ᠨᠤᠮ ᠤᠩᠰᠢᠬᠤ ᠨᠢ ᠡᠪᠡᠳᠴᠢᠨ ᠵᠠᠰᠠᠬᠤ ᠦᠢᠯᠡᠳᠦᠯ ᠲᠠᠢ
ᠨᠡᠶᠢᠲᠡᠯᠡᠭᠰᠡᠨ ᠴᠠᠭ᠄
2022/3/17
      ᠨᠤᠮ ᠤᠩᠰᠢᠪᠠᠯ ᠮᠡᠳᠡᠯᠬᠡ ᠬᠤᠷᠠᠮᠳᠤᠨ ᠰᠠᠨᠠᠭ᠎ᠠ ᠰᠡᠳᠬᠢᠯ ᠨᠡᠭᠡᠭᠡᠭᠳᠡᠬᠦ ᠬᠡᠳᠡᠭ ᠢ ᠬᠡᠨ ᠴᠦ ᠮᠡᠳᠡᠨ᠎ᠠ᠂ ᠬᠡᠪᠡᠴᠦ ᠨᠤᠮ ᠤᠩᠰᠢᠬᠤ ᠨᠢ ᠡᠪᠡᠳᠴᠢᠨ ᠵᠠᠰᠠᠬᠤ ᠦᠢᠯᠡᠳᠦᠯ ᠲᠠᠢ ᠬᠡᠳᠡᠭ ᠢ ᠬᠠᠷᠢᠨ ᠴᠦᠬᠡᠨ ᠪᠤᠰᠤ ᠬᠦᠮᠦᠨ ᠠᠩᠵᠠᠭᠠᠷᠠᠵᠦ ᠤᠶᠢᠯᠠᠭᠠᠭᠰᠠᠨ ᠦᠬᠡᠢ ᠪᠠᠶᠢᠵᠦ ᠮᠡᠳᠡᠨ᠎ᠠ᠃ ᠦᠨᠡᠨᠳᠡᠬᠡᠨ ᠨᠤᠮ ᠪᠢᠴᠢᠭ ᠤᠩᠰᠢᠬᠤ ᠪᠠᠷ ᠳᠠᠮᠵᠢᠨ ᠡᠪᠡᠳᠴᠢᠨ ᠵᠠᠰᠠᠳᠠᠭ ᠠᠷᠭ᠎ᠠ ᠨᠢᠬᠡᠨᠳᠡ ᠬᠡᠳᠦᠨ ᠵᠠᠭᠤᠨ ᠵᠢᠯ ᠤᠨ ᠳᠡᠦᠬᠡ ᠲᠠᠢ ᠪᠤᠯᠪᠠ᠃ ᠠᠮᠧᠷᠢᠺᠠ ᠶᠢᠨ ᠡᠮᠴᠢ ᠨᠤᠮ ᠤᠩᠰᠢᠬᠤ ᠪᠠᠷ ᠳᠠᠮᠵᠢᠨ ᠡᠪᠡᠳᠴᠢᠨ ᠵᠠᠰᠠᠬᠤ ᠶᠠᠪᠤᠳᠠᠯ ᠢ ᠰᠡᠳᠬᠢᠴᠠ ᠶᠢᠨ ᠡᠪᠡᠳᠴᠢᠨ ᠤ ᠵᠠᠰᠠᠯ ᠤᠨ ᠠᠨᠠᠭᠠᠬᠤ ᠬᠤᠭᠤᠴᠠᠭᠠᠨ ᠳᠤ ᠤᠷᠤᠭᠤᠯᠤᠭᠰᠠᠨ ᠶᠤᠮ᠃ ᠨᠤᠮ ᠤᠩᠰᠢᠬᠤ ᠨᠢ ᠳᠤᠤᠷᠠᠬᠢ ᠬᠡᠳᠦᠨ ᠵᠦᠢᠯ ᠤᠨ ᠡᠪᠡᠳᠴᠢᠨ ᠡᠮᠨᠡᠬᠦ ᠦᠢᠯᠡᠳᠦᠯ ᠲᠠᠢ᠄      1. ᠮᠠᠲ᠋ᠧᠷᠢᠶᠠᠯ ᠤᠨ ᠴᠢᠨᠠᠷ ᠲᠠᠢ ᠨᠤᠮ ᠪᠢᠴᠢᠭ ᠪᠠ ᠰᠡᠳᠬᠦᠯ ᠳᠤᠪᠬᠢᠮᠡᠯ ᠵᠡᠷᠬᠡ ᠨᠢ ᠡᠪᠡᠳᠴᠢᠳᠡᠨ ᠤ ᠡᠪᠡᠳᠴᠢᠨ ᠡᠮᠬᠡᠭ ᠢᠶᠠᠨ ᠰᠢᠰᠲ᠋ᠧᠮ ᠲᠠᠢ ᠳᠠᠨᠢᠵᠦ ᠮᠡᠳᠡᠬᠦ ᠳᠤ ᠳᠤᠰᠠᠯᠠᠮᠵᠢ ᠪᠤᠯᠬᠤ ᠪᠦᠬᠡᠳ ᠡᠪᠡᠳᠴᠢᠳᠡᠨ ᠤ ᠡᠪᠡᠳᠴᠢᠨ ᠤ ᠪᠠᠶᠢᠳᠠᠯ ᠳᠠᠭᠠᠨ ᠶᠠᠮᠠᠷ ᠴᠦ ᠤᠶᠢᠯᠠᠭᠠᠯᠳᠠ ᠦᠬᠡᠢ ᠠᠴᠠ ᠪᠤᠯᠤᠭᠰᠠᠨ ᠰᠡᠵᠢᠭ ᠢ ᠲᠠᠶᠢᠳᠬᠤᠷᠠᠭᠤᠯᠬᠤ ᠠᠴᠢ ᠳᠤᠰᠠᠳᠠᠢ᠃ ᠳᠦᠬᠦᠮ ᠤᠶᠢᠯᠠᠭᠠᠮᠵᠢᠳᠠᠢ ᠡᠮᠨᠡᠯᠬᠡ ᠶᠢᠨ ᠪᠢᠴᠢᠭ ᠪᠠ ᠰᠡᠳᠬᠢᠴᠠ ᠵᠦᠢ ᠶᠢᠨ ᠨᠤᠮ ᠪᠢᠴᠢᠭ ᠤᠳ ᠴᠦᠮ ᠡᠶᠢᠮᠤ ᠦᠢᠯᠡᠳᠦᠯ ᠲᠠᠢ ᠶᠤᠮ᠃      2. ᠨᠤᠮ ᠪᠢᠴᠢᠭ ᠤᠨ ᠳᠤᠳᠤᠷᠠᠬᠢ ᠬᠡᠷᠡᠭ ᠠᠬᠤᠢ ᠶᠢᠨ ᠳᠤᠯᠭᠠᠷᠠᠯ ᠨᠢ ᠤᠩᠰᠢᠭᠴᠢ ᠯᠤᠭ᠎ᠠ ᠰᠠᠨᠠᠭ᠎ᠠ ᠨᠡᠶᠢᠴᠡᠨ᠂ ᠤᠨᠴᠠᠭᠠᠶᠢᠯᠠᠨ ᠠᠮᠢ ᠨᠠᠰᠤᠨ ᠤ ᠬᠤᠯᠪᠤᠭ᠎ᠠ ᠲᠠᠢ ᠳᠤᠬᠢᠶᠠᠯ ᠤᠴᠠᠷᠠᠯ ᠤᠨ ᠳᠦᠷᠰᠦᠯᠡᠯ ᠨᠢ ᠤᠩᠰᠢᠭᠴᠢ ᠶᠢᠨ ᠰᠡᠳᠬᠢᠯ ᠢ ᠬᠦᠳᠡᠯᠭᠡᠭᠰᠡᠭᠡᠷ ᠡᠪᠡᠳᠴᠢᠨ ᠡᠮᠭᠡᠭ ᠢ ᠨᠢ ᠳᠡᠩᠭᠡᠷᠡᠬᠦᠯᠬᠦ ᠠᠨᠢᠰᠦ ᠪᠤᠯᠬᠤ ᠪᠤᠯᠤᠯᠴᠠᠭ᠎ᠠ ᠲᠠᠢ ᠶᠤᠮ᠃      3. ᠨᠤᠮ ᠪᠢᠴᠢᠭ ᠤᠨ ᠳᠤᠳᠤᠷᠠᠬᠢ ᠭᠤᠤᠯ ᠪᠠᠭᠠᠳᠤᠷ ᠤᠨ ᠠᠬᠤᠢ ᠪᠠᠶᠢᠳᠠᠯ᠂ ᠤᠴᠠᠷᠠᠯ ᠳᠤᠯᠭᠠᠷᠠᠯ ᠨᠢ ᠤᠩᠰᠢᠭᠴᠢ ᠲᠠᠢ ᠤᠶᠢᠷᠠᠯᠴᠠᠭ᠎ᠠ ᠪᠠᠶᠢᠪᠠᠯ᠂ ᠤᠩᠰᠢᠭᠴᠢ ᠠᠶᠠᠨᠳᠠᠭᠠᠨ ᠦᠪᠡᠷ ᠤᠨ ᠪᠡᠶ᠎ᠠ ᠪᠠᠨ ᠪᠢᠴᠢᠭ ᠳᠤᠳᠤᠷᠠᠬᠢ ᠬᠦᠮᠦᠨ ᠯᠦᠭᠡ ᠬᠤᠪᠢ ᠵᠠᠶᠠᠭ᠎ᠠ ᠪᠠᠨ ᠨᠡᠶᠢᠯᠡᠬᠦᠯᠦᠨ ᠬᠤᠷᠸ᠎ᠠ ᠶᠢᠷᠳᠢᠨᠴᠦ ᠪᠠᠷ ᠮᠠᠷᠳᠠᠯ ᠦᠬᠡᠢ ᠬᠠᠮᠳᠤ ᠶᠠᠪᠤᠭᠰᠠᠨ ᠮᠡᠳᠦ ᠦᠨᠡᠬᠡᠷ ᠰᠡᠳᠬᠢᠯ ᠰᠠᠨᠠᠭᠠᠨ ᠳᠤ ︽ᠤᠢ ᠪᠢᠯᠢᠭ ᠤᠨ ᠤᠬᠢᠶᠠᠯ︾ ᠬᠦᠷᠳᠡᠭᠰᠡᠨ ᠮᠡᠳᠣ ᠪᠤᠯᠬᠤ ᠶᠤᠮ᠃      4. ᠨᠤᠮ ᠪᠢᠴᠢᠭ ᠤᠨ ᠳᠤᠳᠤᠷ᠎ᠠ ︽ᠨᠢᠬᠡ ᠯᠡ ᠦᠬᠡᠨ ᠳᠤᠷ ᠤᠬᠠᠭᠠᠷᠠᠬᠤ︾ ᠭᠠᠶᠢᠬᠠᠮᠰᠢᠭᠳᠤ ᠰᠦᠪᠡᠭᠴᠢ ᠪᠤᠢ᠃ ᠤᠩᠰᠢᠭᠴᠢ ︽ᠬᠠᠵᠠᠭᠤ ᠶᠢᠨ ᠬᠦᠮᠦᠨ︾ ᠤ ᠬᠤᠪᠢ ᠪᠠᠷ ᠦᠪᠡᠷ ᠤᠨ ᠠᠮᠢ ᠨᠠᠰᠤᠨ ᠤ ᠭᠠᠴᠢᠭᠳᠠᠯ ᠢᠶᠠᠨ ᠡᠷᠬᠢᠴᠡᠬᠦᠯᠦᠨ ᠰᠠᠨᠠᠵᠦ ᠡᠬᠦᠨ ᠠᠴᠠ ᠮᠤᠯᠳᠤᠷᠠᠨ ᠭᠠᠷᠬᠤ ᠰᠠᠨᠠᠭᠠᠨ ᠳᠤ ᠪᠤᠰᠤ ᠶᠤᠰᠤ ᠶᠢ ᠤᠬᠠᠵᠤ ᠪᠤᠯᠤᠨ᠎ᠠ᠃      5. ᠳᠤᠭᠤᠵᠢ ᠷᠤᠮᠠᠨ ᠳᠤ ᠴᠠᠭ ᠬᠤᠭᠤᠴᠠᠭ᠎ᠠ᠂ ᠪᠠᠶᠢᠭᠠᠯᠢ ᠣᠷᠴᠢᠨ᠂ ᠪᠤᠳᠠᠳᠤ ᠠᠬᠤᠢ ᠪᠠᠶᠢᠳᠠᠯ ᠲᠠᠢ ᠪᠤᠯᠬᠤᠷ ᠤᠩᠰᠢᠭᠴᠢ ᠰᠡᠳᠬᠢᠯ ᠢᠶᠠᠨ ᠳᠦᠪᠯᠡᠷᠡᠬᠦᠯᠦᠨ ᠤᠩᠰᠢᠬᠤ ᠳᠠᠭᠠᠨ ᠪᠠᠶᠢᠭ᠎ᠠ ᠳᠠᠷᠤᠭᠠᠰᠦ ᠪᠠ ᠡᠪᠡᠳᠴᠢᠨ ᠤ ᠵᠤᠪᠠᠭᠤᠷᠢ ᠪᠠᠨ ᠳᠦᠷ ᠬᠠᠶᠠᠵᠦ ᠮᠠᠷᠳᠠᠳᠠᠭ᠃      6. ᠤᠩᠰᠢᠭᠴᠢ ᠵᠤᠬᠢᠶᠠᠯ ᠪᠦᠳᠦᠭᠡᠯ ᠤᠨ ᠳᠠᠰᠤᠷᠠᠯ ᠦᠬᠡᠢ ᠮᠡᠳᠡᠭᠡ ᠤᠯᠠᠮᠵᠢᠯᠠᠬᠤ ᠪᠠᠶᠢᠳᠠᠯ ᠳᠤᠤᠷ᠎ᠠ ᠨᠢᠬᠡᠨᠳᠡᠶ᠎ᠠ ᠪᠠᠶᠢᠭᠰᠠᠨ ᠰᠡᠳᠬᠢᠴᠠ ᠶᠢᠨ ᠳᠠᠳᠬᠠᠯ ᠨᠢ ᠦᠬᠡᠷᠡᠴᠢᠯᠡᠭᠳᠡᠬᠦ ᠪᠤᠯᠤᠨ᠎ᠠ᠃ ᠤᠷᠤᠰ ᠤᠨ ᠵᠤᠬᠢᠶᠠᠯᠴᠢ ᠮ᠊ · ᠭᠤᠷᠺᠢ ︽ᠨᠤᠮ ᠪᠢᠴᠢᠭ ᠪᠤᠯ ᠬᠦᠮᠦᠨ ᠳᠦᠷᠦᠯᠬᠢᠳᠡᠨ ᠤ ᠳᠠᠪᠰᠢᠯᠳᠠ ᠶᠢᠨ ᠱᠠᠳᠤ ᠮᠦᠨ︾ ᠬᠡᠵᠦ ᠰᠤᠷᠭᠠᠭᠰᠠᠨ ᠪᠢᠯᠡ᠃      ᠳᠡᠬᠡᠷᠡᠬᠢ ᠶᠠᠷᠢᠭᠰᠠᠨ ᠪᠤᠳᠠᠳᠤ ᠦᠢᠯᠡᠳᠦᠯ ᠠᠴᠠ ᠦᠵᠡᠪᠡᠯ᠂ ᠨᠤᠮ ᠪᠢᠴᠢᠭ ᠪᠤᠯ ᠬᠦᠮᠦᠨ ᠳᠦᠷᠦᠯᠬᠢᠳᠡᠨ ᠢ ᠴᠢᠬᠢᠷᠠᠭᠵᠢᠭᠤᠯᠬᠤ ᠤᠶᠤᠨ ᠤ ᠰᠢᠮ᠎ᠠ ᠳᠡᠵᠢᠬᠡᠯ ᠬᠡᠵᠦ ᠬᠡᠯᠡᠵᠦ ᠪᠤᠯᠤᠨ᠎ᠠ᠃ ᠬᠦᠮᠦᠰ ᠨᠤᠮ ᠪᠢᠴᠢᠭ ᠤᠩᠰᠢᠨ ᠮᠡᠳᠡᠯᠬᠡ ᠬᠦᠷᠳᠡᠬᠦ ᠳᠤᠮᠳᠠ ᠪᠠᠨ ᠠᠶᠠᠨᠳᠠᠭᠠᠨ ᠦᠪᠡᠷ ᠢ ᠪᠠᠨ ᠴᠢᠯᠦᠬᠡᠯᠡᠵᠦ᠂ ᠦᠪᠡᠷ ᠢ ᠪᠠᠨ ᠴᠤᠭᠴᠠᠯᠠᠨ᠂ ᠦᠪᠡᠷ ᠢ ᠪᠠᠨ ᠳᠡᠬᠦᠯᠳᠡᠷᠵᠢᠬᠦᠯᠵᠦ᠂ ᠦᠪᠡᠷ ᠢ ᠪᠠᠨ ᠡᠷᠡᠬᠦᠯᠵᠢᠬᠦᠯᠵᠦ ᠴᠢᠳᠠᠬᠤ ᠶᠤᠮ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号