ᠥᠲᠡᠯᠪᠡᠯ ᠰᠠᠶ᠋ᠢ ᠰᠤᠪᠢᠯᠠᠬᠤ | ᠵᠠᠷᠢᠮ ᠬᠥᠮᠥᠰ ᠪᠡᠶ᠎ᠡ ᠰᠤᠪᠢᠯᠠᠬᠤ ᠪᠣᠯ ᠨᠠᠰᠤᠲᠠᠶᠢᠴᠤᠳ ᠤᠨ ᠶᠠᠪᠤᠳᠠᠯ᠂ ᠵᠠᠯᠠᠭᠤ ᠳᠤ ᠪᠠᠨ ᠪᠡᠶ᠎ᠡ ᠰᠤᠪᠢᠯᠠᠬᠤ | ᠴᠢᠬᠤᠯᠠ ᠦᠭᠡᠢ ᠭᠡᠵᠦ ᠦᠵᠡᠳᠡᠭ᠃ ᠦᠨᠡᠨ ᠳᠤ ᠪᠠᠨ ᠪᠡᠶ᠎ᠡ ᠰᠤᠪᠢᠯᠠᠬᠤ ᠶᠢ ᠨᠢᠯᠬ᠎ᠠ ᠬᠡᠦᠬᠡᠳ ᠠᠴᠠ ᠡᠬᠢᠯᠡᠨ | ᠠᠳᠬᠤᠬᠤ ᠬᠡᠷᠡᠭᠲᠡᠢ᠃ | ᠡᠪᠡᠳᠴᠢᠯᠡᠪᠡᠯ ᠰᠠᠶ᠋ᠢ ᠡᠮᠨᠡᠬᠦᠯᠬᠦ | ᠵᠠᠷᠢᠮ ᠬᠥᠮᠥᠰ ᠡᠪᠡᠳᠴᠢᠯᠡᠬᠦ ᠦᠭᠡᠢ ᠪᠣᠯ ᠪᠡᠶ᠎ᠡ ᠶᠢᠨ ᠪᠠᠶᠢᠴᠠᠭᠠᠯᠲᠠ ᠬᠢᠯᠬᠡᠬᠦ ᠦᠭᠡᠢ᠂ ᠡᠪᠡᠳᠴᠢᠯᠡᠪᠡᠯ ᠰᠠᠶ᠋ᠢ | ᠡᠮᠴᠢ ᠳᠤ ᠣᠴᠢᠳᠠᠭ᠃ ᠦᠨᠡᠨ ᠳᠤ ᠪᠠᠨ ᠪᠡᠶ᠎ᠡ ᠰᠤᠪᠢᠯᠠᠬᠤ ᠪᠣᠯ ᠰᠡᠷᠭᠡᠶᠢᠯᠡᠬᠦ ᠪᠠᠷ ᠭᠤᠣᠯᠳᠠᠭᠤᠯᠵᠤ᠂ ᠶᠡᠷᠦ ᠳᠤ ᠪᠠᠨ | ᠲᠣᠭᠲᠠᠮᠠᠯ ᠬᠤᠭᠤᠴᠠᠭ᠎ᠠ ᠲᠠᠢ ᠪᠠᠶᠢᠴᠠᠭᠠᠯᠲᠠ ᠬᠢᠯᠬᠡᠵᠤ᠂ ᠲᠣᠭᠲᠠᠭᠰᠠᠨ ᠴᠠᠭ ᠲᠤ ᠨᠢ ᠬᠠᠮᠠᠭᠠᠯᠠᠬᠤ ᠬᠡᠷᠡᠭᠲᠡᠢ᠃ | | ᠥᠯᠥᠰᠪᠡᠯ ᠰᠠᠶ᠋ᠢ ᠢᠳᠡᠬᠦ | ᠵᠠᠷᠢᠮ ᠬᠥᠮᠥᠰ ᠥᠷᠯᠥᠭᠡ ᠶᠢᠨ ᠬᠤᠭᠤᠯᠠ ᠢᠳᠡᠬᠦ ᠦᠭᠡᠢ ᠪᠤᠶᠤ ᠲᠣᠭᠲᠠᠭᠰᠠᠨ ᠴᠠᠭ ᠲᠤ ᠪᠠᠨ ᠬᠤᠭᠤᠯᠠᠯᠠᠬᠤ | ᠦᠭᠡᠢ ᠪᠠᠶᠢᠳᠠᠭ᠃ ᠢᠳᠡᠬᠡᠨ ᠬᠤᠳᠣᠭᠤᠳᠤᠨ ᠳᠣᠲᠣᠷ᠎ᠠ 4 ᠊᠊᠊᠊᠊ 5 ᠴᠠᠭ ᠥᠩᠭᠡᠷᠡᠪᠡᠯ ᠪᠦᠷᠢᠮᠦᠰᠦᠨ | ᠭᠠᠳᠠᠭᠰᠢᠯᠠᠳᠠᠭ᠃ ᠥᠯᠤᠰᠬᠦ ᠲᠥᠷᠥᠭᠳᠡᠯ ᠣᠷᠣᠬᠤ ᠦᠶᠡᠰ ᠬᠤᠳᠣᠭᠤᠳᠤᠨ ᠰᠢᠩᠭᠡᠨ ᠨᠢᠭᠡᠨᠲᠡ ᠬᠤᠳᠣᠭᠤᠳᠤᠨ ᠤ | ᠰᠠᠯᠢᠰᠤᠲᠤ ᠪᠦᠷᠬᠦᠪᠴᠢ ᠶᠢ ᠡᠬᠢᠯᠡᠨ ᠰᠢᠩᠭᠡᠭᠡᠵᠦ ᠪᠤᠢ᠂ ᠳᠦᠷᠢᠮ ᠭᠤᠷᠢᠮ ᠲᠠᠢ ᠢᠳᠡᠬᠡᠨ ᠤᠮᠳᠠᠭᠠᠨ ᠤ ᠳᠠᠳᠬᠠᠯ᠂ | ᠲᠡᠩᠴᠡᠭᠦᠷᠢᠲᠡᠢ ᠰᠢᠮ᠎ᠡ ᠲᠡᠵᠢᠭᠡᠯ ᠨᠢ ᠪᠡᠶ᠎ᠡ ᠰᠤᠪᠢᠯᠠᠬᠤ ᠪᠠ ᠡᠷᠡᠭᠦᠯᠵᠢᠯ ᠤᠨ ᠲᠤᠲᠠᠭᠳᠠᠵᠤ ᠪᠣᠯᠣᠰᠢ ᠦᠭᠡᠢ | ᠪᠣᠳᠠᠰ ᠤᠨ ᠰᠠᠭᠤᠷᠢ ᠪᠣᠯᠣᠨ᠎ᠠ᠃ | ᠤᠮᠳᠠᠭᠠᠰᠪᠠᠯ ᠰᠠᠶ᠋ᠢ ᠤᠤᠭᠤᠬᠤ | ᠶᠡᠷᠦ ᠳᠤ ᠪᠠᠨ ᠤᠰᠤ ᠤᠤᠭᠤᠬᠤ ᠦᠭᠡᠢ᠂ ᠤᠮᠳᠠᠭᠠᠰᠪᠠᠯ ᠰᠠᠶ᠋ᠢ ᠤᠰᠤ ᠤᠤᠭᠤᠬᠤ ᠪᠣᠯ ᠪᠤᠷᠤᠭᠤ ᠬᠢᠳᠡᠯ | ᠮᠥᠨ᠂ ᠤᠰᠤᠨ ᠤ ᠬᠥᠮᠥᠨ ᠤ ᠪᠡᠶ᠎ᠡ ᠶᠢᠨ ᠰᠢᠨ᠎ᠡ ᠬᠠᠭᠤᠴᠢᠨ ᠤ ᠰᠣᠯᠢᠯᠴᠠᠭ᠎ᠠ ᠳᠤ ᠥᠵᠡᠬᠦᠯᠬᠦ ᠦᠢᠯᠡᠳᠦᠯ ᠨᠢ | ᠢᠳᠡᠬᠡᠨ ᠠᠴᠠ ᠪᠠᠰᠠ ᠴᠢᠬᠤᠯᠠ ᠶᠤᠮ᠃ ᠤᠮᠳᠠᠭᠠᠰᠬᠤ ᠲᠥᠷᠥᠭᠳᠡᠯ ᠲᠠᠢ ᠦᠶᠡᠰ᠂ ᠪᠡᠶ᠎ᠡ ᠮᠠᠬᠠᠪᠤᠳ ᠤᠰᠤ | ᠳᠤᠲᠠᠭᠠᠳ ᠵᠣᠬᠢᠬᠤ ᠬᠡᠮᠵᠢᠶ᠎ᠡ ᠪᠣᠯᠤᠭᠰᠠᠨ ᠢ ᠬᠠᠷᠠᠭᠤᠯᠵᠤ ᠪᠤᠢ᠃ | ᠰᠠᠨᠳᠤᠷᠪᠠᠯ ᠰᠠᠶ᠋ᠢ ᠭᠠᠳᠠᠭᠠᠯᠠᠬᠤ | ᠵᠠᠷᠢᠮ ᠬᠥᠮᠥᠰ ᠲᠣᠭᠲᠠᠭᠰᠠᠨ ᠴᠠᠭ ᠲᠤ ᠪᠠᠨ ᠭᠠᠳᠠᠭᠠᠯᠠᠬᠤ ᠵᠠᠩᠰᠢᠯ ᠦᠭᠡᠢ᠂ ᠲᠡᠷᠡᠴᠢᠯᠡᠨ ᠭᠠᠳᠠᠭᠠᠯᠠᠬᠤ | ᠪᠣᠯᠴᠢᠬᠠᠭᠠᠳ ᠬᠤᠷᠢᠬᠤ ᠨᠢ ᠡᠷᠡᠭᠦᠯ ᠮᠡᠨᠳᠤ ᠳᠤ ᠲᠤᠩ ᠠᠰᠢᠭ ᠦᠭᠡᠢ᠃ ᠥᠳᠬᠡᠨ ᠰᠢᠩᠭᠡᠨ ᠮᠥᠷ ᠪᠡᠶ᠎ᠡ ᠶᠢᠨ | ᠳᠣᠲᠣᠷ᠎ᠠ ᠤᠷᠳᠤ ᠴᠠᠭ ᠪᠠᠶᠢᠬᠤ ᠨᠢ ᠬᠤᠷᠭᠤᠰᠤᠯᠠᠬᠤ ᠪᠠ ᠳᠠᠪᠤᠰᠠᠩ ᠢ ᠬᠡᠲᠦᠷᠬᠡᠢ ᠲᠠᠯᠠᠵᠤ᠂ ᠳᠣᠲᠣᠷᠠᠬᠢ | ᠬᠤᠣᠷᠲᠠᠢ ᠪᠣᠳᠠᠰ ᠨᠢ ᠪᠡᠶ᠎ᠡ ᠳᠤ ᠰᠢᠩᠭᠡᠵᠦ᠂ ᠠᠮᠠᠷᠬᠠᠨ ᠬᠤᠣᠷᠳᠠᠭᠳᠠᠨ᠎ᠠ᠃ | |