ᠶᠠᠮᠠᠷ ᠮᠠᠲ᠋ᠧᠷᠢᠶᠠᠯ ᠤᠨ ᠴᠣᠮᠣ ᠨᠢ ᠬᠥᠮᠦᠨ ᠤ ᠪᠡᠶ᠎ᠡ ᠳᠤ ᠬᠤᠤᠷᠲᠠᠶ ᠪᠣᠶ︖
ᠨᠡᠶᠢᠲᠡᠯᠡᠭᠰᠡᠨ ᠴᠠᠭ᠄
2022/4/24
      ᠬᠥᠮᠦᠨ ᠤ ᠪᠡᠶ᠎ᠡ ᠳᠤ ᠬᠤᠣᠷᠲᠠᠢ ᠴᠣᠮᠣ ᠶᠢ ᠬᠡᠯᠡᠪᠡᠯ᠂ ᠲᠠ ᠤᠷᠢᠳ ᠢᠶᠠᠷ ᠰᠦᠯᠢᠶᠣᠣ ᠴᠣᠮᠣ ᠶᠢ ᠪᠤᠳᠤᠵᠤ ᠤᠯᠬᠤ ᠪᠠᠶᠢᠬ᠎ᠠ︖ ᠭᠡᠪᠡᠴᠦ ᠰᠦᠯᠢᠶᠣᠣ ᠶᠢᠨ ᠲᠦᠷᠦᠯ ᠵᠦᠢᠯ ᠮᠠᠰᠢ ᠤᠯᠠᠨ ᠪᠠᠶᠢᠨ᠎ᠠ᠂ ᠪᠤᠢ ᠪᠦᠬᠦᠢ ᠰᠦᠯᠢᠶᠣᠣ ᠴᠣᠮᠣ ᠪᠦᠷ ᠬᠥᠮᠦᠨ ᠤ ᠪᠡᠶ᠎ᠡ ᠳᠤ ᠬᠤᠣᠷᠲᠠᠢ ᠪᠢᠰᠢ᠃      ᠣᠯᠠᠩᠬᠢ ᠰᠦᠯᠢᠶᠣᠣ ᠴᠣᠮᠣ ᠨᠢ ᠶᠡᠭᠡ ᠬᠠᠯᠠᠭᠤᠨ ᠳᠤ ᠲᠡᠰᠪᠦᠷᠢ ᠦᠭᠡᠢ᠂ ᠵᠢᠱᠢᠶᠡᠯᠡᠪᠡᠯ ᠪᠥᠭᠡᠭᠡᠨᠡᠷᠡᠯ ᠹᠧᠨᠢᠯ ᠡᠲ᠋ᠧᠨ᠂ ᠪᠥᠭᠡᠭᠡᠨᠡᠷᠡᠯ ᠹᠧᠨᠢᠯ ᠬᠤᠶᠠᠷ ᠮᠧᠲ᠋ᠢᠯᠲᠦ ᠬᠦᠴᠢᠯ ᠤᠨ ᠡᠲ᠋ᠢᠯ ᠬᠤᠶᠠᠷᠴᠢ ᠡᠰᠲ᠋ᠧᠷ ᠵᠡᠷᠭᠡ ᠪᠣᠯᠤᠨ᠎ᠠ᠂ ᠳᠡᠭᠡᠷᠡᠬᠢ ᠮᠠᠲ᠋ᠧᠷᠢᠶᠠᠯ ᠢᠶᠠᠷ ᠬᠢᠭᠰᠡᠨ ᠰᠦᠯᠢᠶᠣᠣ ᠴᠣᠮᠣᠨ ᠳᠤ ᠬᠠᠯᠠᠭᠤᠨ ᠤᠮᠳᠠᠭᠠᠨ ᠰᠠᠪᠠᠯᠠᠪᠠᠯ᠂ ᠹᠧᠨᠢᠯ ᠡᠲ᠋ᠧᠨ ᠤ ᠲᠠᠩ ᠪᠡᠶ᠎ᠡ ᠵᠡᠷᠭᠡ ᠬᠤᠣᠷᠲᠤ ᠪᠣᠳᠠᠰ ᠡᠭᠦᠰᠦᠨ᠎ᠡ᠃ ᠭᠡᠪᠡᠴᠦ ᠡᠮ ᠤᠨ ᠬᠡᠮᠵᠢᠶ᠎ᠡ ᠶᠢ ᠲᠠᠶᠠᠭᠳᠠᠵᠤ ᠬᠤᠣᠷᠲᠤ ᠴᠢᠨᠠᠷ ᠤᠨ ᠲᠤᠬᠠᠢ ᠶᠠᠷᠢᠬᠤ ᠨᠢ ᠪᠠᠰᠠ ᠰᠢᠨᠵᠢᠯᠡᠬᠦ ᠤᠬᠠᠭᠠᠨᠴᠢ ᠪᠢᠰᠢ ᠶᠤᠮ᠂ ᠹᠧᠨᠢᠯ ᠡᠲ᠋ᠧᠨ ᠤ ᠳᠠᠩ ᠪᠡᠶ᠎ᠡ ᠶᠢᠨ ᠰᠢᠯᠵᠢᠬᠦ ᠬᠡᠮᠵᠢᠶ᠎ᠡ ᠨᠢ ᠭᠤᠣᠯᠳᠠᠭᠤ ᠬᠦᠷᠦᠯᠴᠡᠭᠰᠡᠨ ᠳᠤᠯᠠᠭᠠᠨ ᠤ ᠬᠡᠮᠵᠢᠶ᠎ᠡ᠂ ᠤᠮᠳᠠᠭᠠᠨ ᠳᠣᠲᠣᠷᠠᠬᠢ ᠥᠭᠡᠬᠦᠯᠢᠭ ᠡᠳ᠋ ᠤᠨ ᠠᠭᠤᠯᠤᠭᠳᠠᠴᠠ ᠶᠢᠨ ᠶᠡᠭᠡ ᠪᠠᠭ᠎ᠠ ᠵᠢᠴᠢ ᠤᠮᠳᠠᠭᠠᠨ ᠰᠠᠪᠠᠯᠠᠬᠰᠠᠨ ᠴᠠᠭ ᠢᠶᠠᠷ ᠲᠤᠭᠲᠠᠭᠠᠭᠳᠠᠨ᠎ᠠ᠃      ᠹᠧᠨᠢᠯ ᠡᠲ᠋ᠧᠨ ᠤ ᠳᠠᠩ ᠪᠡᠶ᠎ᠡ ᠶᠢᠨ ᠰᠢᠯᠵᠢᠬᠦ ᠬᠡᠮᠵᠢᠶ᠎ᠡ ᠨᠢ ᠶᠡᠷᠦ ᠳᠡᠭᠡᠨ ᠲᠡᠭᠦᠨ ᠤ ᠠᠭᠤᠯᠤᠭᠳᠠᠴᠠ ᠶᠢᠨ 0. 025 % ᠠᠴᠠ ᠬᠡᠲᠦᠷᠡᠬᠦ ᠦᠭᠡᠢ ᠶᠤᠮ᠂ ᠬᠡᠷᠪᠡ ᠨᠢᠭᠡ ᠡᠳᠦᠷ ᠵᠠᠭᠤᠨ ᠴᠣᠮᠣ ᠬᠠᠯᠠᠭᠤᠨ ᠤᠮᠳᠠᠭᠠᠨ ᠤᠤᠭᠤᠬᠤ ᠦᠭᠡᠢ ᠪᠣᠯ ᠬᠥᠮᠦᠨ ᠤ ᠪᠡᠶ᠎ᠡ ᠳᠤ ᠨᠥᠯᠥᠭᠡ ᠪᠣᠯᠬᠤ ᠦᠭᠡᠢ ᠶᠤᠮ᠃      ᠴᠠᠭᠠᠷᠢᠭ ᠬᠦᠴᠢᠯᠲᠥ᠋ᠷᠥᠭᠴᠢᠲᠦ ᠳᠠᠪᠠᠷᠬᠠᠢ ᠪᠠᠷ ᠦᠢᠯᠡᠳᠦᠭᠰᠡᠨ ᠰᠠᠨᠰᠠᠷ ᠤᠨ ᠴᠣᠮᠣ ᠨᠢ ᠶᠡᠭᠡ ᠬᠠᠯᠠᠭᠤᠨ ᠪᠤᠶᠤ ᠭᠡᠷᠡᠯ ᠤᠨ ᠲᠣᠰᠣᠯᠳᠠ ᠳᠣᠣᠷ᠎ᠠ ᠲᠡᠭᠦᠨ ᠤ ᠳᠠᠩ ᠪᠡᠶ᠎ᠡ ᠶᠢᠨ ᠬᠤᠣᠰ ᠹᠧᠨᠣᠯ A ᠶᠢ ᠡᠭᠦᠰᠭᠡᠳᠡᠭ᠂ ᠡᠨᠡ ᠨᠢ ᠬᠥᠮᠦᠨ ᠤ ᠪᠡᠶ᠎ᠡ ᠳᠤ ᠬᠤᠣᠷᠲᠠᠢ᠂ ᠡᠶᠢᠮᠦ ᠠᠴᠠ ᠤᠳᠤ ᠣᠯᠠᠩᠬᠢ ᠰᠦᠨ ᠤ ᠯᠣᠩᠬᠤ ᠨᠢ ᠴᠠᠭᠠᠷᠢᠭ ᠬᠦᠴᠢᠯᠲᠥ᠋ᠷᠥᠭᠴᠢᠲᠦ ᠳᠠᠪᠠᠷᠬᠠᠢ ᠶᠢᠨ ᠮᠠᠲ᠋ᠧᠷᠢᠶᠠᠯ ᠢ ᠬᠡᠷᠡᠭᠯᠡᠬᠦ ᠦᠭᠡᠢ ᠪᠣᠯᠵᠠᠶ᠃      ᠪᠠᠰᠠ ᠵᠠᠷᠢᠮ ᠬᠥᠮᠦᠨ ᠭᠠᠭᠴᠠ ᠤᠳᠠᠭ᠎ᠠ ᠬᠡᠷᠡᠭᠯᠡᠬᠦ ᠴᠠᠭᠠᠰᠤᠨ ᠴᠣᠮᠣ ᠨᠢ ᠬᠥᠮᠦᠨ ᠤ ᠪᠡᠶ᠎ᠡ ᠳᠤ ᠬᠤᠣᠷᠲᠠᠢ ᠭᠡᠵᠦ ᠦᠵᠡᠳᠡᠭ᠂ ᠦᠨᠡᠨ ᠳᠡᠭᠡᠨ ᠭᠠᠭᠴᠠ ᠤᠳᠠᠭ᠎ᠠ ᠬᠡᠷᠡᠭᠯᠡᠬᠦ ᠴᠠᠭᠠᠰᠤᠨ ᠴᠣᠮᠣ ᠳᠤ ᠤᠳᠠᠭᠠᠨ ᠰᠠᠪᠠᠯᠠᠬᠤ ᠦᠭᠡᠶ᠂ ᠬᠡᠲᠦᠷᠬᠡᠶ ᠬᠠᠯᠠᠭᠤᠨ ᠤᠮᠳᠠᠭᠠᠨ ᠢ ᠰᠠᠪᠠᠯᠠᠬᠤ ᠦᠭᠡᠶ ᠪᠣᠯ ᠲᠡᠶᠢᠮᠦ ᠶᠡᠭᠡ ᠠᠰᠠᠭᠤᠳᠠᠯ ᠭᠠᠷᠬᠤ ᠦᠭᠡᠶ ᠶᠤᠮ᠃ ᠲᠡᠭᠡᠪᠡᠯ ᠵᠢᠪᠡᠷᠡᠬᠦ ᠦᠭᠡᠢ ᠪᠣᠯᠣᠳ ᠴᠣᠮᠣ ᠶᠢᠨ ᠬᠦᠨᠳᠦ ᠲᠡᠮᠦᠷᠯᠢᠭ ᠪᠠᠷᠢᠮᠵᠢᠶ᠎ᠠ ᠠᠴᠠ ᠬᠡᠲᠦᠷᠡᠬᠦ ᠦᠦ︖ ᠵᠢᠪᠡᠷᠡᠬᠦ ᠦᠭᠡᠢ ᠪᠤᠯᠤᠳ ᠴᠣᠮᠣ ᠶᠢ ᠵᠢᠪᠡᠷᠡᠬᠦ ᠠᠴᠠ ᠰᠡᠷᠭᠡᠶᠢᠯᠡᠬᠦ ᠶᠢᠨ ᠲᠤᠯᠠᠲᠠ 10% ᠠᠴᠠ ᠳᠡᠭᠡᠭᠰᠢᠬᠢ ᠨᠢᠺᠤᠯ᠂ ᠮᠠᠩᠭᠠᠨ᠂ ᠾᠷᠣᠮ ᠡᠯᠧᠮᠧᠨ᠋ᠲ ᠢ ᠨᠡᠮᠡᠭᠡᠳ ᠳᠣᠣᠷ᠎ᠠ ᠨᠡᠭᠦᠷᠡᠰᠦᠲᠥ᠋ᠷᠥᠭᠴᠢᠲᠦ ᠪᠤᠯᠤᠳ ᠢ ᠪᠤᠢ ᠪᠤᠯᠭᠠᠳᠠᠭ᠂ ᠭᠡᠪᠡᠴᠦ ᠡᠳᠡᠭᠡᠷ ᠡᠯᠧᠮᠧᠨ᠋ᠲ ᠨᠢ ᠬᠥᠮᠦᠨ ᠤ ᠪᠡᠶ᠎ᠡ ᠳᠤ ᠴᠥᠮ ᠬᠤᠣᠷ ᠲᠠᠢ᠃      ᠲᠡᠭᠡᠪᠡᠯ ᠵᠢᠪᠡᠷᠡᠬᠦ ᠦᠭᠡᠢ ᠪᠤᠯᠤᠳ ᠴᠣᠮᠣ ᠨᠢ ᠴᠦ ᠬᠤᠣᠷ ᠲᠠᠢ ᠦᠦ︖ ᠴᠢᠨᠠᠷ ᠰᠠᠶᠢᠲᠠᠢ ᠵᠢᠪᠡᠷᠡᠬᠦ ᠤᠢᠭᠡᠢ ᠪᠤᠯᠤᠤᠠ ᠴᠣᠮᠣ ᠪᠣᠯ ᠴᠥᠮ ᠤᠯᠤᠰ ᠤᠨ ᠲᠣᠭᠲᠠᠭᠠᠯ ᠳᠤ ᠨᠡᠶᠢᠴᠡᠵᠦ ᠪᠠᠶᠢᠨ᠎ᠠ᠂ ᠾᠷᠣᠮ ᠤᠨ ᠰᠢᠯᠵᠢᠬᠦ ᠬᠡᠮᠵᠢᠶ᠎ᠡ ᠨᠢ 04 ᠮᠢᠯᠢᠭᠷᠡᠮ / ᠺᠦᠸᠠᠳ᠋ ᠮᠧᠲᠷ ᠠᠴᠠ ᠬᠡᠲᠦᠷᠡᠬᠦ ᠤᠢᠭᠡᠢ ᠪᠣᠯ ᠤᠷᠳᠦ ᠬᠤᠭᠤᠴᠠᠭ᠎ᠠ ᠪᠠᠷ ᠬᠦᠴᠢᠯᠯᠢᠭ ᠣᠷᠴᠢᠨ ᠲᠣᠭᠤᠷᠢᠨ ᠳᠤ ᠪᠠᠶᠢᠯ᠎ᠠ ᠴᠤ ᠭᠡᠰᠡᠨ ᠾᠷᠣᠮ ᠤᠨ ᠢᠶᠣᠨ ᠤ ᠰᠢᠯᠵᠢᠬᠦ ᠬᠡᠮᠵᠢᠶ᠎ᠡ ᠨᠢ ᠪᠠᠷᠢᠮᠵᠢᠶ᠎ᠠ ᠠᠴᠠ ᠬᠡᠲᠦᠷᠡᠬᠦ ᠤᠢᠭᠡᠢ ᠶᠤᠮ᠃      ᠱᠠᠭᠠᠵᠠᠩ ᠴᠣᠮᠣ ᠪᠤᠶᠤ ᠰᠢᠯ ᠴᠣᠮᠣ ᠬᠡᠷᠡᠭᠯᠡᠬᠦ ᠶᠢ ᠰᠠᠨᠠᠭᠠᠴᠢᠯᠠᠨ᠎ᠠ᠂ ᠡᠨᠡ ᠬᠤᠶᠠᠷ ᠵᠦᠢᠯ ᠤᠨ ᠴᠣᠮᠣ ᠦᠨᠳᠦᠰᠦᠨ ᠳᠡᠭᠡᠨ ᠬᠤᠤᠷᠲᠤ ᠪᠣᠳᠠᠰ ᠣᠷᠣᠰᠢᠬᠤ ᠦᠭᠡᠢ᠃
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号