ᠬᠤᠰᠢᠭᠤ ᠨᠢᠭᠡᠳᠦᠭᠡᠷ ᠪᠠᠭ᠎ᠠ ᠰᠤᠷᠭᠠᠭᠤᠯᠢ ︿︿ᠨᠠᠮ ᠤᠨ ᠬᠤᠷᠢᠳᠤᠭᠠᠷ ᠶᠡᠭᠡ ᠬᠤᠷᠠᠯ ᠢ ᠰᠤᠷᠤᠯᠴᠠᠵᠤ᠂ ᠰᠢᠨ᠎ᠡ ᠴᠠᠭ ᠤᠨ ᠰᠢᠯᠢᠳᠡᠭ ᠪᠠᠭᠠᠴᠤᠳ ᠪᠤᠯᠬᠤ ᠪᠠᠷ ᠴᠢᠷᠮᠠᠶᠢᠶ᠎ᠠ﹀﹀ ᠭᠤᠤᠯ ᠰᠡᠳᠦᠪᠲᠦ ᠬᠠᠮᠲᠤ ᠶᠢᠨ ᠲᠠᠭᠤᠨ ᠤ ᠤᠷᠤᠯᠳᠤᠭᠠᠨ ᠡᠷᠬᠢᠯᠡᠪᠡ
ᠨᠡᠶᠢᠲᠡᠯᠡᠭᠰᠡᠨ ᠴᠠᠭ᠄
2022/11/30
      ᠨᠠᠮ ᠤᠨ ᠬᠤᠷᠢᠳᠤᠭᠠᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠭᠦᠨᠵᠡᠭᠡᠢ ᠰᠤᠷᠤᠯᠴᠠᠵᠤ᠂ ᠵᠠᠯᠠᠭᠤᠴᠤᠳ ᠪᠠᠭᠠᠴᠤᠳ ᠤᠨ ᠦᠵᠡᠯ ᠰᠠᠨᠠᠭ᠎ᠠ ᠤᠯᠤᠰ ᠲᠦᠷᠦ ᠶᠢᠨ ᠬᠦᠮᠦᠵᠢᠯ ᠤᠨ ᠠᠵᠢᠯ ᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠰᠤᠷᠤᠭᠴᠢᠳ ᠤᠨ ᠰᠤᠷᠭᠠᠭᠤᠯᠢ ᠶᠢᠨ ᠬᠦᠷᠢᠶᠡᠨ ᠤ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠬᠤ ᠶᠢᠨ ᠲᠦᠯᠦᠭᠡ 11 ᠰᠠᠷ᠎ᠠ ᠶᠢᠨ 16 ᠤ ᠡᠳᠦᠷ ᠬᠤᠰᠢᠭᠤ ᠨᠢᠭᠡᠳᠦᠭᠡᠷ ᠪᠠᠭ᠎ᠠ ᠰᠤᠷᠭᠠᠭᠤᠯᠢ ︿︿ᠨᠠᠮ ᠤᠨ ᠬᠤᠷᠢᠳᠤᠭᠠᠷ ᠶᠡᠭᠡ ᠬᠤᠷᠠᠯ ᠢ ᠰᠤᠷᠤᠯᠴᠠᠵᠤ᠂ ᠰᠢᠨ᠎ᠡ ᠴᠠᠭ ᠤᠨ ᠰᠢᠯᠢᠳᠡᠭ ᠪᠠᠭᠠᠴᠤᠳ ᠪᠤᠯᠬᠤ ᠪᠠᠷ  ᠴᠢᠷᠮᠠᠶᠢᠶ᠎ᠠ﹀﹀ ᠭᠡᠰᠡᠨ ᠭᠤᠤᠯ ᠰᠡᠳᠦᠪᠲᠦ ᠬᠠᠮᠲᠤ ᠶᠢᠨ ᠲᠠᠭᠤᠨ ᠤ ᠤᠷᠤᠯᠳᠤᠭᠠᠨ ᠡᠷᠬᠢᠯᠡᠪᠡ  ᠃
     ᠤᠷᠤᠯᠳᠤᠭᠠᠨ ᠳᠤ ᠲᠤᠰ ᠰᠤᠷᠭᠠᠭᠤᠯᠢ ᠶᠢᠨ 21ᠠᠩᠭᠢ ᠤᠷᠤᠯᠴᠠᠵᠤ᠂ ᠲᠤᠤᠷ᠎ᠠ ᠤᠨ ᠤ ᠲᠤᠭᠤᠶᠢᠯᠠᠩ᠂ ᠲᠡᠭᠡᠷ᠎ᠡ ᠤᠨ ᠤ ᠲᠤᠭᠤᠶᠢᠯᠠᠩ ᠭᠡᠵᠦ ᠬᠤᠶᠠᠷ ᠲᠤᠭᠤᠶᠢᠯᠠᠩ ᠬᠤᠪᠢᠶᠠᠨ ᠶᠠᠪᠤᠭᠳᠠᠭᠤᠯᠵᠠᠢ᠃ ᠬᠡᠤᠬᠡᠤᠨ ᠪᠠᠭᠠᠴᠤᠤᠨ  ᠤᠨ ᠢᠷᠡᠭᠤ ᠤᠶᠠᠩᠭᠠᠳᠦ᠂ ᠬᠤᠩᠭᠤᠷᠬᠠᠨ ᠡᠭᠡᠰᠢᠭ ᠲᠠᠭᠤᠤ ᠰᠤᠷᠭᠠᠭᠤᠯᠢ ᠶᠢᠨ ᠬᠦᠷᠢᠶᠠᠨ ᠳᠤ ᠬᠠᠩᠭᠢᠨᠠᠨ ᠴᠤᠤᠷᠢᠶᠠᠳᠤᠵᠤ ᠂ ᠴᠤᠭ ᠰᠦᠯᠳᠡ ᠪᠠᠳᠠᠷᠠᠩᠭᠤᠢ ᠰᠤᠷᠤᠭᠴᠢᠤᠨ ︿︿ᠪᠢ ᠡᠬᠡ ᠤᠯᠤᠰ ᠲᠠᠢ ᠪᠠᠨ﹀﹀᠂ ︿︿ᠪᠠᠭᠠᠴᠤᠤᠨ ᠤᠨ ᠬᠤᠰᠢᠭᠤᠴᠢ ᠠᠩᠭᠢ ᠶᠢᠨ ᠲᠠᠭᠤᠤ﹀﹀᠂ ︿︿ᠨᠠᠮ ᠲᠤ ᠪᠠᠨ ᠡᠷᠬᠦᠬᠦ ᠪᠡᠯᠡᠭ﹀﹀᠂ ︿︿ᠪᠢ ᠡᠬᠡ ᠤᠯᠤᠰ  ᠲᠠᠢ ᠪᠠᠨ﹀﹀᠂ ︿︿ᠪᠢ ᠡᠬᠡ ᠤᠯᠤᠰ ᠲᠤ ᠪᠠᠨ ᠬᠠᠶᠢᠷᠠᠳᠠᠢ﹀﹀᠂ ︿︿ᠰᠠᠶᠢᠬᠠᠨ ᠳ᠋ᠠ﹀﹀᠂ ︿︿ᠤᠯᠠᠭᠠᠨ ᠤᠳᠤ﹀﹀ ᠵᠡᠷᠭᠡ ᠲᠠᠭᠤᠤ ᠶᠢ ᠲᠠᠭᠤᠯᠠᠵᠤ᠂ ᠲᠤᠮᠳᠠᠳᠦ ᠶᠢᠨ ᠦᠡᠳᠦᠰᠦᠳᠡᠨ ᠤ ᠨᠤᠭᠤᠷᠠᠰᠢ ᠦᠭᠡᠢ᠂ ᠬᠦᠴᠦᠷᠭᠡᠭᠵᠢᠬᠦ ᠪᠠᠷ ᠬᠦᠴᠦᠯᠡᠨ ᠴᠢᠷᠮᠠᠶᠢᠬᠤ ᠦᠡᠳᠦᠰᠦᠳᠡᠨ ᠤ  ᠵᠤᠷᠠᠶᠢᠭ ᠰᠠᠨᠠᠭ᠎ᠠ ᠪᠠᠷ ᠡᠬᠡ‌ᠤᠯᠤᠰ᠂ ᠨᠠᠮ ᠂ ᠤᠷᠢ ᠵᠠᠯᠠᠭᠤ ᠨᠠᠰᠤ ᠪᠠᠨ ᠮᠠᠭᠳᠠᠨ ᠲᠠᠭᠤᠯᠠᠵᠤ᠂ ᠤᠯᠤᠰ ᠢᠶᠠᠨ ᠬᠠᠶᠢᠷᠠᠯᠬᠤ ᠰᠡᠳᠬᠢᠯᠭᠡ ᠪᠠᠨ ᠭᠥᠭᠵᠢᠭᠡᠨ᠂ ᠰᠢᠨ᠎ᠡ ᠴᠠᠭ ᠤᠨ ᠰᠢᠯᠢᠳᠡᠭ ᠪᠠᠭᠠᠴᠤᠳ ᠤᠨ ᠤᠷᠬᠢᠯᠥᠮ᠎ᠠ ᠬᠠᠯᠠᠭᠤᠨ ᠰᠡᠤᠡᠭᠢᠯᠭᠡ ᠶᠢ ᠢᠯᠡᠷᠡᠭᠦᠯᠵᠦ᠂ ᠡᠯ᠎ᠠ ᠠᠩᠭᠢ ᠶᠢᠨ ᠬᠤᠭᠤᠷᠤᠡᠳᠤᠬᠢ ᠬᠠᠮᠳᠤᠷᠠᠯᠴᠠᠭ᠎ᠠ ᠰᠤᠯᠢᠯᠴᠠᠭ᠎ᠠ ᠶᠢ ᠴᠢᠩᠭᠠᠤᠡᠬᠠᠨ᠂ ᠰᠤᠷᠤᠯᠭ᠎ᠠ ᠬᠢᠴᠢᠶᠠᠯ ᠳᠤ ᠢᠶᠠᠨ ᠨᠡᠩ ᠴᠢᠷᠮᠠᠶᠢᠨ ᠰᠤᠷᠤᠯᠴᠠᠬᠤ ᠡᠷᠴᠢ ᠵᠤᠷᠢᠭ ᠢᠶᠠᠨ ᠬᠥᠪᠴᠢᠯᠡᠵᠠᠢ  ᠃
     ᠬᠢᠨᠠᠭᠴᠢ ᠶᠢᠨ ᠲᠦᠪ ᠭᠤᠤᠯᠴᠢ ᠬᠢᠨᠠᠯᠳᠠ ᠲᠤᠤᠷ᠎ᠠ ᠬᠤᠷᠴᠠ ᠰᠢᠷᠦᠭᠦᠨ ᠦᠷᠢᠰᠦᠯᠳᠦᠭᠡᠨ ᠤ ᠡᠴᠦᠰ ᠲᠤ 2.3 ᠠᠩᠭᠢ ᠪᠠ 4.3 ᠠᠩᠭᠢ ᠲᠡᠷᠢᠭᠦᠯᠡᠵᠦ᠂  2.4᠂ 3.4  ᠂ 5.1᠂5 .4 ᠠᠩᠭᠢ ᠲᠡᠳ᠋ᠯᠡᠵᠦ᠂ 2.1᠂ 2.2 ᠂ 5.3᠂ 6.2᠂ 6.4   ᠵᠡᠷᠭᠡ‌ᠠᠩᠭᠢ  ᠲᠤᠰ ᠲᠤᠰ ᠭᠤᠷᠪᠠᠳᠤᠭᠠᠷ ᠲᠡᠰ ᠲᠤ  ᠲᠤᠳᠤᠷᠠᠨ  ᠨᠢᠭᠡᠳᠦᠭᠡᠷ  ᠂ ᠬᠤᠶᠠᠳᠤᠭᠠᠷ  ᠂ ᠭᠤᠷᠪᠠᠳᠤᠭᠠᠷ ᠲᠠᠰ ᠪᠤᠯᠤᠨ ᠰᠢᠯᠢᠳᠡᠭ ᠲᠠᠰ ᠲᠤ ᠤᠷᠤᠭᠰᠠᠨ ᠠᠩᠭᠢ ᠨᠢᠭᠡᠴᠢ ᠶᠢ ᠱᠠᠩᠨᠠᠨ ᠬᠥᠬᠢᠭᠦᠯᠵᠠᠢ᠃
     ᠲᠤᠰ ᠤᠳᠠᠭᠠᠨ ᠤ ᠤᠷᠤᠯᠳᠤᠭᠠᠨ ᠨᠢ ᠰᠤᠷᠤᠭᠴᠢᠤᠨ ᠤᠨ ᠢᠳᠡᠭᠡᠯ ᠲᠦᠭᠦᠷᠠᠩ ᠦᠭᠡᠳᠡᠯᠡᠨ ᠲᠠᠪᠰᠢᠬᠤ ᠤᠶᠤᠨ ᠰᠠᠨᠠᠭᠠᠨ ᠤ ᠲᠦᠷᠰᠦ ᠪᠠᠶᠢᠳᠠᠯ ᠢ ᠢᠯᠡᠷᠡᠭᠦᠯᠥᠭᠰᠡᠨ ᠢᠶᠠᠷ ᠪᠠᠷᠠᠬᠤ ᠦᠭᠡᠢ ᠪᠠᠰᠠ ᠲᠤᠰ ᠰᠤᠷᠭᠠᠭᠤᠯᠢ ᠶᠢᠨ ᠬᠡᠪ ᠴᠢᠨᠡᠷ ᠤᠨ ᠰᠤᠷᠭᠠᠨ ᠬᠥᠮᠦᠵᠢᠯ ᠢ ᠲᠥᠯᠬᠢᠨ ᠠᠬᠢᠭᠤᠯᠬᠤ ᠶᠢ ᠪᠠᠷᠢᠮᠳᠠᠯᠠᠵᠤ᠂ ᠰᠤᠷᠤᠭᠴᠢᠤᠨ ᠤᠨ ᠪᠦᠬᠦ ᠲᠠᠯ᠎ᠠ  ᠪᠠᠷ ᠬᠥᠭᠵᠢᠬᠦ ᠶᠢ  ᠠᠬᠢᠭᠤᠯᠤᠭᠰᠠᠨ ᠡᠯᠪᠡᠭ ᠪᠠᠶᠠᠯᠢᠭ ᠦᠷ᠎ᠡ ᠪᠦᠳᠦᠭᠡᠯ ᠲᠠᠢ ᠨᠢᠭᠡ ᠤᠳᠠᠭᠠᠨ ᠤ ᠠᠮᠵᠢᠯᠳᠠ ᠲᠠᠢ ᠦᠵᠡᠬᠦᠯᠥᠯᠭᠡ ᠪᠤᠯᠵᠤ  ᠂ ᠡᠶ᠎ᠡ ᠵᠤᠬᠢᠴᠠᠯ ᠲᠠᠢ ᠰᠤᠷᠭᠠᠭᠤᠯᠢ ᠶᠢᠨ ᠬᠦᠷᠢᠶᠠᠨ ᠤ ᠰᠤᠶᠤᠯ ᠢ ᠡᠬᠦᠳᠦᠨ ᠪᠠᠶᠢᠭᠤᠯᠬᠤ ᠳᠤ ᠬᠦᠴᠦᠳᠠᠢ ᠨᠥᠯᠥᠭᠡᠯᠡᠬᠦ ᠰᠢᠨ᠎ᠡ ᠬᠠᠭᠤᠳᠠᠰᠤ ᠶᠢ ᠪᠢᠴᠢᠭᠯᠡᠭᠰᠡᠨ ᠪᠠᠶᠢᠨ᠎ᠠ  ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号