᠳᠦ ᠳᠤ ᠠᠴᠢ ᠲᠤᠰᠠ ᠲᠠᠢ ᠰᠢᠨᠵᠢᠯᠡᠬᠦ ᠤᠬᠠᠭᠠᠨᠴᠢ ᠴᠢᠨᠠᠷ ᠤᠷᠤᠰᠢᠳᠠᠭ᠃ ᠴᠡᠭᠡ ᠶᠢ | ᠮᠦᠡᠭᠭᠦᠨ ᠠᠶᠠᠭᠠᠨ ᠳᠤ ᠬᠢᠪᠡᠯ᠂ ᠰᠢᠨ᠎ᠡ ᠰᠤᠷᠭᠤᠭ ᠢ ᠨᠢ ᠪᠠᠳᠤᠯᠠᠳᠠᠭ᠃ ᠡᠨᠡ ᠨᠢ ᠲᠠᠷᠤᠢ ᠮᠦᠡᠭᠭᠦᠨ ᠳᠤ ᠪᠠᠺᠲ᠋ᠧᠷᠢ | ᠤᠰᠠᠳᠬᠠᠬᠤ ᠦᠢᠯᠡᠳᠦᠯ ᠲᠠᠢ ᠭᠡᠳᠡᠭ ᠢ ᠬᠠᠷᠠᠭᠤᠯᠵᠤ ᠪᠠᠶᠢᠭ᠎ᠠ ᠨᠢᠭᠡ ᠵᠢᠱᠢᠶ᠎ᠡ ᠶᠤᠮ᠃ ᠲᠤᠰᠬᠠᠢ ᠮᠡᠷᠭᠡᠵᠢᠯᠳᠡᠳ | ᠰᠤᠳᠤᠯᠭᠠᠨ ᠢᠶᠠᠷ ᠲᠠᠮᠵᠢᠨ ᠡᠩ ᠤᠨ ᠡᠪᠡᠳᠴᠢᠨ ᠡᠰᠡᠷᠬᠦᠴᠡᠬᠦ ᠡᠯᠧᠮᠧᠨ᠋ᠲ ᠨᠢ ᠵᠢᠷᠭᠤᠭᠠᠨ ᠵᠦᠢᠯ ᠤᠨ ᠠᠳᠠᠯᠢ ᠪᠤᠰᠤ | ᠡᠪᠡᠳᠴᠢᠨ ᠤ ᠡᠬᠦᠰᠪᠦᠷᠢ ᠴᠤᠭᠴᠠ ᠶᠢ ᠤᠰᠠᠳᠬᠠᠵᠤ ᠴᠢᠳᠠᠳᠠᠭ ᠪᠤᠯ ᠮᠦᠡᠭᠬᠦ ᠠᠭᠤᠯᠤᠭᠰᠠᠨ ᠡᠪᠡᠳᠴᠢᠨ ᠢ | ᠡᠰᠡᠷᠬᠦᠴᠡᠬᠦ ᠡᠯᠧᠮᠧᠨ᠋ᠲ ᠨᠢ ᠬᠠᠷᠢᠨ 650 ᠵᠦᠢᠯ ᠠᠴᠠ ᠲᠡᠭᠡᠭᠰᠢᠬᠢ ᠡᠪᠡᠳᠴᠢᠨ ᠤ ᠡᠬᠦᠰᠪᠦᠷᠢ ᠴᠤᠭᠴᠠ ᠶᠢ | ᠤᠰᠠᠳᠬᠠᠳᠠᠭ ᠭᠡᠵᠤ ᠬᠡᠷᠡᠴᠢᠯᠡᠭᠰᠡᠨ ᠶᠤᠮ᠃ ᠡᠶᠢᠨ ᠬᠦ ᠮᠦᠡᠭᠭᠦᠨ ᠠᠶᠠᠭ᠎ᠠ ᠰᠠᠪᠬ᠎ᠠ ᠶᠢ ᠦᠷᠬᠦᠯᠵᠢ ᠡᠳ᠋ᠯᠡᠵᠤ | ᠬᠡᠷᠡᠭᠯᠡᠬᠦ ᠨᠢ ᠬᠤᠳᠤᠭᠤᠳᠤ ᠬᠡᠳᠡᠰᠦ ᠶᠢ ᠠᠷᠢᠭᠤᠳᠬᠠᠨ ᠠᠯᠢᠪᠠ ᠡᠪᠡᠳᠴᠢᠨ ᠡᠬᠦᠰᠭᠡᠭᠴᠢ ᠨᠢᠶᠠᠨ ᠪᠢᠴᠢᠯ | ᠡᠯᠧᠮᠧᠨ᠋ᠲ ᠢ ᠤᠰᠠᠳᠬᠠᠬᠤ ᠦᠢᠯᠡᠳᠦᠯ ᠲᠠᠢ ᠪᠠᠶᠢᠳᠠᠭ᠃ ᠲᠡᠭᠡᠪᠡᠯ ᠮᠦᠡᠭᠬᠦᠨ ᠤ ᠬᠤᠤᠷ ᠢ ᠲᠠᠨᠢᠬᠤ ᠦᠢᠯᠡᠳᠦᠯ ᠤᠨ | ᠲᠠᠯ᠎ᠠ ᠪᠠᠷ ᠪᠢᠳᠡ ᠨᠡᠩ ᠴᠦ ᠠᠨᠳᠠᠬᠤ ᠦᠭᠡᠢ ᠰᠠᠶᠢᠨ ᠮᠡᠳᠡᠳᠡᠭ᠃ ᠡᠷᠳᠡ ᠦᠶ᠎ᠡ ᠠᠴᠠ ᠬᠦᠮᠦᠰ ᠭᠤᠤᠯᠳᠠᠭᠤ | ᠮᠦᠡᠭᠬᠦᠨ ᠠᠶᠠᠭ᠎ᠠ ᠰᠠᠪᠬ᠎ᠠ᠂ ᠮᠦᠡᠭᠬᠦᠨ ᠰᠠᠪᠠ ᠰᠠᠭᠤᠯᠠᠭ᠎ᠠ ᠵᠡᠷᠭᠡ ᠶᠢ ᠬᠡᠷᠡᠭᠯᠡᠵᠤ᠂ ᠢᠳᠡᠭᠡᠨ ᠤᠮᠳᠠᠭᠠᠨ ᠳᠤ | ᠬᠦᠷᠦᠯᠴᠡᠭᠰᠡᠨ ᠮᠦᠡᠭᠭᠦᠨ ᠤ ᠦᠡᠭᠭᠡ ᠬᠤᠪᠢᠷᠠᠪᠠᠯ ᠬᠤᠤᠷ ᠲᠠᠢ ᠭᠡᠵᠤ ᠰᠢᠯᠭᠠᠨ ᠲᠠᠨᠢᠳᠠᠭ ᠪᠠᠶᠢᠨ᠎ᠠ᠃ | ᠲᠠᠭᠠᠤ ᠳᠤᠨᠢ ᠶᠠᠷᠢᠬᠤ ᠳᠤ᠂ ᠭᠤᠪᠢ ᠨᠤᠳᠤᠭ ᠲᠤ ᠤᠷᠤᠰᠢᠨ ᠠᠮᠢᠳᠤᠷᠠᠳᠠᠭ ᠬᠦᠮᠦᠰ ᠤᠰᠤᠨ | ᠭᠠᠩ ᠤᠨ ᠢᠶᠠᠨ ᠢᠷᠤᠭᠠᠷ ᠲᠤ ᠬᠡᠰᠡᠭ ᠮᠦᠡᠭᠬᠦ ᠲᠠᠯᠪᠢᠳᠠᠭ᠃ ᠢᠡᠭᠬᠢᠵᠤ ᠮᠦᠡᠭᠬᠦ ᠬᠢᠭᠰᠡᠨ ᠢᠶᠠᠷ ᠵᠤᠨ ᠤ | ᠬᠠᠯᠠᠭᠤᠨ ᠳᠤ ᠤᠰᠤ ᠨᠢ ᠦᠨᠦᠷ ᠤᠷᠤᠬᠤ ᠦᠭᠡᠢ ᠪᠠᠶᠢᠳᠠᠭ ᠭᠡᠨ᠎ᠡ᠃ ᠮᠦᠡᠭᠭᠦᠨ ᠤ ᠤᠯᠠᠨ ᠲᠠᠪᠠᠭᠤᠯᠢᠭ ᠴᠢᠨᠠᠷ ᠢ | ᠠᠯᠢ ᠡᠷᠳᠡ ᠲᠠᠨᠢᠵᠤ ᠮᠡᠳᠡᠷᠡᠨ᠂ ᠠᠮᠢᠳᠤᠷᠠᠯ ᠠᠬᠤᠢ ᠳᠠᠭᠠᠨ ᠵᠤᠬᠢᠴᠠᠭᠤᠯᠤᠨ ᠬᠡᠷᠡᠭᠯᠡᠵᠤ ᠢᠷᠡᠭᠰᠡᠨ ᠨᠢ ᠪᠢᠳᠡᠨ ᠤ | ᠡᠪᠦᠭᠡ ᠲᠡᠭᠡᠳᠦᠰ ᠤᠨ ᠭᠡᠭᠡᠨ ᠮᠡᠷᠭᠡᠨ ᠤᠢ ᠤᠬᠠᠭᠠᠨ ᠪᠤᠶᠤ᠃ ᠬᠡᠪᠡᠴᠦ ᠡᠨᠡ ᠬᠦ ᠤᠯᠠᠮᠵᠢᠯᠠᠯ ᠨᠢ ᠠᠯᠭᠤᠷ | ᠠᠭᠠᠵᠢᠮ ᠢᠶᠠᠷ ᠭᠡᠭᠡᠭᠳᠡᠨ ᠤᠷᠬᠢᠭᠳᠠᠭᠰᠠᠭᠠᠷ ᠪᠠᠶᠢᠵᠤ᠂ ᠮᠦᠡᠭᠬᠦ ᠶᠢ ᠤᠤᠯ ᠰᠢᠬ ᠬᠦᠨᠳᠦᠳᠬᠡᠨ ᠦᠷᠭᠡᠨ ᠢᠶᠠᠷ | ᠬᠡᠷᠡᠭᠯᠡᠬᠦ ᠦᠬᠡᠢ ᠪᠤᠯᠵᠠᠢ᠃ ᠡᠶᠢᠮᠦ ᠠᠴᠠ ᠮᠦᠡᠭᠭᠦᠨ ᠤ ᠦᠢᠯᠡᠳᠦᠯ ᠬᠡᠷᠡᠭᠴᠡᠭᠡ ᠶᠢ ᠰᠢᠨᠵᠢᠯᠡᠬᠦ ᠤᠬᠠᠭᠠᠨ ᠢᠶᠠᠷ | ᠰᠤᠳᠤᠯᠤᠨ ᠰᠢᠨᠵᠢᠯᠡᠵᠤ᠂ ᠨᠡᠩ ᠤᠯᠠᠨ ᠬᠦᠮᠦᠰ ᠲᠤ ᠤᠢᠢᠯᠠᠭᠠᠭᠤᠯᠤᠨ ᠲᠠᠨᠢᠭᠤᠯᠪᠠᠯ ᠵᠤᠬᠢᠰᠳᠠᠢ ᠶᠤᠮ᠃ |