ᠴᠡᠭᠡᠷᠯᠡᠬᠦ ᠶᠣᠰᠣ
ᠨᠡᠶᠢᠲᠡᠯᠡᠭᠰᠡᠨ ᠴᠠᠭ᠄
2022/11/24
      ᠮᠣᠩᠭᠤᠯᠴᠤᠳ ᠤᠨ ᠠᠮᠠᠨ ᠬᠠᠤᠯᠢ ᠨᠢ ᠵᠦᠭᠡᠷ ᠨᠢᠭᠡ ᠤᠯᠢᠭ ᠪᠣᠯᠣᠭᠰᠠᠨ ᠤᠴᠢᠷᠯᠠᠯ ᠪᠢᠰᠢ ᠪᠥᠭᠡᠳ ᠲᠣᠭᠯᠠᠭᠠᠮ ᠵᠤᠭ᠎ᠠ ᠪᠣᠯᠭᠠᠵᠤ ᠡᠯᠡᠷᠡᠵᠦ ᠬᠠᠭᠤᠴᠢᠷᠠᠭᠰᠠᠨ ᠦᠭᠡ ᠭᠡᠵᠦ ᠳᠤᠷᠤᠮᠵᠢᠯᠠᠬᠤ ᠶᠢ ᠬᠤᠷᠢᠭᠯᠠᠨ᠎ᠠ᠃ ᠡᠳᠡᠭᠡᠷ ᠴᠡᠭᠡᠷ ᠶᠣᠰᠣ ᠨᠢ ᠰᠢᠨᠵᠢᠯᠡᠬᠦ ᠤᠬᠠᠭᠠᠨ ᠤ ᠦᠨᠳᠦᠰᠦᠯᠡᠯ ᠲᠠᠢ ᠪᠠᠷ ᠬᠦᠯᠢᠶᠡᠨ ᠵᠦᠪᠰᠢᠷᠡᠭᠳᠡᠵᠦ ᠪᠠᠶᠢᠭ᠎ᠠ ᠪᠥᠭᠡᠳ ᠶᠢᠷᠲᠢᠨᠴᠦ ᠶᠢᠨ ᠤᠴᠢᠷ ᠰᠢᠯᠲᠠᠭᠠᠨ ᠬᠢᠭᠡᠳ ᠡᠨᠧᠷᠭᠢ ᠶᠢᠨ ᠤᠷᠤᠰᠬᠠᠯ ᠢ ᠪᠢᠯᠢᠭ ᠣᠶᠤᠨ ᠢᠶᠠᠷ ᠢᠶᠠᠨ ᠲᠠᠨᠢᠨ ᠮᠡᠳᠡᠭᠰᠡᠨ ᠠᠷᠠᠳ ᠲᠦᠮᠡᠨ ᠤ ᠬᠠᠤᠯᠢ ᠪᠣᠯᠬᠤ ᠶᠢ ᠮᠡᠳᠡᠲᠦᠭᠡᠢ᠃        — ᠠᠪᠤ᠂ ᠡᠵᠢ ᠶᠢᠨ ᠢᠶᠠᠨ ᠥᠭᠡᠳᠡ ᠠᠴᠠ ᠬᠢᠯᠠᠶᠢᠨ ᠬᠠᠷᠠᠬᠤ᠂ ᠬᠡᠳᠡᠷᠯᠡᠬᠦ᠂ ᠬᠠᠷᠢᠶᠠᠯ ᠬᠡᠯᠡᠬᠦ ᠶᠢ ᠴᠡᠭᠡᠷᠯᠡᠨ᠎ᠡ᠃ ᠵᠦᠷᠢᠴᠡᠪᠡᠰᠦ ᠠᠮᠢᠲᠠᠨ ᠤ ᠠᠮᠢ ᠪᠦᠷᠢᠯᠭᠡᠭᠰᠡᠨ ᠠᠴᠠ ᠳᠤᠲᠠᠭᠤ ᠦᠭᠡᠢ ᠨᠢᠭᠦᠯ ᠬᠢᠯᠢᠨᠴᠡ ᠪᠣᠯᠣᠨ᠎ᠠ᠃      — ᠵᠢᠩᠨᠡᠭᠰᠡᠨ ᠪᠢᠲᠡᠭᠦᠦ ᠬᠤᠭᠤᠯᠠ ᠢᠳᠡᠭᠡᠳ ᠳᠠᠷᠤᠢ ᠭᠠᠳᠠᠭᠰᠢ ᠶᠠᠪᠤᠬᠤ ᠶᠢ ᠴᠡᠭᠡᠷᠯᠡᠨ᠎ᠡ᠃ ᠤᠴᠢᠷ ᠨᠢ ᠵᠢᠩᠨᠡᠭᠰᠡᠨ ᠪᠢᠲᠡᠭᠦᠦ ᠬᠤᠭᠤᠯᠠ ᠢᠳᠡᠭᠰᠡᠨ ᠤ ᠳᠠᠷᠠᠭ᠎ᠠ ᠬᠡᠢ ᠳᠠᠷᠤᠭᠳᠠᠵᠤ᠂ ᠬᠥᠯᠥᠰᠦ ᠭᠠᠷᠴᠤ ᠪᠣᠯᠵᠣᠰᠢ ᠦᠭᠡᠢ ᠲᠤᠯᠠ ᠬᠦᠢᠲᠡᠨ ᠰᠡᠷᠢᠭᠦᠨ ᠤ ᠤᠯᠠᠷᠢᠯ ᠳᠤ ᠭᠠᠳᠠᠭ᠎ᠠ ᠭᠠᠷᠴᠤ ᠶᠠᠪᠤᠪᠠᠰᠤ ᠰᠠᠯᠬᠢ ᠴᠤᠬᠢᠭᠤᠯᠤᠨ᠎ᠠ᠃ ᠡᠪᠡᠳᠴᠢᠨ ᠣᠯᠣᠨ᠎ᠠ ᠬᠡᠮᠡᠨ ᠰᠡᠷᠡᠮᠵᠢᠯᠡᠳᠡᠭ ᠪᠥᠯᠦᠭᠡ᠃      — ᠠᠶᠢᠯ ᠤᠨ ᠭᠠᠳᠠᠭ᠎ᠠ ᠣᠴᠢᠭᠠᠳ ᠭᠡᠷ ᠲᠤ ᠣᠷᠣᠬᠤ ᠠᠴᠠ ᠡᠮᠦᠨ᠎ᠡ ᠪᠡᠶ᠎ᠡ ᠪᠠᠨ ᠬᠦᠩᠬᠡᠯᠡᠬᠦ ᠶᠢ ︵ᠮᠣᠷᠢ ᠬᠠᠷᠠᠬᠤ ᠶᠢ︶ ᠴᠡᠭᠡᠷᠯᠡᠨ᠎ᠡ᠃ ᠬᠡᠷᠪᠡ ᠦᠯᠦ ᠴᠡᠭᠡᠷᠯᠡᠨ ᠲᠡᠶᠢᠨ ᠦᠢᠯᠡᠳᠪᠡᠰᠦ ᠳᠡᠭᠡᠷᠡᠯᠬᠡᠨ ᠳᠤᠷᠤᠮᠵᠢᠯᠠᠯ᠎ᠠ ᠭᠡᠨ᠎ᠡ᠃      — ᠠᠶᠢᠯ ᠳᠤ ᠣᠷᠣᠭᠠᠳ ᠪᠠᠭᠠᠨ᠎ᠠ ᠶᠢᠨ ᠬᠤᠭᠤᠷᠣᠨᠳᠤᠭᠤᠷ ᠭᠠᠷᠬᠤ᠂ ᠴᠠᠢ ᠢᠳᠡᠭᠡ ᠠᠪᠴᠤ ᠦᠭᠬᠦᠯᠴᠡᠬᠦ ᠶᠢ ᠶᠣᠰᠣ ᠵᠢᠷᠤᠮ ᠦᠭᠡᠢ ᠬᠡᠮᠡᠨ ᠴᠡᠭᠡᠷᠯᠡᠨ᠎ᠡ᠃      — ᠠᠯᠠᠨ᠎ᠠ ᠭᠡᠳᠡᠭ ᠦᠭᠡ ᠶᠢ ᠬᠠᠮᠢᠶ᠎ᠠ ᠪᠤᠰᠤ ᠬᠡᠯᠡᠬᠦ ᠶᠢ ᠴᠡᠭᠡᠷᠯᠡᠳᠡᠭ᠃ ᠬᠤᠨᠢ ᠮᠠᠯ ᠮᠠᠭᠤᠴᠢᠯᠠᠬᠤ᠂ ᠭᠠᠷᠭᠠᠬᠤ᠂ ᠮᠢᠬᠠᠯᠠᠬᠤ᠂ ᠲᠥᠬᠦᠭᠡᠷᠬᠦ ᠬᠡᠮᠡᠨ ᠴᠡᠭᠡᠷᠯᠡᠨ ᠬᠡᠯᠡᠳᠡᠭ ᠶᠣᠰᠣ ᠪᠤᠢ᠃      — ᠠᠮᠠ ᠬᠠᠮᠬᠢᠯ ᠦᠭᠡᠢ᠂ ᠠᠮᠠ ᠤᠷᠤᠯᠳᠤᠭᠤᠯᠤᠨ ᠬᠥᠮᠥᠨ ᠠᠴᠠ ᠦᠷᠢᠰᠦᠨ ᠶᠠᠷᠢᠬᠤ ᠶᠢ ᠤᠬᠠᠭᠠᠨ ᠮᠤᠩᠬᠠᠭ ᠴᠠᠯᠴᠢᠶ᠎ᠠ ᠶᠢᠨ ᠰᠢᠨᠵᠢ ᠬᠡᠮᠡᠨ ᠴᠡᠭᠡᠷᠯᠡᠨ᠎ᠡ᠃ ᠮᠥᠨ ᠶᠣᠰᠣ ᠵᠢᠷᠤᠮ ᠦᠭᠡᠢ ᠭᠡᠨ᠎ᠡ᠃ ᠴᠠᠯᠴᠢᠶ᠎ᠠ ᠬᠥᠮᠥᠨ ᠬᠦᠨᠳᠦ ᠦᠭᠡᠢ ᠪᠣᠯᠣᠨ᠎ᠠ᠃      — ᠠᠮᠤᠷ ᠮᠡᠨᠳᠦ ᠠᠰᠠᠭᠤᠵᠤ ᠪᠠᠶᠢᠬᠤ ᠳᠤ ᠬᠠᠷᠢᠭᠤ ᠡᠰᠡ ᠳᠤᠤᠭᠠᠷᠬᠤ ᠶᠢ ᠴᠡᠭᠡᠷᠯᠡᠨ᠎ᠡ᠃ ᠡᠰᠡ ᠳᠤᠤᠭᠠᠷᠪᠠᠰᠤ ᠶᠡᠬᠡᠷᠭᠡᠬᠦ᠂ ᠮᠤᠯᠭᠤ᠂ ᠶᠣᠰᠣ ᠦᠯᠦ ᠮᠡᠳᠡᠭᠴᠢ ᠭᠡᠭᠳᠡᠨ᠎ᠡ᠃      — ᠠᠬᠠᠮᠠᠳ ᠨᠠᠰᠤᠲᠠᠨ ᠤ ᠳᠡᠷᠭᠡᠳᠡ ᠬᠦᠨᠳᠦᠯᠡᠬᠦ ᠶᠢᠨ ᠤᠴᠢᠷ ᠡᠯᠳᠡᠪ ᠬᠠᠷᠢᠶᠠᠯ᠂ ᠵᠦᠬᠡᠯ ᠠᠯᠢᠶ᠎ᠠ ᠱᠠᠯᠢᠭ ᠦᠭᠡ ᠬᠡᠯᠡᠬᠦ ᠶᠢ ᠴᠡᠭᠡᠷᠯᠡᠨ᠎ᠡ᠃      — ᠠᠬᠠᠮᠠᠳ ᠬᠥᠮᠥᠨ ᠢ ᠨᠡᠷ᠎ᠡ ᠪᠠᠷ ᠨᠢ ᠳᠠᠭᠤᠳᠠᠬᠤ ᠶᠢ ᠴᠡᠭᠡᠷᠯᠡᠨ᠎ᠡ᠃ ᠵᠤᠬᠢᠰ ᠲᠤ ᠨᠡᠶᠢᠴᠡᠭᠦᠯᠦᠨ ᠨᠠᠰᠤᠨ ᠤ  ᠬᠢ ᠨᠢ ᠨᠠᠮᠪᠠ ᠲᠥᠯᠥᠪ ᠲᠤ ᠲᠠᠭᠠᠷᠠᠭᠤᠯᠵᠤ ᠬᠦᠨᠳᠦᠯᠡᠨ ᠭᠤᠸᠠᠶᠢᠯᠠᠵᠤ ᠳᠠᠭᠤᠳᠠᠨ᠎ᠠ᠃ ᠵᠢᠱᠢᠶ᠎ᠡ ᠨᠢ᠄ ᠥᠨᠳᠥᠷ ᠠᠭᠤᠯᠠ ᠶᠢ ᠬᠠᠷᠠᠪᠠᠯ ᠬᠠᠶᠢᠷᠬᠠᠨ ᠭᠡᠵᠦ ᠳᠠᠭᠤᠳᠠ᠂ ᠡᠪᠦᠭᠡᠳ ᠨᠠᠰᠤᠳᠠᠨ ᠲᠠᠢ ᠵᠤᠯᠭᠠᠪᠠᠯ ᠠᠪᠤ ᠡᠵᠢ ᠭᠡᠵᠦ ᠳᠠᠭᠤᠳᠠ ᠬᠡᠮᠡᠨ ᠰᠤᠷᠭᠠᠳᠠᠭ᠃      — ᠠᠶᠠᠭᠠᠨ ᠤ ᠠᠮᠠᠰᠠᠷ ᠡᠮᠳᠡᠷᠬᠡᠢ ᠪᠤᠯ ᠠᠯᠢᠪ ᠬᠥᠮᠥᠨ ᠳᠤ ᠴᠠᠢ ᠤᠮᠳᠠ ᠬᠢᠵᠦ ᠪᠠᠷᠢᠬᠤ ᠶᠢ ᠴᠡᠭᠡᠷᠯᠡᠨ᠎ᠡ᠃ ᠬᠡᠷᠪᠡ ᠲᠡᠶᠢᠨ ᠦᠢᠯᠡᠳᠪᠡᠰᠦ ᠦᠯᠦ ᠬᠦᠨᠳᠦᠯᠡᠭᠰᠡᠨ ᠪᠣᠯᠣᠨ᠎ᠠ᠃      — ᠠᠶᠠᠭ᠎ᠠ ᠱᠠᠭᠠᠵᠠᠩ ᠢᠶᠠᠨ ᠬᠥᠮᠥᠷᠢᠵᠦ ᠲᠠᠯᠪᠢᠬᠤ ᠶᠢ ᠴᠡᠭᠡᠷᠯᠡᠨ᠎ᠡ᠃ ᠬᠡᠰᠢᠭ ᠪᠤᠶᠠᠨ ᠬᠦᠮᠦᠷᠢᠯ᠎ᠡ ᠭᠡᠬᠦ ᠪᠤᠶᠤ ︽ᠰᠠᠭᠠᠯᠢ ᠶᠢ ᠨᠢ ᠤᠤᠭᠤᠪᠠᠯ ︵ᠢᠳᠡᠪᠡᠯ︶ ᠰᠠᠪᠠ ᠶᠢ ᠨᠢ ᠬᠦᠨᠳᠦᠯᠡ︾ ᠭᠡᠬᠦ ᠶᠢᠨ ᠤᠴᠢᠷ ᠲᠡᠷᠡ ᠪᠣᠯᠠᠢ᠃      — ᠭᠤᠶᠤᠯᠭᠠᠴᠢᠨ ᠬᠥᠮᠥᠨ ᠳᠤ ᠥᠭᠯᠢᠭᠡ ᠥᠭᠬᠦ ᠳᠡᠭᠡᠨ ᠭᠠᠷ ᠠᠴᠠ ᠭᠠᠷ ᠲᠤ ᠠᠳᠬᠤᠭᠤᠯᠬᠤ ᠶᠢ ᠬᠤᠷᠢᠭᠯᠠᠨ᠎ᠠ᠃ ᠵᠦᠷᠢᠴᠠᠪᠠᠰᠤ ᠭᠠᠷ ᠢᠶᠠᠷ ᠳᠡᠮᠵᠢᠨ ᠬᠡᠰᠢᠭ ᠪᠤᠶᠠᠨ ᠵᠠᠶᠢᠯᠠᠨ᠎ᠠ ᠭᠡᠨ᠎ᠡ᠃ ᠮᠥᠩᠭᠦ ᠵᠣᠭᠤᠰ ᠢ ᠠᠯᠠᠭ᠎ᠠ᠂ ᠡᠪᠤᠷ ᠳᠡᠭᠡᠷ᠎ᠡ ᠨᠢ ᠴᠢᠯᠠᠭᠤᠳᠠᠵᠤ ᠥᠭᠭᠦᠨ᠎ᠡ᠂ ᠬᠦᠨᠡᠰᠦ ᠡᠳ᠋ ᠵᠦᠢᠯᠡᠰ ᠢ ᠰᠢᠨᠠᠭ᠎ᠠ ᠠᠶᠠᠭ᠎ᠠ ᠪᠠᠷ ᠤᠭᠤᠲᠠ ᠰᠠᠪᠠᠨ ᠳᠤ ᠨᠢ ᠬᠢᠵᠦ ᠥᠭᠳᠡᠭ ᠵᠠᠩᠰᠢᠯ ᠲᠠᠢ᠃ ᠭᠤᠶᠤᠯᠭᠠᠴᠢᠨ ᠶᠠᠳᠠᠭᠤ ᠬᠥᠮᠥᠨ ᠢ ᠶᠠᠳᠠᠭᠤ ᠬᠤᠭᠤᠰᠤᠨ ᠢᠶᠠᠷ ᠨᠢ ᠳᠠᠭᠠᠷᠢᠵᠤ ᠳᠤᠷᠤᠮᠵᠢᠯᠠᠬᠤ ᠶᠢ ᠴᠡᠭᠡᠷᠯᠡᠨ᠎ᠡ᠃ ᠤᠷᠢᠳᠤ ᠨᠠᠰᠤᠨ ᠤ ᠯᠠᠨᠴᠢᠭ᠂ ᠡᠨᠡ ᠨᠠᠰᠤᠨ ᠤ ᠦᠢᠯᠡ ᠶᠢᠨ ᠦᠷ᠎ᠡ ᠪᠠᠷ ᠵᠣᠪᠠᠵᠤ ᠶᠠᠪᠤᠭ᠎ᠠ ᠬᠥᠮᠥᠨ ᠢ ᠳᠠᠭᠠᠷᠢᠵᠤ ᠳᠤᠷᠤᠮᠵᠢᠯᠠᠪᠠᠰᠤ ᠥᠪᠡᠷ ᠤᠨ ᠴᠢᠨᠢ ᠬᠠᠷ᠎ᠠ ᠲᠣᠯᠣᠭᠠᠢ ᠳᠡᠭᠡᠷ᠎ᠡ ᠬᠤᠵᠢᠮ ᠲᠡᠷᠡ ᠬᠦ ᠵᠣᠪᠠᠯᠠᠩ ᠪᠠᠭᠤᠨ᠎ᠠ᠂ ᠶᠠᠳᠠᠷᠠᠭᠰᠠᠨ ᠠᠮᠢᠲᠠᠨ ᠢ ᠭᠤᠮᠣᠳᠠᠭᠠᠬᠤ ᠶᠡᠭᠡ ᠨᠢᠭᠦᠯ ᠪᠣᠯᠣᠨ᠎ᠠ ᠭᠡᠨ᠎ᠡ᠃      — ᠶᠤᠷᠬᠢᠶ᠎ᠠ ᠠᠭᠠᠰᠢ ᠵᠠᠩ᠂ ᠰᠠᠭᠰᠠᠭᠤ ᠡᠷᠡᠯᠬᠡᠬᠦ ᠠᠪᠤᠷᠢ ᠭᠠᠷᠭᠠᠬᠤ ᠶᠢ ᠴᠡᠭᠡᠷᠯᠡᠨ᠎ᠡ᠃ ᠮᠣᠩᠭᠤᠯᠴᠤᠳ ᠡᠷᠲᠡᠨ ᠠᠴᠠ ᠨᠠᠭᠠᠰᠢ ᠳᠠᠷᠤᠤ ᠳᠥᠯᠭᠡᠨ ᠠᠭᠠᠰᠢ ᠵᠠᠩ ᠢ ᠡᠷᠬᠢᠮᠯᠡᠵᠦ ᠢᠷᠡᠭᠰᠡᠨ ᠤᠴᠢᠷ ᠠᠴᠠ ᠶᠤᠷᠬᠢᠶ᠎ᠠ ᠰᠠᠭᠰᠠᠭᠤ ᠠᠪᠤᠷᠢᠯᠠᠬᠤ ᠶᠢ ᠵᠢᠭᠰᠢᠨ ᠵᠢᠪᠡᠭᠦᠴᠡᠳᠡᠭ ᠪᠥᠯᠦᠭᠡ᠃      — ᠶᠣᠰᠣ ᠲᠥᠷᠥ᠂ ᠬᠠᠤᠯᠢ ᠴᠠᠭᠠᠵᠠ ᠶᠢ ᠦᠯᠦ ᠳᠠᠭᠠᠬᠤ ᠶᠢ ᠴᠡᠭᠡᠷᠯᠡᠨ᠎ᠡ᠃ ︽ᠶᠣᠰᠣ ᠠᠯᠳᠠᠪᠠᠯ ᠬᠦᠨᠳᠦ ᠦᠭᠡᠢ᠂ ᠬᠠᠤᠯᠢ ᠰᠦᠷᠪᠡᠯ ᠲᠣᠯᠣᠭᠠᠢ ᠦᠭᠡᠢ︾ ᠭᠡᠬᠦ ᠪᠤᠶᠤ ︽ᠶᠣᠰᠣ ᠶᠣᠮᠪᠣᠭᠤᠷ ᠲᠥᠷᠥ ᠲᠥᠮᠪᠥᠭᠡᠷ︾ ᠭᠡᠬᠦ ᠶᠢᠨ ᠤᠴᠢᠷ ᠵᠠᠪᠠᠯ ᠳᠠᠭᠠᠵᠤ ᠮᠦᠷᠳᠡᠬᠦ ᠶᠢ ᠬᠢᠴᠢᠶᠡᠨ᠎ᠡ᠃      — ᠮᠠᠯᠠᠭᠠᠢ ᠪᠠᠨ ᠪᠤᠷᠤᠭᠤ ᠬᠠᠷᠠᠭᠤᠯᠤᠨ ᠡᠮᠦᠰᠬᠡᠬᠦ ᠶᠢ ᠴᠡᠭᠡᠷᠯᠡᠨ᠎ᠡ᠃ ᠵᠣᠯᠢᠭ ᠲᠤ ᠭᠠᠷᠭᠠᠬᠤ ᠬᠥᠮᠥᠨ ᠤ ᠮᠠᠯᠠᠭᠠᠢ ᠶᠢ ᠲᠡᠶᠢᠨ ᠬᠦ ᠪᠤᠷᠤᠭᠤ ᠬᠠᠷᠠᠭᠤᠯᠤᠨ ᠡᠮᠦᠰᠦᠭᠦᠯᠳᠡᠭ ᠪᠠᠶᠢᠵᠠᠢ᠃      — ᠮᠠᠯᠠᠭᠠᠢ ᠪᠠᠨ ᠪᠤᠰᠤᠳ ᠬᠥᠮᠥᠨ ᠲᠠᠢ ᠰᠣᠯᠢᠵᠤ ᠡᠮᠦᠰᠬᠡᠬᠦ ᠶᠢ ᠴᠡᠭᠡᠷᠯᠡᠨ᠎ᠡ᠃ ᠰᠤᠯᠢᠪᠠᠰᠤ ᠰᠦᠯᠳᠡ ᠬᠡᠶᠢᠮᠣᠷᠢ ᠪᠠᠨ ᠰᠣᠯᠢᠭᠰᠠᠨ ᠠᠴᠠ ᠥᠭᠡᠷ᠎ᠡ ᠴᠦ ᠦᠭᠡᠢ ᠭᠡᠨ᠎ᠡ᠃ ᠮᠥᠨ ᠬᠥᠮᠥᠨ ᠤ ᠬᠥᠯᠥᠰᠦᠲᠡᠢ ᠮᠠᠯᠠᠭᠠᠢ ᠡᠮᠦᠰᠪᠠᠰᠤ ᠪᠤᠵᠠᠷᠳᠠᠨ᠎ᠠ ᠭᠡᠨ᠎ᠡ᠃      — ᠮᠠᠯᠠᠭᠠᠢ ᠪᠠᠨ ᠭᠠᠵᠠᠷ ᠬᠠᠶᠠᠬᠤ ᠪᠤᠶᠤ ᠬᠠᠮᠢᠶ᠎ᠠ ᠪᠤᠰᠤ ᠲᠠᠯᠪᠢᠬᠤ ᠶᠢ ᠴᠡᠭᠡᠷᠯᠡᠨ᠎ᠡ᠃ ︽ᠬᠤᠶᠠᠷ ᠬᠥᠮᠥᠨ ᠶᠠᠪᠤᠬᠤ ᠳᠤ ᠨᠢᠭᠡ ᠨᠢ ᠠᠬᠠᠯᠠᠳᠠᠭ᠂ ᠭᠠᠭᠴᠠᠭᠠᠷ ᠢᠶᠠᠷ ᠶᠠᠪᠤᠬᠤ ᠳᠤ ᠮᠠᠯᠠᠭᠠᠢ ᠨᠢ ᠠᠬᠠᠯᠠᠳᠠᠭ︾ ᠭᠡᠬᠦ ᠪᠤᠶᠤ ᠮᠠᠯᠠᠭᠠᠢ ᠰᠦᠯᠳᠡ ᠬᠡᠶᠢᠮᠣᠷᠢ ᠶᠢᠨ ᠪᠡᠯᠭᠡᠳᠡᠯ ᠲᠤᠯᠠ ᠬᠦᠨᠳᠦᠳᠬᠡᠨ ᠦᠵᠡᠨ᠎ᠡ᠃         — ᠮᠣᠭᠠᠢ ᠤᠷᠢᠶᠠᠯᠳᠤᠨ ᠬᠤᠷᠢᠴᠠᠨ ᠪᠤᠢ ᠳᠤᠬᠢᠶᠠᠯᠳᠤᠬᠤ ᠶᠢ ᠴᠡᠭᠡᠷᠯᠡᠨ᠎ᠡ᠃ ᠳᠤᠬᠢᠶᠠᠯᠳᠤᠪᠠᠰᠤ ᠳᠡᠭᠡᠷ᠎ᠡ ᠨᠢ ᠠᠯᠴᠢᠭᠤᠷ᠂ ᠪᠦᠰᠡ ᠪᠠᠷ ᠪᠦᠲᠦᠭᠡᠭᠡᠳ ᠡᠷᠭᠢᠨ ᠬᠠᠷᠠᠯ ᠦᠭᠡᠢ ᠶᠠᠪᠤᠨ᠎ᠠ᠃ ᠮᠣᠭᠠᠢ ᠶᠢᠰᠦ ᠨᠢ ᠬᠤᠣᠷ᠂ ᠬᠤᠤᠷᠯᠠᠯ  ᠲᠠᠢ ᠭᠡᠬᠦ ᠲᠤᠯᠠ ᠭᠠᠢ ᠬᠠᠷᠢᠶᠠᠯ ᠨᠢ ᠪᠡᠷᠬᠡ ᠭᠡᠳᠡᠭ᠃        — ᠮᠣᠭᠠᠢ ᠠᠯᠠᠬᠤ ᠶᠢ ᠴᠡᠭᠡᠷᠯᠡᠨ᠎ᠡ᠃ ᠵᠦᠷᠢᠴᠡᠪᠡᠰᠤ ᠠᠮᠢ ᠨᠠᠰᠤᠨ ᠳᠤ ᠠᠶᠤᠯᠲᠠᠢ᠂ ᠭᠠᠵᠠᠷ ᠤᠰᠤᠨ ᠤ ᠡᠵᠡᠨ ᠬᠢᠯᠢᠩᠨᠡᠨ᠎ᠡ ᠭᠡᠨ᠎ᠡ᠃ ᠭᠡᠷ ᠲᠤ ᠮᠣᠭᠠᠢ ᠣᠷᠣᠪᠠᠯ ᠮᠣᠳᠣ᠂ ᠭᠠᠯ ᠤᠨ ᠬᠠᠶᠢᠴᠢ ᠪᠠᠷ ᠬᠠᠪᠴᠢᠨ ᠲᠣᠯᠣᠭᠠᠢ ᠳᠡᠭᠡᠷ᠎ᠡ  ᠨᠢ ᠰᠦ ᠳᠤᠰᠤᠭᠠᠭᠠᠳ ᠬᠤᠯᠠ ᠬᠠᠶᠠᠨ᠎ᠠ᠃      — ᠨᠠᠷᠠ ᠰᠠᠷ᠎ᠠ ᠭᠬᠢᠷᠲᠦᠬᠦ ᠦᠶ᠎ᠡ ᠳᠤ ᠨᠠᠶᠢᠷᠯᠠᠨ ᠴᠡᠩᠭᠡᠬᠦ ᠬᠤᠷᠢᠴᠠᠯ ᠦᠢᠯᠡᠳᠬᠦ ᠶᠢ ᠴᠡᠭᠡᠷᠯᠡᠨ᠎ᠡ᠃ ᠡᠶᠢᠨ ᠬᠦ ᠦᠢᠯᠡᠳᠪᠡᠰᠦ ᠶᠡᠭᠡ ᠨᠢᠭᠦᠯ ᠬᠢᠯᠢᠨᠴᠡ ᠪᠣᠯᠣᠨ᠎ᠠ ᠭᠡᠬᠦ ᠪᠤᠶᠤ ᠬᠡᠷᠪᠡ ᠨᠠᠶᠢᠷ ᠴᠡᠩᠭᠡᠯ ᠳᠠᠪᠬᠤᠴᠠᠪᠠᠰᠤ ᠵᠠᠪᠰᠠᠷᠯᠠᠵᠤ ᠲᠦᠮᠫᠡᠨ ᠨᠢᠳᠦᠨ ᠳᠥᠷᠪᠡᠨ ᠨᠢᠳᠦᠲᠡᠢ ᠤᠯᠠᠭᠠᠨ ᠬᠠᠯᠲᠠᠷ ᠨᠣᠬᠠᠢ ᠪᠠᠨ ᠲᠤᠷᠬᠢᠷᠠᠵᠤ ᠪᠤᠷᠬᠢᠭᠤᠯᠤᠨ᠎ᠠ᠃      — ᠨᠣᠮ ᠪᠢᠴᠢᠭ ᠢ ᠬᠦᠨᠳᠦᠯᠡᠬᠦ ᠶᠢᠨ ᠤᠴᠢᠷ ᠳᠡᠭᠡᠳᠦ ᠲᠠᠯ᠎ᠠ ᠶᠢ ᠨᠢ ᠪᠤᠷᠤᠭᠤ ᠬᠠᠷᠠᠭᠤᠯᠬᠤ᠂ ᠳᠣᠷᠣᠭᠰᠢ ᠬᠠᠨᠳᠤᠭᠤᠯᠬᠤ ᠶᠢ ᠴᠡᠭᠡᠷᠯᠡᠨ᠎ᠡ᠃ ᠵᠦᠷᠢᠴᠡᠪᠡᠰᠦ ᠠᠯᠳᠠᠰ ᠪᠣᠯᠣᠨ᠎ᠠ᠃      — ᠨᠣᠮ ᠰᠤᠳᠤᠷ ᠢ ᠰᠡᠪᠳᠡᠭᠡᠬᠦ ᠤᠷᠠᠬᠤ ᠶᠢ ᠴᠡᠭᠡᠷᠯᠡᠨ᠎ᠡ᠃ ᠦᠯᠦ ᠬᠡᠷᠭᠯᠡᠪᠡᠰᠤ ᠡᠷᠳᠡᠮ ᠨᠣᠮ ᠰᠤᠷᠬᠤ ᠵᠠᠶᠠᠭ᠎ᠠ ᠪᠤᠶᠠᠨ ᠵᠠᠶᠢᠯᠠᠨ᠎ᠠ ᠭᠡᠨ᠎ᠡ᠃        — ᠨᠣᠮ ᠪᠢᠴᠢᠭ ᠬᠥᠮᠥᠨ ᠳᠤ ᠥᠭᠬᠦ᠂ ᠤᠷᠢᠯᠭ᠎ᠠ ᠵᠠᠯᠠᠯᠤᠭ᠎ᠠ ᠶᠢᠨ ᠪᠢᠴᠢᠭ ᠭᠠᠷᠳᠠᠭᠤᠯᠬᠤ ᠳᠤ ᠪᠠᠨ ᠲᠣᠯᠣᠭᠠᠢ ᠲᠠᠯ᠎ᠠ ᠶᠢ ᠨᠢ ᠠᠪᠴᠤ ᠪᠤᠢ ᠬᠥᠮᠥᠨ ᠤ ᠥᠭᠡᠳᠡ ᠠᠴᠠ ᠬᠠᠨᠳᠤᠭᠤᠯᠬᠤ ᠶᠢ ᠴᠡᠭᠡᠷᠯᠡᠨ᠎ᠡ᠃ ᠵᠠᠪᠠᠯ ᠥᠪᠡᠷ ᠤᠨ ᠪᠡᠶ᠎ᠡ ᠥᠭᠡᠳᠡ ᠪᠠᠨ ᠬᠠᠨᠳᠤᠭᠤᠯᠵᠤ ᠥᠭᠳᠡᠭ ᠨᠢ ᠴᠠᠭᠠᠲᠤ ᠬᠥᠮᠥᠨ ᠢᠶᠠᠨ ᠬᠦᠨᠳᠦᠯᠡᠵᠦ ᠪᠤᠢ ᠶᠢᠨ ᠲᠡᠮᠳᠡᠭ ᠪᠥᠯᠦᠭᠡ᠃      — ᠨᠣᠮ ᠪᠢᠴᠢᠭ ᠦᠵᠡᠵᠦ ᠪᠠᠶᠢᠭᠠᠳ ᠳᠡᠯᠭᠡᠭᠡ ᠲᠠᠢ ᠤᠷᠬᠢᠬᠤ ᠶᠢ ᠴᠡᠭᠡᠷᠯᠡᠨ᠎ᠡ᠃ ᠵᠦᠷᠢᠴᠡᠪᠡᠰᠦ ᠮᠠᠷᠲᠠᠮᠠᠬᠠᠢ ᠪᠣᠯᠣᠨ᠎ᠠ ᠭᠡᠬᠦ ᠪᠤᠶᠤ ᠨᠣᠮ ᠮᠠᠭᠤ ᠰᠤᠷᠤᠨ᠎ᠠ ᠭᠡᠨ᠎ᠡ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号