ᠳᠠᠷᠢᠬᠢ ᠪᠠᠨ ᠬᠡᠷᠬᠢᠨ ᠬᠠᠮᠠᠭᠠᠯᠠᠬᠤ ᠳᠤᠬᠠᠢ
ᠨᠡᠶᠢᠲᠡᠯᠡᠭᠰᠡᠨ ᠴᠠᠭ᠄
2022/3/7
      ᠬᠦᠮᠦᠨ ᠤ ᠶᠡᠭᠡ ᠳᠠᠷᠢᠬᠢ ᠨᠢ ᠦᠪᠡᠷ ᠤᠨ ᠡᠬᠦᠰᠤᠯ ᠬᠦᠭᠵᠢᠯ ᠤᠨ ᠪᠤᠳᠤᠯᠢᠶᠠᠨᠳᠤ ᠶᠠᠪᠤᠴᠠ ᠲᠠᠢ ᠪᠠᠶᠢᠳᠠᠬ᠃ ᠳᠡᠷᠡ ᠨᠢ ᠪᠡᠶ᠎ᠠ ᠶᠢᠨ ᠳᠤᠳᠤᠭᠠᠳᠤ ᠡᠷᠬᠡᠳᠡᠨ ᠤ ᠬᠡᠪ ᠤᠨ ᠠᠵᠢᠯᠯᠠᠭ᠎ᠠ᠂ ᠦᠬᠡ ᠬᠡᠯᠡ᠂ ᠰᠡᠳᠬᠢᠬᠦᠢ ᠶᠢᠨ ᠬᠦᠳᠡᠯᠬᠡᠬᠡᠨ᠂ ᠪᠦᠬᠦ ᠪᠡᠶ᠎ᠠ ᠶᠢᠨ ᠬᠦᠳᠡᠯᠦᠯ ᠪᠠᠷᠢᠯ ᠢ ᠴᠠᠬ ᠮᠦᠴᠡ ᠠᠯᠳᠠᠯ ᠦᠬᠡᠢ ᠵᠢᠯᠦᠭᠤᠳᠴᠤ ᠪᠠᠶᠢᠳᠠᠬ ᠲᠦᠢᠯ ᠤᠨ ᠪᠤᠳᠤᠯᠢᠶᠠᠨ ᠲᠠᠢ ᠮᠡᠳᠡᠷᠡᠯ ᠤᠨ ᠲᠦᠪ ᠮᠦᠨ᠃ ᠳᠡᠭᠡᠪᠡᠯ ᠪᠢᠳᠡ ᠶᠡᠭᠡ ᠳᠠᠷᠢᠬᠢ ᠪᠠᠨ ᠬᠡᠷᠬᠢᠨ ᠬᠠᠮᠠᠭᠠᠯᠠᠵᠤ᠂ ᠲᠦᠷᠬᠡᠨ ᠦᠳᠡᠯᠬᠦ ᠶᠢ ᠨᠢ ᠶᠠᠭᠠᠬᠢᠵᠤ ᠰᠡᠷᠭᠡᠶᠢᠯᠡᠬᠦ ᠪᠤᠢ︖      ⒈ ᠡᠳᠤᠷ ᠪᠦᠷᠢ ᠳᠤᠬᠳᠠᠮᠠᠯ ᠴᠠᠬ ᠭᠠᠷᠭᠠᠵᠤ ᠨᠤᠮ ᠤᠡᠭᠰᠢᠬᠤ ᠪᠤᠶᠤ ᠶᠠᠭᠤᠮ᠎ᠠ ᠪᠢᠴᠢᠬᠦ ᠡᠰᠡᠬᠦᠯ᠎ᠠ ᠺᠣᠮᠫᠢᠦ᠋ᠲ᠋ᠧᠷ ᠪᠤᠯᠪᠠᠰᠤᠷᠠᠬᠤ ᠵᠡᠷᠭᠡ ᠠᠷᠭ᠎ᠠ ᠪᠠᠷ ᠳᠠᠷᠢᠬᠢ ᠳᠤᠯᠤᠭᠠᠢ ᠪᠠᠨ ᠬᠦᠳᠡᠯᠬᠡᠬᠦ ᠳᠤ ᠳᠤᠬᠢᠶᠠᠯ ᠤᠯᠭᠤᠨ᠎ᠠ᠃      ⒉ ᠨᠡᠶᠢᠬᠡᠮ ᠤᠨ ᠬᠦᠳᠡᠯᠬᠡᠬᠡᠨ ᠳᠤ ᠢᠯᠡᠬᠦᠬᠡᠨ ᠤᠷᠤᠯᠴᠠᠵᠤ ᠬᠦᠮᠦᠰ ᠤᠨ ᠬᠤᠭᠤᠷᠤᠨᠳᠤᠬᠢ ᠬᠠᠷᠢᠴᠠᠭ᠎ᠠ ᠪᠠᠨ ᠨᠡᠮᠡᠭᠳᠡᠬᠦᠯᠬᠦ ᠪᠠᠷ ᠳᠠᠮᠵᠢᠨ ᠭᠠᠳᠠᠭᠠᠳᠤ ᠤᠷᠴᠢᠨ ᠠᠴᠠ ᠵᠤᠬᠢᠬᠤ ᠬᠡᠮᠵᠢᠶᠡᠨ ᠤ ᠰᠡᠳᠡᠯᠳᠡ ᠤᠯᠵᠤ ᠳᠠᠷᠢᠬᠢ ᠪᠠᠨ ᠬᠦᠳᠡᠯᠬᠡᠬᠡᠨ ᠰᠡᠳᠬᠢᠨ ᠪᠤᠳᠤᠬᠤ ᠬᠡᠷᠡᠭᠳᠡᠢ᠃      ⒊ ᠤᠯᠠᠨ ᠳᠠᠯ᠎ᠠ ᠪᠠᠷ ᠳᠤᠷ᠎ᠠ ᠪᠠᠬ᠎ᠠ ᠶᠢ ᠪᠤᠢ ᠪᠤᠯᠭᠠᠬᠤ ᠠᠴᠠ ᠭᠠᠷᠳᠠᠬᠤ ᠬᠡᠷᠡᠭᠳᠡᠢ᠃ ᠳᠤᠬᠠᠢᠢᠯᠠᠪᠠᠯ ᠤᠳᠬ᠎ᠠ ᠤᠷᠠᠯᠢᠬ᠂ ᠪᠡᠶ᠎ᠠ ᠶᠢᠨ ᠳᠠᠮᠢᠷ ᠲᠤ ᠤᠷᠤᠯᠴᠠᠬᠤ ᠪᠠ ᠴᠡᠴᠡᠭ ᠬᠤᠸᠠᠷ ᠳᠠᠷᠢᠬᠤ ᠵᠡᠷᠭᠡ ᠪᠠᠬ᠎ᠠ ᠲᠠᠢ ᠠᠵᠢᠯᠯᠠᠭ᠎ᠠ ᠳᠤ ᠤᠷᠤᠯᠴᠠᠵᠤ ᠠᠭᠠᠵᠢᠮ ᠢᠶᠠᠷ ᠳᠤᠷ᠎ᠠ ᠪᠠᠬ᠎ᠠ ᠲᠠᠢ ᠪᠤᠯᠴᠢᠬᠠᠪᠠᠯ ᠶᠡᠭᠡ ᠳᠠᠷᠢᠬᠢᠨ ᠳᠤ ᠴᠠᠬ ᠢᠮᠠᠬᠳᠠ ᠳᠤᠬᠢᠷᠠᠭᠤᠯᠤᠯᠳᠠ ᠬᠢᠵᠤ ᠴᠢᠳᠠᠨ᠎ᠠ᠃      ⒋ᠬᠠᠮᠤᠬ ᠰᠠᠶᠢᠨ ᠨᠢ ᠵᠠᠩ ᠠᠭᠠᠰᠢ ᠬᠦᠭᠵᠢᠬᠦᠨ ᠪᠠᠶᠠᠰᠦᠩᠭᠤᠢ ᠪᠠᠶᠢᠵᠤ ᠵᠤᠪᠠᠵᠤ ᠭᠤᠳᠤᠷᠠᠬᠤ ᠦᠬᠡᠢ᠂ ᠠᠭᠤᠷᠯᠠᠵᠤ ᠪᠤᠬᠢᠨᠢᠳᠤᠬᠤ ᠦᠬᠡᠢ ᠪᠠᠶᠢᠵᠤ᠂ ᠳᠠᠷᠢᠬᠢ ᠪᠠᠨ ᠢᠯᠡᠬᠦᠤ ᠬᠦᠳᠡᠯᠬᠡᠨ ᠳᠠᠷᠢᠬᠢᠨ ᠤ ᠴᠢᠳᠠᠪᠦᠷᠢ ᠶᠢ ᠨᠡᠮᠡᠭᠳᠡᠬᠦᠯᠬᠦ ᠶᠢ ᠪᠠᠷᠢᠮᠳᠠᠯᠠᠬᠤ ᠬᠡᠷᠡᠭᠳᠡᠢ᠃      ⒌ᠭᠠᠷ ᠤᠨ ᠬᠤᠷᠤᠭᠤᠨ ᠤ ᠦᠵᠤᠬᠦᠷ᠂ ᠬᠤᠷᠤᠭᠤᠨ ᠤ ᠦᠨᠳᠡᠭᠡ᠂ ᠪᠠᠭᠤᠤ ᠵᠡᠷᠭᠡ ᠪᠠᠨ ᠦᠷᠬᠦᠯᠵᠢ ᠬᠦᠳᠡᠯᠬᠡᠬᠦ ᠶᠢ ᠠᠩᠬᠠᠷᠴᠤ ᠵᠢᠷᠤᠬ ᠵᠢᠷᠤᠬᠤ᠂ ᠦᠰᠦᠭ ᠪᠢᠴᠢᠬᠦ᠂ ᠬᠤᠪᠴᠠᠰᠤ ᠨᠡᠬᠡᠬᠦ᠂ ᠭᠡᠷ ᠤᠨ ᠬᠦᠳᠡᠯᠮᠦᠷᠢ ᠬᠢᠬᠦ ᠵᠡᠷᠬᠡ ᠨᠢ ᠴᠦᠮ ᠶᠡᠭᠡ ᠳᠠᠷᠢᠬᠢᠨ ᠳᠤ ᠰᠡᠳᠡᠯᠳᠡ ᠦᠭᠴᠤ᠂ ᠤᠶᠤᠨ ᠤ ᠬᠦᠳᠡᠯᠮᠦᠷᠢ ᠬᠢᠬᠦ ᠳᠠᠯ᠎ᠠ ᠪᠠᠷ ᠰᠠᠶᠢᠨ ᠪᠤᠯᠳᠠᠬ᠃      ⒍ ᠳᠤᠬᠳᠠᠬᠰᠠᠨ ᠴᠠᠬ ᠲᠤ ᠪᠠᠨ ᠤᠨᠳᠠᠬᠤ ᠪᠤᠯ ᠳᠠᠷᠢᠬᠢᠨ ᠤ ᠦᠳᠡᠯᠵᠤ ᠪᠢᠳᠠᠭᠤᠷᠠᠬᠤ ᠶᠢ ᠰᠡᠷᠭᠡᠶᠢᠯᠡᠬᠦ ᠴᠢᠬᠤᠯᠠ ᠵᠦᠢᠯ ᠪᠤᠯᠬᠤ ᠪᠦᠭᠡᠳ ᠪᠠᠰᠠ ᠳᠠᠷᠢᠬᠢᠨ ᠤ ᠶᠠᠳᠠᠷᠠᠭ᠎ᠠ ᠴᠢᠯᠡᠭᠡ ᠶᠢ ᠳᠠᠶᠢᠯᠬᠤ ᠬᠠᠮᠤᠬ ᠰᠠᠶᠢᠨ ᠠᠷᠭ᠎ᠠ ᠮᠦᠨ᠃ ᠡᠬᠦᠨ ᠤ ᠳᠤᠮᠳᠠ᠂ ᠪᠠᠭ᠎ᠠ ᠰᠤᠷᠭᠠᠭᠤᠯᠢ ᠶᠢᠨ ᠰᠤᠷᠤᠬᠴᠢ᠂ ᠪᠠᠭᠰᠢ ᠵᠡᠷᠭᠡ ᠤᠶᠤᠨ ᠤ ᠬᠦᠳᠡᠯᠮᠦᠷᠢ ᠬᠢᠳᠡᠭ ᠬᠦᠮᠤᠰ ᠦᠳᠡ ᠳᠤ ᠬᠠᠭᠠᠰ ᠴᠠᠬ ᠠᠴᠠ ᠨᠢᠬᠡ ᠴᠠᠬ ᠤᠷᠴᠢᠮ ᠤᠨᠳᠠᠪᠠᠯ ᠳᠠᠷᠢᠬᠢ ᠳᠤᠯᠤᠭᠠᠢ ᠰᠡᠷᠭᠡᠭᠵᠢᠵᠤ ᠠᠵᠢᠯᠯᠠᠬᠤ᠂ ᠰᠤᠷᠤᠯᠴᠠᠬᠤ ᠳᠤ ᠮᠠᠰᠢ ᠳᠤᠬᠢᠷᠠᠮᠵᠢᠳᠡᠢ ᠪᠠᠶᠢᠳᠠᠬ᠃      7᠂ ᠳᠠᠷᠢᠬᠢᠨ ᠤ ᠰᠢᠮ᠎ᠠ ᠳᠡᠵᠢᠬᠡᠯ ᠤᠨ ᠳᠡᠩᠴᠡᠬᠦᠷᠢ ᠶᠢ ᠦᠷᠬᠦᠯᠵᠢ ᠠᠩᠬᠠᠷᠴᠤ᠂ ᠸᠢᠲ᠋ᠠᠮᠢᠨ ᠤ ᠳᠠᠷᠢᠬᠢᠨ ᠤ ᠬᠦᠳᠡᠯᠬᠡᠬᠡᠨ ᠳᠤ ᠦᠵᠡᠬᠦᠯᠬᠦ ᠦᠢᠯᠡᠳᠤᠯ ᠨᠢ ᠳᠦᠢᠯ ᠤᠨ ᠴᠢᠬᠤᠯᠠ ᠭᠡᠳᠡᠭ ᠢ ᠮᠡᠳᠡᠵᠤ ᠠᠪᠬᠤ ᠴᠢᠬᠤᠯᠠᠳᠡᠢ᠃      ᠶᠡᠭᠡ ᠳᠠᠷᠢᠬᠢᠨ ᠤ ᠶᠠᠳᠠᠷᠠᠯ ᠢ ᠳᠠᠶᠢᠯᠬᠤ ᠤᠷᠠᠨ ᠠᠷᠭ᠎ᠠ ᠤᠳᠠᠭᠠᠨ ᠴᠠᠬ ᠤᠨ ᠶᠠᠭᠠᠷᠠᠯᠳᠡᠢ ᠤᠶᠤᠨ ᠤ ᠬᠦᠳᠡᠯᠮᠦᠷᠢ ᠨᠢ ᠬᠦᠮᠦᠰ ᠤᠨ ᠳᠠᠷᠢᠬᠢ ᠳᠤᠯᠤᠭᠠᠢ ᠶᠢ ᠬᠦᠴᠤᠳᠡᠢ ᠨᠦᠯᠦᠬᠡᠯᠡᠵᠤ ᠶᠡᠭᠡ ᠳᠠᠷᠢᠬᠢᠨ ᠤ ᠶᠠᠳᠠᠷᠠᠯ ᠢ ᠪᠤᠢ ᠪᠤᠯᠭᠠᠳᠠᠬ᠃ ᠳᠡᠭᠡᠪᠡᠯ ᠡᠨᠡ ᠬᠦ ᠶᠠᠳᠠᠷᠠᠯ ᠢ ᠲᠦᠬᠦᠮ ᠠᠷᠭ᠎ᠠ ᠪᠠᠷ ᠬᠡᠷᠬᠢᠨ ᠳᠠᠶᠢᠯᠬᠤ ᠪᠤᠢ︖      ⒈ ᠰᠠᠭᠤᠬᠰᠠᠨ ᠪᠤᠶᠤ ᠵᠤᠬᠰᠤᠬᠰᠠᠨ ᠠᠯᠢ ᠨᠢᠬᠡᠨ ᠦᠶ᠎ᠠ ᠳᠤ ᠪᠦᠬᠦ ᠪᠡᠶ᠎ᠡ ᠪᠠᠨ ᠰᠤᠯᠠ ᠳᠠᠯᠪᠢᠵᠤ ᠬᠤᠶᠠᠷ ᠨᠢᠳᠤ ᠪᠠᠨ ᠪᠠᠭ᠎ᠠ ᠯᠡ ᠠᠨᠢᠪᠬᠢᠨ᠎ᠠ᠃     ⒉ ᠠᠷᠪᠠᠨ ᠬᠤᠷᠤᠭᠤᠨ ᠤ ᠦᠵᠦᠬᠦᠷ ᠢᠶᠠᠷ ᠬᠡᠵᠢᠬᠡ ᠪᠠᠨ ᠠᠷᠤᠬᠰᠢ ᠪᠠᠨ ᠰᠠᠮᠨᠠᠬᠤ ᠶᠠᠩᠵᠤᠳᠡᠢ ᠮᠠᠭᠠᠵᠢᠵᠤ᠂ ᠳᠤᠬᠤᠨ ᠤ ᠪᠠᠨ ᠬᠦᠷᠤᠰᠤ ᠶᠢ ᠠᠷᠪᠠᠨ ᠨᠠᠢᠮᠠ ᠤᠳᠠᠭ᠎ᠠ ᠢᠯᠪᠢᠭᠡᠳ ᠳᠤᠯᠤᠭᠠᠢ ᠪᠠᠨ ᠠᠯᠠᠭᠠᠳᠠᠨ᠎ᠠ᠃ ᠬᠤᠤᠰ ᠠᠯᠠᠭ᠎ᠠ ᠪᠠᠨ ᠬᠦᠨᠳᠡᠶᠢᠯᠡᠵᠤ ᠪᠠᠶᠢᠭᠠᠳ ᠳᠤᠯᠤᠭᠠᠢ ᠶᠢᠨ ᠡᠮᠤᠨ᠎ᠠ ᠭᠡᠰᠡᠭ ᠠᠴᠠ ᠨᠢ ᠬᠤᠶᠢᠰᠢ ᠪᠠᠨ ᠵᠢᠷᠭᠤᠭ᠎ᠠ ᠠᠴᠠ ᠳᠤᠯᠤᠭ᠎ᠠ ᠤᠳᠠᠭ᠎ᠠ ᠠᠯᠠᠭᠠᠳᠠᠬᠰᠠᠨ ᠤ ᠳᠠᠷᠠᠭ᠎ᠠ ᠳᠠᠬᠢᠨ ᠠᠷᠪᠠᠨ ᠨᠠᠢᠮᠠ ᠤᠳᠠᠭ᠎ᠠ ᠢᠯᠪᠢᠵᠤ᠂ ᠠᠯᠢ ᠭᠡᠰᠡᠭ ᠨᠢ ᠳᠠᠭᠠᠯᠠᠮᠵᠢ ᠦᠬᠡᠢ ᠪᠤᠯ ᠳᠡᠷᠡ ᠭᠡᠰᠡᠭ ᠢ ᠨᠢ ᠢᠯᠡᠬᠦᠤ ᠬᠡᠳᠤ ᠠᠯᠠᠭᠠᠳᠠᠬᠤ ᠪᠤᠶᠤ ᠬᠦᠴᠤᠳᠡᠢ ᠬᠡᠳᠤ ᠠᠯᠠᠭᠠᠳᠠᠨ᠎ᠠ᠃ ᠬᠤᠶᠠᠷ ᠭᠠᠷ ᠤᠨ ᠬᠤᠷᠤᠭᠤ ᠨᠤᠭᠤᠳ ᠤᠨ ᠢᠶᠠᠨ ᠰᠠᠯᠠᠭ᠎ᠠ ᠶᠢ ᠵᠦᠷᠢᠬᠦᠯᠡᠵᠤ ᠲᠠᠯᠪᠢᠬᠰᠠᠨ ᠤ ᠰᠡᠭᠦᠯᠡᠷ ᠠᠯᠠᠭ᠎ᠠ ᠪᠠᠨ ᠨᠡᠶᠢᠯᠡᠬᠦᠯᠦᠭᠡᠳ ᠠᠷᠤ ᠳᠤᠬᠤ ᠪᠠᠨ ᠭᠤᠷᠪᠠᠨ ᠮᠢᠨᠦ᠋ᠲ ᠳᠡᠪᠡᠷᠢᠨ᠎ᠠ᠃       ⒊ ᠳᠡᠭᠡᠷᠡᠬᠢ ᠬᠦᠳᠡᠯᠬᠡᠬᠡᠨ ᠨᠦᠭᠦᠳ ᠢ ᠬᠢᠬᠦ ᠦᠶᠡᠰ ︽ᠳᠠᠷᠢᠬᠢ ᠳᠤᠯᠤᠭᠠᠢ ᠶᠢ ᠡᠷᠡᠬᠦᠯ ᠰᠠᠷᠠᠭᠤᠯ ᠪᠤᠯᠭᠠᠬᠤ ᠳᠤᠬᠠᠢ︾ ᠤᠬᠢ ᠰᠠᠶᠢᠨ ᠪᠤᠳᠤᠯ ᠤᠨ ᠤᠬᠠᠮᠰᠠᠷ ᠪᠤᠶᠤ ᠪᠢᠰᠢᠯᠭᠠᠯ ᠲᠠᠢ ᠪᠠᠶᠢᠬᠤ ᠬᠡᠷᠡᠭᠳᠡᠢ᠃ ᠢᠡᠭᠭᠢᠪᠡᠯ ᠳᠠᠨ ᠤ ᠳᠠᠷᠢᠬᠢ ᠳᠤᠯᠤᠭᠠᠢ ᠰᠡᠳᠬᠢᠬᠦᠢ ᠴᠢᠨᠢ ᠠᠭᠱᠠᠨ ᠵᠠᠭᠤᠷ᠎ᠠ ᠰᠡᠷᠬᠦᠨ ᠰᠤᠷᠭᠤᠬᠵᠢᠵᠤ ᠢᠷᠡᠨ᠎ᠠ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号