ᠬᠠᠳᠠᠭ ᠪᠠᠷᠢᠬᠤ ᠶᠤᠰᠤᠨ
ᠨᠡᠶᠢᠲᠡᠯᠡᠭᠰᠡᠨ ᠴᠠᠭ᠄
2022/11/24
      ᠮᠣᠩᠭᠤᠯᠴᠤᠳ ᠬᠠᠳᠠᠭ ᠢ ᠡᠳ᠋ ᠤᠨ ᠮᠠᠩᠯᠠᠢ ᠪᠣᠯᠭᠠᠨ ᠪᠠᠷᠢᠳᠠᠭ᠃ ᠬᠠᠳᠠᠭ ᠨᠢ ᠬᠡ ᠤᠭᠠᠯᠵᠠ᠂ ᠦᠰᠦᠭ ᠴᠢᠮᠡᠭ ᠢᠶᠠᠷ ᠢᠶᠠᠨ ᠮᠠᠰᠢ ᠣᠯᠠᠨ ᠶᠠᠩᠵᠤ ᠪᠥᠭᠡᠳ ᠤᠷᠲᠤ ᠪᠣᠭᠤᠨᠢ ᠪᠠᠷ ᠢᠶᠠᠨ ᠴᠦ ᠬᠠᠷᠢᠯᠴᠠᠨ ᠠᠳᠠᠯᠢ ᠦᠭᠡᠢ ᠪᠠᠶᠢᠨ᠎ᠠ᠃ ᠬᠡ ᠴᠢᠮᠡᠭ ᠤᠨ ᠪᠠᠶᠢᠳᠠᠯ ᠢᠶᠠᠷ ᠬᠥᠮᠥᠨ ᠤ ᠳᠦᠷᠰᠦ ᠲᠠᠢ ᠠᠶᠤᠰᠢ ᠬᠠᠳᠠᠭ ᠢ ᠡᠴᠢᠭᠡ ᠡᠬᠡ᠂ ᠠᠬᠠᠮᠠᠳ ᠨᠠᠰᠤᠲᠠᠨ᠂ ᠡᠷᠬᠢᠮ ᠬᠥᠮᠥᠨ ᠳᠤ ᠭᠤᠣᠯᠴᠢᠯᠠᠨ ᠪᠠᠷᠢᠬᠤ ᠪᠥᠭᠡᠳ ᠨᠠᠷᠠ᠂ ᠰᠠᠷ᠎ᠠ᠂ ᠦᠰᠦᠭ ᠪᠦᠬᠦᠢ ᠨᠠᠩᠵᠢᠸᠠᠩᠳᠠᠨ ᠬᠠᠳᠠᠭ ᠢ ᠶᠡᠬᠡᠪᠴᠢᠯᠡᠨ ᠣᠷᠣᠰᠢᠭᠤᠯᠭ᠎ᠠ ᠶᠢᠨ ᠶᠣᠰᠣᠯᠠᠯ ᠳᠤ ᠬᠡᠷᠡᠭᠯᠡᠨ᠎ᠡ᠃ ᠬᠠᠳᠠᠭ ᠢ ᠪᠠᠷᠢᠬᠤ ᠬᠥᠮᠥᠨ ᠤᠷᠤᠭᠤ ᠪᠠᠨ ᠠᠮᠠ ᠶᠢ ᠨᠢ ᠬᠠᠷᠠᠭᠤᠯᠵᠤ ᠡᠷᠡᠮᠪᠡ ᠪᠠᠷ ᠮᠡᠬᠦ᠋ᠢᠬᠦ ᠶᠤᠮ ᠦᠦ᠂ ᠰᠥᠭᠦᠳᠴᠦ ᠪᠠᠷᠢᠨ᠎ᠠ᠃ ᠠᠪᠬᠤ ᠬᠥᠮᠥᠨ ᠨᠢ ᠬᠠᠷᠢᠭᠤ ᠮᠡᠬᠦᠰᠬᠢᠨ ᠬᠠᠳᠠᠭ ᠢ ᠬᠤᠶᠠᠷ ᠭᠠᠷᠳᠠᠨ ᠠᠪᠤᠭᠠᠳ ᠨᠢᠮᠪᠠᠢ ᠡᠪᠬᠡᠵᠦ ᠬᠢᠮᠠᠭᠠᠳᠠᠬᠤ ᠶᠣᠰᠣᠲᠠᠢ᠃ ᠬᠠᠳᠠᠭ ᠢ ᠪᠠᠷᠢᠬᠤ ᠳᠠᠭᠠᠨ ᠶᠣᠰᠣᠯᠠᠯ ᠤᠨ ᠲᠤᠬᠠᠢ ᠪᠡᠯᠭᠡ ᠲᠠᠢ ᠦᠭᠡ ᠬᠡᠯᠡᠵᠦ ᠰᠡᠭᠦᠯ ᠳᠤ ᠨᠢ ᠪᠠᠶᠠᠷ  ᠲᠤ ᠨᠡᠶᠢᠴᠡᠭᠦᠯᠦᠨ ᠪᠠᠷᠢᠬᠤ ᠬᠠᠳᠠᠭ ᠤᠨ ᠢᠶᠠᠨ ᠲᠤᠬᠠᠢ ᠳᠤ ᠳᠣᠣᠷᠠᠬᠢ ᠦᠭᠡ ᠶᠢᠨ ᠠᠯᠢ ᠨᠢᠭᠡ ᠶᠢ ᠬᠡᠯᠡᠵᠦ ᠬᠠᠳᠠᠭ ᠢᠶᠠᠨ ᠭᠠᠷᠳᠠᠭᠤᠯᠤᠨ᠎ᠠ᠃        ᠬᠠᠳᠠᠭ ᠪᠠᠷᠢᠵᠤ ᠵᠣᠯᠭᠠᠬᠤ ᠶᠣᠰᠣᠨ ︵ᠬᠠᠳᠠᠭ ᠢᠶᠠᠨ ᠲᠡᠷᠡ ᠬᠥᠮᠥᠨ ᠳᠡᠭᠡᠨ ᠦᠯᠡᠳᠡᠭᠡᠨ᠎ᠡ︶ ᠥᠨᠳᠥᠷ ᠨᠠᠰᠤᠲᠠᠨ ᠪᠤᠶᠤ ᠨᠤᠲᠤᠭ ᠤᠰᠤᠨ ᠳᠠᠭᠠᠨ ᠨᠡᠷ᠎ᠡ ᠲᠠᠢ ᠬᠥᠮᠥᠰ ᠲᠤ ᠬᠠᠳᠠᠭ ᠪᠠᠷᠢᠵᠤ ᠵᠣᠯᠭᠠᠬᠤ ᠶᠣᠰᠣᠲᠠᠢ ᠪᠠᠶᠢᠳᠠᠭ᠃ ᠳᠡᠭᠦᠦ ᠬᠥᠮᠥᠨ ᠬᠠᠳᠠᠭ ᠢᠶᠠᠨ ᠭᠠᠷᠭᠠᠵᠤ ᠠᠮᠠ ᠶᠢ ᠨᠢ ᠵᠣᠯᠭᠠᠬᠤ ᠬᠥᠮᠥᠨ ᠲᠡᠰᠢ ᠬᠠᠷᠠᠭᠤᠯᠵᠤ ᠬᠤᠶᠠᠷ ᠭᠠᠷᠳᠠᠨ ᠪᠠᠷᠢᠭᠰᠠᠭᠠᠷ ᠵᠣᠯᠭᠠᠵᠤ ᠪᠤᠢ ᠬᠥᠮᠥᠨ ᠤ ᠬᠤᠶᠠᠷ ᠭᠠᠷ ᠳᠡᠭᠡᠷ᠎ᠡ ᠲᠠᠯᠪᠢᠭᠰᠠᠨ ᠤ ᠳᠠᠷᠠᠭ᠎ᠠ ᠵᠣᠯᠭᠠᠨ᠎ᠠ᠃ ᠬᠠᠳᠠᠭ ᠠᠪᠴᠤ ᠪᠠᠶᠢᠭ᠎ᠠ ᠬᠥᠮᠥᠨ ᠬᠠᠳᠠᠭ ᠢᠶᠠᠨ ᠬᠠᠪᠰᠤᠷᠤᠨ ᠬᠤᠷᠢᠶᠠᠭᠠᠳ ᠮᠥᠨ ᠬᠠᠳᠠᠭ ᠲᠠᠢ ᠪᠠᠨ ᠵᠣᠯᠭᠠᠵᠤ ᠴᠦ ᠪᠣᠯᠣᠨ᠎ᠠ᠃ ᠬᠠᠳᠠᠭ ᠲᠠᠯᠪᠢᠵᠤ ᠪᠤᠢ ᠬᠥᠮᠥᠨ ᠬᠠᠳᠠᠭ ᠢᠶᠠᠷ ᠢᠶᠠᠨ ᠪᠦᠬᠦ ᠬᠤᠷᠤᠭᠤ ᠶᠢ ᠨᠢ ᠪᠦᠲᠦᠭᠡᠵᠦ ᠪᠣᠯᠬᠤ ᠦᠭᠡᠢ ᠃ ᠬᠠᠳᠠᠭ ᠢᠶᠠᠨ ᠡᠷᠡᠬᠡᠢ ᠬᠤᠷᠤᠭᠤᠨ ᠳᠤ ᠨᠢ ᠲᠤᠯᠭᠠᠵᠤ ᠠᠯᠭᠠᠨ ᠳᠤ ᠨᠢ ᠪᠠᠭᠲᠠᠭᠠᠵᠤ ᠲᠠᠯᠪᠢᠨ᠎ᠠ᠃      ᠬᠠᠳᠠᠭ ᠪᠠᠷᠢᠬᠤ ᠳᠤ ᠬᠡᠯᠡᠬᠦ ᠦᠭᠡᠰ      ᠴᠠᠭᠯᠠᠰᠢ ᠦᠭᠡᠢ ᠤᠷᠲᠤ ᠨᠠᠰᠤᠲᠤ ᠠᠷᠢᠭᠤᠨ ᠬᠠᠳᠠᠭ      ᠲᠡᠭᠰᠢ ᠡᠷᠬᠡ ᠶᠢᠨ ᠲᠡᠭᠷᠢ ᠠᠴᠠ ᠴᠡᠴᠡᠭᠯᠡᠭᠰᠡᠨ      ᠳᠡᠯᠭᠡᠷᠡᠩᠭᠦᠢ ᠤᠷᠲᠤ ᠨᠠᠰᠤᠲᠤ ᠠᠷᠢᠭᠤᠨ ᠴᠠᠭᠠᠨ ᠬᠠᠳᠠᠭ      ᠢᠳᠡᠭᠡᠨ ᠤ ᠳᠡᠭᠡᠵᠢ ᠢᠯᠭᠢᠨ ᠴᠠᠭᠠᠨ ᠲᠠᠷᠠᠭ        ᠡᠳ᠋ ᠤᠨ ᠳᠡᠭᠡᠵᠢ ᠠᠷᠢᠭᠤᠨ ᠴᠠᠭᠠᠨ ᠬᠠᠳᠠᠭ        ᠬᠠᠳᠠᠭ ᠲᠠᠢ ᠵᠣᠯᠭᠠᠬᠤ ᠶᠣᠰᠣᠨ ᠬᠠᠳᠠᠭ ᠲᠠᠢ ᠵᠣᠯᠭᠠᠬᠤ᠂ ᠬᠠᠳᠠᠭ ᠪᠠᠷᠢᠵᠤ ᠵᠣᠯᠭᠠᠬᠤ ᠨᠢ ᠵᠣᠯᠭᠠᠭᠴᠢ ᠪᠠᠨ ᠬᠦᠨᠳᠦᠳᠬᠡᠵᠦ ᠪᠠᠶᠢᠭ᠎ᠠ ᠪᠠᠨ ᠢᠯᠡᠷᠬᠡᠶᠢᠯᠡᠬᠦ ᠲᠠᠯ᠎ᠠ ᠪᠠᠷ ᠢᠶᠠᠨ ᠠᠳᠠᠯᠢ ᠪᠣᠯᠪᠠᠴᠤ ᠢᠯᠭᠠᠭ᠎ᠠ ᠲᠠᠢ ᠲᠠᠯ᠎ᠠ ᠪᠤᠢ᠃ ᠬᠠᠳᠠᠭ ᠪᠠᠷᠢᠵᠤ ᠵᠣᠯᠭᠠᠬᠤ ᠶᠣᠰᠣᠨ ᠳᠤ ᠳᠡᠭᠦᠦ ᠬᠥᠮᠥᠨ ᠨᠢ ᠠᠬᠠᠮᠠᠳ ᠳᠠᠭᠠᠨ ᠬᠠᠳᠠᠭ ᠢᠶᠠᠨ ᠪᠦᠷᠢᠮᠦᠰᠦᠨ ᠥᠭᠴᠦ ᠵᠣᠯᠭᠠᠳᠠᠭ ᠪᠣᠯ ᠬᠠᠳᠠᠭ  ᠲᠠᠢ ᠵᠣᠯᠭᠠᠬᠤ ᠶᠣᠰᠣᠯᠠᠯ ᠳᠤ ᠬᠠᠳᠠᠭ ᠢᠶᠠᠨ ᠬᠥᠮᠥᠨ ᠳᠤ ᠥᠭᠳᠡᠭ ᠦᠭᠡᠢ᠂ ᠢᠮᠠᠭᠲᠠ ᠥᠪᠡᠷᠲᠡᠭᠡᠨ ᠠᠪᠴᠤ ᠪᠠᠶᠢᠳᠠᠭ᠃ ᠶᠠᠮᠠᠷ ᠴᠦ ᠨᠠᠰᠤᠨ ᠤ ᠬᠥᠮᠥᠨ ᠲᠠᠢ ᠬᠠᠳᠠᠭ ᠲᠠᠢ ᠵᠣᠯᠭᠠᠵᠤ ᠪᠣᠯᠣᠨ᠎ᠠ᠃ ᠬᠠᠳᠠᠭ ᠲᠠᠢ ᠵᠣᠯᠭᠠᠨ᠎ᠠ ᠭᠡᠳᠡᠭ ᠨᠢ ᠬᠠᠳᠠᠭ ᠤᠨ ᠢᠶᠠᠨ ᠨᠢᠭᠡ ᠦᠵᠦᠭᠦᠷ ᠠᠴᠠ ᠪᠠᠷᠠᠭᠤᠨ ᠭᠠᠷ ᠤᠨ ᠢᠶᠠᠨ ᠢᠳᠠᠮ ᠬᠤᠷᠤᠭᠤ ᠶᠢ ᠳᠣᠲᠣᠷ᠎ᠠ ᠲᠠᠯ᠎ᠠ ᠠᠴᠠ ᠨᠢ ᠨᠠᠷᠠ ᠵᠥᠪ ᠬᠤᠶᠠᠷ ᠣᠷᠢᠶᠠᠭᠠᠳ ᠰᠢᠭᠡᠵᠡᠢ ᠬᠤᠷᠤᠭᠤ ᠲᠠᠢ ᠲᠠᠯ᠎ᠠ ᠤᠷᠤᠭᠤ ᠳᠣᠭᠤᠭᠰᠢ ᠤᠨᠵᠢᠭᠤᠯᠤᠭᠰᠠᠨ ᠴᠢᠭ ᠢᠶᠠᠷ ᠢᠶᠠᠨ ᠵᠣᠯᠭᠠᠨ᠎ᠠ᠃ ᠮᠥᠨ ᠲᠠᠨ ᠢ ᠵᠣᠯᠭᠠᠬᠤ ᠭᠡᠳ ᠳᠥᠬᠦᠵᠦ ᠣᠴᠢᠬᠤ ᠳᠤ ᠴᠠᠭᠠᠲᠤ ᠬᠥᠮᠥᠨ ᠬᠠᠳᠠᠭ ᠠᠪᠴᠤ ᠬᠤᠷᠤᠭᠤ ᠪᠠᠨ ᠣᠷᠢᠶᠠᠭᠠᠳ ᠡᠬᠢᠯᠡᠪᠡᠯ ᠲᠠ ︽ᠡᠨᠡ ᠬᠥᠮᠥᠨ ᠨᠠᠮᠠᠶᠢ ᠶᠡᠬᠡᠳᠡ ᠬᠦᠨᠳᠦᠳᠬᠡᠵᠦ ᠪᠠᠶᠢᠭ᠎ᠠ ᠶᠤᠮ ᠪᠠᠶᠢᠨ᠎ᠠ︾ ᠭᠡᠵᠦ ᠪᠣᠳᠣᠭᠠᠷᠠᠢ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号