ᠨᠢᠬᠡ᠄ ᠲᠠᠪᠤᠨ ᠬᠤᠰᠢᠭᠤ ᠮᠠᠯ ᠢ ᠲᠠᠮᠠᠭᠠᠯᠠᠬᠤ | ᠨᠡᠬᠦᠳᠡᠯ ᠮᠠᠯᠵᠢᠯ ᠤᠨ ᠠᠮᠢᠳᠤᠷᠠᠯ ᠳᠠᠭᠠᠨ ᠮᠠᠰᠢ ᠡᠷᠳᠡᠨ ᠠᠴᠠ ᠲᠠᠪᠤᠨ ᠬᠤᠰᠢᠭᠤᠨ ᠮᠠᠯ ᠳᠠᠭᠠᠨ ᠶᠠᠩᠵᠦ | ᠪᠦᠷᠢ ᠶᠢᠨ ᠲᠡᠮᠳᠡᠭ ᠲᠠᠮᠠᠭ᠎ᠠ ᠬᠢᠵᠦ ᠦᠪᠡᠷ ᠤᠨ ᠦᠮᠴᠢ ᠮᠠᠯ ᠢᠶᠠᠨ ᠪᠤᠰᠤᠳ ᠮᠠᠯ ᠰᠦᠷᠦᠭ ᠠᠴᠠ ᠢᠯᠭᠠᠪᠤᠷᠢᠯᠠᠨ | ᠲᠠᠨᠢᠬᠤ ᠭᠠᠷ ᠲᠡᠮᠳᠡᠭ ᠪᠤᠯᠭᠠᠬᠤ ᠪᠠᠶᠢᠵᠠᠢ᠃ ᠮᠤᠩᠭᠤᠯᠴᠤᠳ ᠦᠪᠡᠷ ᠤᠨ ᠮᠠᠯ ᠢᠶᠠᠨ ᠪᠤᠰᠤᠳ ᠤᠨ ᠮᠠᠯ ᠠᠴᠠ | ᠢᠯᠭᠠᠵᠦ ᠲᠠᠨᠢᠬᠤ ᠳᠤ ᠦᠡᠭᠭᠡ ᠵᠢᠰᠤᠮ ᠢᠶᠠᠷ ᠢᠯᠭᠠᠵᠦ ᠵᠢᠰᠤᠯᠠᠨ ᠲᠠᠨᠢᠵᠦ ᠴᠢᠳᠠᠳᠠᠭ ᠪᠦᠬᠡᠳ ᠡᠬᠦᠨ ᠳᠡᠭᠡᠨ ᠪᠠᠳᠤ | ᠬᠡᠷᠡᠴᠢ ᠪᠤᠯᠭᠠᠬᠤ ᠶᠢᠨ ᠲᠤᠰᠠᠳᠠ ᠶᠠᠩᠵᠦ ᠪᠤᠯᠭᠠᠨ ᠤ ᠭᠠᠷ ᠲᠡᠮᠳᠡᠭ ᠪᠠ ᠲᠠᠮᠠᠭ᠎ᠠ ᠬᠡᠷᠡᠭᠯᠡᠵᠦ ᠪᠠᠶᠢᠭᠰᠠᠨ ᠶᠤᠮ᠃ | 1᠂ ᠠᠳᠤᠭᠤ ᠲᠠᠮᠠᠭᠠᠯᠠᠬᠤ | ᠮᠠᠨ ᠤ ᠮᠤᠩᠭᠤᠯᠴᠤᠳ ᠲᠠᠪᠤᠨ ᠬᠤᠰᠢᠭᠤ ᠮᠠᠯ ᠤᠨ ᠲᠤᠳᠤᠷ᠎ᠠ ᠠᠳᠤᠭᠤ ᠲᠠᠮᠠᠭᠠᠯᠠᠬᠤ ᠶᠢ ᠬᠠᠮᠤᠭ ᠶᠡᠭᠡ | ᠡᠷᠬᠢᠮᠯᠡᠨ ᠦᠵᠡᠳᠡᠭ ᠵᠠᠩ ᠵᠠᠩᠰᠢᠯ ᠲᠠᠢ᠃ | ᠠᠳᠤᠭᠤ ᠲᠠᠮᠠᠭᠠᠯᠠᠬᠤ ᠴᠠᠭ ᠪᠤᠯ ᠨᠡᠶᠢᠳᠡ ᠮᠤᠩᠭᠤᠯ ᠤᠷᠤᠨ ᠳᠤ ᠬᠠᠪᠤᠷ ᠨᠠᠮᠤᠷ ᠤᠨ ᠤᠯᠠᠷᠢᠯ ᠳᠤ ᠦᠯᠵᠡᠢ | ᠪᠡᠯᠬᠡ ᠲᠠᠢ ᠰᠠᠶᠢᠨ ᠡᠳᠦᠷ ᠢ ᠰᠤᠩᠭᠤᠵᠦ ᠤᠶᠢᠷ᠎ᠠ ᠤᠷᠴᠢᠮ ᠤᠨ ᠨᠤᠳᠤᠭ ᠤᠰᠤᠨ ᠤ ᠬᠢᠨ ᠴᠤᠭᠯᠠᠷᠠᠨ ᠢᠷᠡᠵᠡᠬᠡᠵᠦ | ᠬᠦᠷ ᠬᠦᠭᠵᠢᠬᠡᠨ ᠲᠠᠢ ᠠᠳᠤᠭᠤᠨ ᠲᠠᠮᠠᠭᠠᠯᠠᠭᠠ ᠬᠢᠳᠡᠭ᠃ ᠤᠯᠠᠩᠬᠢ ᠭᠠᠵᠠᠷ ᠤᠷᠤᠨ ᠳᠤ ᠠᠳᠤᠭᠤ ᠪᠠᠨ ᠬᠠᠪᠤᠷ | ᠲᠠᠮᠠᠭᠠᠯᠠᠬᠤ ᠨᠢ ᠲᠦᠬᠡᠮᠡᠯ ᠪᠠᠶᠢᠵᠦ ᠨᠠᠮᠤᠷ ᠤᠨ ᠤᠯᠠᠷᠢᠯ ᠳᠤ ᠠᠳᠤᠭᠤ ᠲᠠᠮᠠᠭᠠᠯᠠᠪᠠᠯ ᠠᠳᠤᠭᠤᠨ ᠤ ᠲᠤᠰᠤᠨ | ᠲᠠᠷᠭᠤ ᠶᠢ ᠨᠦᠯᠦᠬᠡᠯᠡᠬᠦ᠂ ᠠᠳᠤᠭᠤ ᠬᠠᠶᠢᠯᠠᠵᠦ᠂ ᠡᠪᠦᠯ ᠲᠠᠷᠭᠤ ᠬᠦᠴᠦ ᠨᠢ ᠠᠮᠠᠷᠬᠠᠨ ᠪᠠᠭᠤᠷᠠᠵᠦ᠂ ᠠᠳᠤᠭᠤᠨ ᠳᠤ | ᠮᠠᠭᠤ ᠬᠡᠵᠦ ᠨᠠᠮᠤᠷ ᠤᠨ ᠤᠯᠠᠷᠢᠯ ᠳᠤ ᠠᠳᠤᠭᠤ ᠪᠠᠨ ᠲᠠᠮᠠᠭᠠᠯᠠᠬᠤ ᠨᠢ ᠴᠦᠬᠡᠨ ᠪᠠᠶᠢᠪᠠ᠃ | ᠠᠳᠤᠭᠤ ᠶᠢ ᠪᠤᠯ ᠦᠨᠳᠦᠰᠦᠨ ᠳᠡᠭᠡᠨ ᠬᠤᠶᠠᠷ ᠭᠤᠷᠪᠠᠨ ᠨᠠᠰᠤᠨ ᠤ ᠦᠶ᠎ᠡ ᠳᠤ ᠲᠠᠮᠠᠭᠠᠯᠠᠳᠠᠭ ᠪᠦᠬᠡᠳ | ᠬᠦᠮᠦᠨ ᠠᠴᠠ ᠠᠪᠤᠭᠰᠠᠨ ᠠᠳᠤᠭᠤ᠂ ᠠᠬ᠎ᠠ ᠲᠡᠬᠦᠤ ᠲᠦᠷᠦᠯ ᠰᠠᠳᠤᠨ ᠨᠢ ᠬᠡᠤᠬᠡᠳ ᠲᠤ ᠵᠢᠭᠠᠵᠦ ᠦᠭᠬᠦᠭᠰᠡᠨ | ᠠᠳᠤᠭᠤᠨ ᠳᠤ ᠪᠤᠯ ᠦᠪᠡᠷ ᠤᠨ ᠲᠠᠮᠠᠭ᠎ᠠ ᠪᠠᠨ ᠲᠠᠷᠤᠳᠠᠭ᠃ ᠵᠠᠷᠢᠮ ᠨᠤᠳᠤᠭ ᠲᠤ ᠨᠠᠮᠤᠷ ᠬᠡᠬᠦᠤ ᠰᠠᠭᠠᠬᠤ ᠪᠠᠶᠢᠵᠦ᠂ | ᠤᠨᠠᠭ᠎ᠠ ᠪᠠᠨ ᠲᠠᠯᠪᠢᠬᠤ ᠦᠶ᠎ᠡ ᠪᠠᠷ ᠤᠨᠠᠭ᠎ᠠ ᠲᠠᠮᠠᠭᠠᠯᠠᠵᠦ ᠲᠠᠮᠠᠭᠠᠨ ᠨᠠᠶᠢᠷ ᠬᠢᠳᠡᠭ ᠴᠤ ᠪᠠᠶᠢᠪᠠ᠃ | ᠠᠳᠤᠭᠤ ᠶᠢ ᠤᠷᠭᠠᠯᠠᠵᠦ ᠪᠠᠷᠢᠬᠤ ᠪᠦᠬᠡᠳ ᠬᠦᠬᠦᠯ ᠠᠴᠠ ᠠᠳᠬᠤᠵᠦ ᠲᠤᠷᠤᠭᠰᠢ ᠬᠦᠴᠦᠳᠡᠢ ᠲᠠᠷᠤᠵᠦ᠂ | ᠨᠢᠬᠡ ᠬᠦᠮᠦᠨ ᠰᠡᠬᠦᠯᠳᠡᠵᠦ ᠬᠦᠳᠦᠯᠦᠯ ᠦᠬᠡᠢ ᠵᠤᠭᠰᠤᠭᠠᠵᠦ ᠪᠠᠶᠢᠭᠠᠳ ᠲᠠᠮᠠᠭᠠᠯᠠᠳᠠᠭ᠃ ᠵᠠᠷᠢᠮ ᠨᠤᠳᠤᠭ ᠲᠤ | ᠤᠨᠠᠭᠠᠵᠦ᠂ ᠬᠡᠳᠦᠨ ᠬᠦᠮᠦᠨ ᠲᠠᠷᠤᠵᠦ ᠪᠠᠶᠢᠭᠠᠳ ᠲᠠᠮᠠᠭᠠᠯᠠᠳᠠᠭ᠃ ᠦᠬᠡᠷ᠎ᠡ ᠪᠠᠷ ᠬᠡᠯᠡᠪᠡᠯ ᠵᠤᠭᠰᠤᠭ᠎ᠠ ᠪᠠᠷ | ᠲᠠᠮᠠᠭᠠᠯᠠᠬᠤ᠂ ᠤᠨᠠᠭᠠᠵᠦ ᠬᠡᠪᠳᠡᠬᠦᠯᠦᠨ ᠲᠠᠮᠠᠭᠠᠯᠠᠬᠤ ᠬᠤᠶᠠᠷ ᠠᠷᠭ᠎ᠠ ᠪᠠᠶᠢᠨ᠎ᠠ᠃ | 2᠂ ᠲᠡᠮᠡᠭᠡ ᠲᠠᠮᠠᠭᠠᠯᠠᠬᠤ | ᠮᠤᠩᠭᠤᠯᠴᠤᠳ ᠲᠡᠮᠡᠬᠡᠨ ᠳᠤ ᠤᠯᠠᠨ ᠶᠠᠩᠵᠦ ᠶᠢᠨ ᠢᠮ ᠲᠡᠮᠳᠡᠭ ᠲᠠᠯᠪᠢᠬᠤ ᠳᠤ ᠲᠠᠮᠠᠭ᠎ᠠ ᠭᠤᠤᠯ ᠲᠡᠮᠳᠡᠭ | ᠪᠤᠯᠳᠠᠭ᠃ | ᠲᠡᠮᠡᠭᠡ ᠶᠢ ᠲᠤᠷᠤᠮ᠂ ᠭᠤᠨ᠎ᠠ ᠳᠤᠨᠢ ᠲᠠᠮᠠᠭᠠᠯᠠᠪᠠᠯ ᠲᠠᠮᠠᠭ᠎ᠠ ᠨᠢ ᠲᠤᠳᠤ ᠭᠠᠷᠬᠤ ᠮᠦᠷᠳᠡᠬᠡᠨ ᠪᠡᠶ᠎ᠡ ᠶᠢᠨ | ᠦᠰᠦᠯᠳᠡ ᠶᠢ ᠲᠠᠭᠠᠯᠳᠤᠨ ᠶᠠᠪᠤᠬᠤ ᠲᠤᠰᠤᠮ ᠲᠤᠳᠤᠷᠬᠠᠢ ᠰᠠᠶᠢᠬᠠᠨ ᠦᠵᠡᠭᠳᠡᠳᠡᠭ ᠲᠤᠯᠠ ᠨᠡᠶᠢᠳᠡ ᠮᠤᠩᠭᠤᠯ | ᠤᠷᠤᠨ ᠳᠤ ᠲᠡᠮᠡᠭᠡ ᠶᠢ ᠲᠠᠮᠠᠭᠠᠯᠠᠬᠤ ᠳᠠᠭᠠᠨ ᠲᠤᠷᠤᠮ᠂ ᠭᠤᠨ᠎ᠠ ᠳᠤᠨᠢ ᠲᠠᠮᠠᠭᠠᠯᠠᠬᠤ ᠨᠢ ᠤᠯᠠᠨ ᠪᠠᠶᠢᠵᠦ᠂ ᠵᠠᠷᠢᠮ | ᠲᠤᠬᠢᠶᠠᠯᠳᠤᠯ ᠳᠤ ᠪᠤᠳᠤᠭᠤᠨ ᠳᠤᠨᠢ ᠲᠠᠷᠤᠬᠤ ᠴᠤ ᠪᠤᠢ᠃ | ᠲᠡᠮᠡᠭᠡ ᠶᠢ ᠲᠠᠮᠠᠭᠠᠯᠠᠬᠤ ᠴᠠᠭ ᠪᠤᠯ ᠭᠤᠤᠯᠳᠠᠭᠤ ᠬᠠᠪᠤᠷ ᠤᠨ ᠰᠡᠬᠦᠯᠴᠢ᠂ ᠵᠤᠨ ᠤ ᠡᠬᠢ᠂ ᠦᠰᠦ ᠤᠡᠭᠭᠠᠰᠦ | ᠨᠢ ᠪᠦᠷᠢ ᠪᠠᠭᠤᠵᠦ ᠰᠢᠨ᠎ᠡ ᠨᠤᠤᠰᠦ ᠨᠢ ᠬᠢᠳᠤᠭᠠᠨ ᠤ ᠮᠦᠷ ᠤᠨ ᠬᠢᠷᠢ ᠤᠷᠭᠤᠭᠰᠠᠨ ᠦᠶ᠎ᠡ ᠳᠤ ᠪᠤᠯ ᠬᠠᠮᠤᠭ | ᠲᠤᠬᠢᠷᠠᠮᠵᠢᠳᠠᠢ ᠪᠠᠶᠢᠳᠠᠭ᠃ ᠨᠤᠤᠰᠤ ᠶᠡᠭᠡ ᠤᠷᠭᠤᠭᠰᠠᠨ ᠦᠶ᠎ᠡ ᠳᠤ ᠲᠠᠮᠠᠭᠠᠯᠠᠪᠠᠯ ᠲᠠᠮᠠᠭ᠎ᠠ ᠪᠠᠯᠠᠷᠬᠠᠢ ᠪᠤᠯᠳᠠᠭ ᠲᠤᠯᠠ | ᠡᠶᠢᠮᠦ ᠲᠤᠬᠢᠶᠠᠯᠳᠤᠯ ᠳᠤ ᠨᠤᠤᠰᠦ ᠶᠢ ᠨᠢ ᠬᠠᠶᠢᠴᠢᠯᠠᠵᠦ ᠪᠠᠭ᠎ᠠ ᠯᠠ ᠤᠰᠤ ᠰᠦᠷᠴᠢᠨ ᠨᠤᠷᠭᠠᠵᠦ ᠲᠠᠮᠠᠭᠠᠯᠠᠨ᠎ᠠ᠃ | ᠲᠡᠮᠡᠭᠡ ᠶᠢ ᠶᠡᠷᠦ ᠳᠡᠭᠡᠨ ᠵᠤᠭᠰᠤᠭ᠎ᠠ ᠪᠠᠷ ᠨᠢ ᠲᠠᠮᠠᠭᠠᠯᠠᠬᠤ ᠨᠢ ᠤᠯᠠᠨ᠃ ᠤᠴᠢᠷ ᠨᠢ ᠵᠤᠭᠰᠤᠭ᠎ᠠ ᠪᠠᠷ ᠨᠢ | ᠲᠠᠮᠠᠭᠠᠯᠠᠪᠠᠯ ᠲᠠᠮᠠᠭᠠᠨ ᠤ ᠬᠡᠪ ᠶᠠᠩᠵᠦ ᠠᠯᠳᠠᠭᠳᠠᠬᠤ ᠦᠬᠡᠢ ᠲᠤᠳᠤ ᠰᠠᠶᠢᠬᠠᠨ ᠭᠠᠷᠬᠤ ᠰᠠᠶᠢᠬᠠᠨ ᠲᠠᠮᠠᠭ᠎ᠠ ᠲᠠᠷᠤᠬᠤ | ᠤᠷᠤᠨ ᠪᠠᠶᠢᠷᠢᠰᠢᠯ ᠢ ᠴᠤ ᠲᠤᠬᠢᠷᠠᠭᠤᠯᠬᠤ ᠳᠤ ᠲᠦᠬᠦᠮ ᠪᠠᠶᠢᠳᠠᠭ᠃ ᠪᠠᠭ᠎ᠠ ᠨᠠᠰᠤᠨ ᠤ ᠤᠷᠤᠭ᠎ᠠ ᠲᠤᠭᠰᠢᠨ ᠡᠮᠨᠢᠭ | ᠲᠡᠮᠡᠭᠡ ᠶᠢ ᠪᠤᠯ ᠬᠡᠳᠦᠨ ᠴᠢᠳᠠᠯ ᠬᠦᠴᠦᠳᠡᠢ ᠬᠦᠮᠦᠰ ᠲᠡᠬᠡᠰᠦ ᠪᠠᠷ ᠤᠷᠢᠶᠠᠨ ᠪᠠᠷᠢᠵᠦ ᠰᠠᠶᠢᠳᠤᠷ ᠪᠠᠬᠢᠯᠡᠵᠦ ᠪᠠᠶᠢᠭᠠᠳ | ᠵᠤᠭᠰᠤᠭ᠎ᠠ ᠪᠠᠷ ᠲᠠᠮᠠᠭᠠᠯᠠᠬᠤ ᠪᠤᠶᠤ ᠬᠡᠪᠳᠡᠬᠦᠯᠵᠦ ᠲᠠᠷᠤᠵᠦ ᠪᠠᠶᠢᠭᠠᠳ ᠲᠠᠮᠠᠭᠠᠯᠠᠨ᠎ᠠ᠃ ᠡᠬᠦᠨᠳᠦ ᠪᠠᠰᠠ ᠲᠡᠮᠡᠭᠡ ᠶᠢ | ᠰᠢᠯᠢ ᠲᠠᠷᠤᠬᠤ᠂ ᠬᠠ ᠲᠠᠷᠤᠬᠤ᠂ ᠲᠤᠱᠠᠬᠤ᠂ ᠤᠷᠢᠶᠠᠵᠦ ᠪᠠᠬᠢᠯᠡᠬᠦ ᠵᠡᠷᠬᠡ ᠠᠷᠭ᠎ᠠ ᠪᠠᠷ ᠬᠦᠳᠦᠯᠦᠯ ᠦᠬᠡᠢ | ᠯᠠᠪᠳᠠᠭᠤᠨ ᠪᠤᠯᠭᠠᠵᠦ ᠪᠠᠶᠢᠭᠠᠳ ᠰᠠᠶ᠋ᠢ ᠲᠠᠮᠠᠭᠠᠯᠠᠨ᠎ᠠ᠃ ᠵᠠᠷᠢᠮ ᠨᠤᠳᠤᠭ ᠲᠤ ᠨᠠᠮᠤᠷ ᠤᠨ ᠤᠯᠠᠷᠢᠯ ᠳᠤ ᠲᠡᠮᠡᠭᠡ ᠪᠠᠨ | ᠲᠠᠮᠠᠭᠠᠯᠠᠬᠤ ᠴᠤ ᠪᠤᠢ᠃ ᠬᠡᠷᠪᠡ ᠨᠠᠮᠤᠷ ᠲᠠᠮᠠᠭᠠᠯᠠᠪᠠᠯ ᠲᠠᠮᠠᠭ᠎ᠠ ᠲᠠᠷᠤᠬᠤ ᠬᠡᠰᠡᠭ ᠤᠨ ᠬᠢᠨᠢ ᠨᠤᠤᠰᠦ ᠶᠢ ᠬᠠᠶᠢᠴᠢᠯᠠᠨ᠂ | ᠤᠰᠤ ᠰᠦᠷᠴᠢᠵᠦ ᠪᠠᠶᠢᠭᠠᠳ ᠲᠠᠮᠠᠭᠠᠯᠠᠨ᠎ᠠ᠃ | 3᠂ ᠦᠬᠡᠷ ᠲᠠᠮᠠᠭᠠᠯᠠᠬᠤ | ᠮᠤᠩᠭᠤᠯᠴᠤᠳ ᠦᠬᠡᠷ ᠲᠤ ᠤᠯᠠᠨ ᠶᠠᠩᠵᠦ ᠪᠦᠷᠢ ᠶᠢᠨ ᠭᠠᠷ ᠲᠡᠮᠳᠡᠭ ᠲᠠᠯᠪᠢᠬᠤ ᠳᠠᠭᠠᠨ ᠭᠤᠤᠯᠳᠠᠭᠤ | ᠲᠠᠮᠠᠭ᠎ᠠ ᠬᠡᠷᠡᠭᠯᠡᠳᠡᠭ ᠪᠠᠶᠢᠪᠠ᠃ | ᠦᠬᠡᠷ ᠢ ᠲᠠᠮᠠᠭᠠᠯᠠᠬᠤ ᠳᠠᠭᠠᠨ ᠬᠠᠪᠤᠷ ᠨᠠᠮᠤᠷ ᠤᠨ ᠤᠯᠠᠷᠢᠯ ᠳᠤ ᠲᠠᠮᠠᠭᠠᠯᠠᠬᠤ ᠪᠦᠬᠡᠳ ᠭᠤᠤᠯᠳᠠᠭᠤ | ᠬᠠᠪᠤᠷ ᠤᠨ ᠤᠯᠠᠷᠢᠯ ᠳᠤ ᠲᠠᠮᠠᠭᠠᠯᠠᠬᠤ ᠨᠢ ᠨᠡᠯᠢᠶᠡᠳ ᠲᠦᠬᠡᠮᠡᠯ ᠪᠠᠶᠢᠭᠰᠠᠨ ᠶᠤᠮ᠃ ᠮᠤᠩᠭᠤᠯᠴᠤᠳ ᠨᠠᠮᠤᠷ ᠤᠨ | ᠲᠤᠰᠤᠨ ᠲᠠᠷᠭᠤᠨ ᠤ ᠴᠠᠭ ᠲᠤ ᠶᠠᠮᠠᠷ ᠴᠤ ᠮᠠᠯ ᠢ ᠬᠦᠭᠡᠭᠡᠵᠦ ᠲᠠᠭᠤᠬᠤ ᠶᠢ ᠶᠡᠬᠡᠳᠡ ᠬᠡᠴᠢᠶᠡᠳᠡᠭ ᠤᠴᠢᠷ ᠠᠴᠠ | ᠬᠠᠪᠤᠷ ᠤᠨ ᠤᠯᠠᠷᠢᠯ ᠳᠤ ᠮᠠᠯ ᠨᠤᠭᠤᠭᠠᠨ ᠳᠤ ᠴᠠᠳᠴᠦ ᠬᠦᠯᠵᠢᠭᠰᠡᠨ ᠤ ᠲᠠᠷᠠᠭ᠎ᠠ ᠲᠠᠮᠠᠭᠠᠯᠠᠬᠤ ᠲᠡᠮᠳᠡᠭᠯᠡᠬᠦ ᠦᠢᠯᠡ ᠶᠢ | ᠬᠢᠬᠦ ᠨᠢ ᠤᠯᠠᠨ ᠲᠤᠬᠢᠶᠠᠯᠳᠤᠨ᠎ᠠ᠃ | ᠦᠬᠡᠷ ᠢ ᠪᠢᠷᠠᠭᠤ ᠰᠢᠳᠦᠯᠠᠩ ᠤᠨ ᠨᠠᠰᠤᠨ ᠳᠤ ᠲᠠᠷᠤᠢ ᠲᠤᠭᠤᠯ ᠡᠪᠡᠷ ᠨᠢ ᠬᠦᠢᠴᠡᠳ ᠤᠷᠭᠤᠭᠰᠠᠨ ᠤ | ᠰᠡᠬᠦᠯᠡᠷ ᠲᠠᠮᠠᠭᠠᠯᠠᠨ᠎ᠠ᠃ ᠦᠬᠡᠷ ᠢ ᠪᠢᠷᠠᠭᠤ ᠰᠢᠳᠦᠯᠠᠩ ᠤᠨ ᠨᠠᠰᠤᠨ ᠳᠤ ᠲᠠᠷᠤᠢ ᠲᠤᠭᠤᠯ ᠡᠪᠡᠷ ᠨᠢ ᠬᠦᠢᠴᠡᠳ | ᠤᠷᠭᠤᠭᠰᠠᠨ ᠤ ᠰᠡᠬᠦᠯᠡᠷ ᠲᠠᠮᠠᠭᠠᠯᠠᠨ᠎ᠠ᠃ ᠦᠬᠡᠷ ᠢ ᠡᠪᠡᠷ ᠲᠤ ᠲᠠᠮᠠᠭᠠᠯᠠᠬᠤ ᠪᠦᠬᠡᠳ ᠴᠢᠬᠢ ᠪᠤᠶᠤ ᠲᠤᠭᠤᠯᠮᠠᠢ | ᠲᠡᠭᠡᠷ᠎ᠡ ᠨᠢ ᠴᠤ ᠲᠠᠮᠠᠭᠠᠯᠠᠬᠤ ᠴᠤ ᠪᠤᠦ᠃ ᠬᠡᠪᠡᠴᠦ ᠠᠷᠠᠰᠤᠨ ᠪᠡᠶ᠎ᠡ ᠳᠤ ᠲᠠᠮᠠᠭᠠᠯᠠᠳᠠᠭ ᠪᠠᠷᠤᠭ ᠪᠠᠶᠢᠳᠠᠭ ᠦᠬᠡᠢ᠃ | ︽ᠰᠤᠶᠤᠯ ᠤᠨ ᠬᠤᠪᠢᠰᠬᠠᠯ ︾ ᠤᠨ ᠠᠷᠪᠠᠨ ᠵᠢᠯ ᠤᠨ ᠰᠠᠮᠠᠭᠤᠷᠠᠯ ᠤᠨ ᠦᠶ᠎ᠡ ᠳᠤ ᠬᠠᠮᠳᠦ ᠶᠢᠨ ᠮᠠᠯ ᠤᠨ ᠲᠠᠮᠠᠭ᠎ᠠ ᠶᠢ | ᠦᠬᠡᠷ ᠤᠨ ᠠᠷᠠᠰᠤᠨ ᠪᠡᠶ᠎ᠡ ᠳᠤᠨᠢ ᠲᠠᠷᠤᠵᠦ ᠪᠠᠶᠢᠭᠰᠠᠨ ᠦᠵᠡᠭᠳᠡᠯ ᠦᠪᠦᠷ ᠮᠤᠩᠭᠤᠯ ᠤᠨ ᠨᠡᠯᠢᠶᠡᠳ ᠨᠤᠳᠤᠭ ᠲᠤ | ᠢᠯᠡᠷᠡᠵᠡᠢ᠃ | ᠦᠬᠡᠷ ᠢ ᠪᠤᠭᠤᠮᠢᠯᠠᠵᠦ ᠪᠠᠷᠢᠬᠤ ᠪᠤᠶᠤ ᠤᠷᠭᠠᠯᠠᠵᠦ ᠪᠠᠷᠢᠭᠠᠳ ᠡᠪᠡᠷ ᠰᠡᠬᠦᠯ ᠠᠴᠠ ᠯᠠᠪᠳᠠᠭᠤᠨ ᠠᠳᠬᠤᠵᠦ | ᠬᠦᠳᠦᠯᠦᠯ ᠦᠬᠡᠢ ᠵᠤᠭᠰᠤᠭᠠᠨ ᠡᠪᠡᠷ ᠲᠤᠨᠢ ᠲᠠᠮᠠᠭ᠎ᠠ ᠪᠠᠨ ᠲᠤᠭᠳᠠᠭᠰᠠᠨ ᠪᠠᠶᠢᠷᠢᠰᠢᠯ ᠳᠤᠨᠢ ᠲᠠᠷᠤᠳᠠᠭ᠃ ᠦᠬᠡᠷ ᠤᠨ | ᠲᠠᠮᠠᠭ᠎ᠠ ᠪᠤᠯ ᠪᠠᠭ᠎ᠠ ᠮᠠᠯ ᠤᠨ ᠲᠠᠮᠠᠭ᠎ᠠ ᠠᠴᠠ ᠠᠷᠠᠢ ᠪᠦᠳᠦᠬᠦᠨ ᠵᠢᠵᠢᠭᠬᠡᠨ ᠲᠠᠮᠠᠭ᠎ᠠ ᠪᠠᠶᠢᠳᠠᠭ᠃ | 4᠂ ᠬᠤᠨᠢ ᠲᠠᠮᠠᠭᠠᠯᠠᠬᠤ | ᠮᠤᠩᠭᠤᠯ ᠬᠦᠮᠦᠨ ᠬᠤᠨᠢ ᠢᠮᠠᠭ᠎ᠠ ᠶᠢ ᠭᠠᠷ ᠤᠨ ᠪᠠᠭ᠎ᠠ ᠮᠠᠯ ᠬᠡᠵᠦ ᠬᠡᠯᠡᠳᠡᠭ ᠪᠦᠬᠡᠳ ᠮᠦᠨ ᠤᠯᠠᠨ ᠶᠠᠩᠵᠦ | ᠪᠦᠷᠢ ᠶᠢᠨ ᠭᠠᠷ ᠲᠡᠮᠳᠡᠭ ᠬᠢᠳᠡᠭ᠃ ᠬᠤᠨᠢ ᠶᠢ ᠲᠠᠮᠠᠭᠠᠯᠠᠳᠠᠭ ᠪᠤᠯᠪᠠᠴᠤ ᠶᠡᠷᠦᠩᠭᠡᠢ ᠳᠡᠭᠡᠨ ᠲᠦᠬᠡᠮᠡᠯ ᠬᠡᠷᠡᠭᠯᠡᠳᠡᠭ | ᠦᠬᠡᠢ᠃ ᠭᠤᠤᠯᠳᠠᠭᠤ ᠢᠮᠨᠡᠬᠦ ᠨᠢ ᠤᠯᠠᠨ ᠪᠠᠶᠢᠳᠠᠭ᠃ | ᠬᠤᠨᠢᠨ ᠤ ᠴᠢᠬᠢ᠂ ᠬᠠᠴᠠᠷ᠂ ᠡᠪᠡᠷ ᠲᠠᠢ ᠬᠤᠨᠢᠨ ᠤ ᠡᠪᠡᠷ ᠲᠡᠭᠡᠷ᠎ᠡ ᠨᠢ ᠲᠠᠮᠠᠭᠠᠯᠠᠵᠦ ᠪᠠᠶᠢᠪᠠ᠃ ᠬᠤᠨᠢᠨ ᠤ | ᠬᠠᠴᠠᠷ ᠲᠡᠭᠡᠷ᠎ᠡ ᠲᠠᠮᠠᠭ᠎ᠠ ᠲᠠᠷᠤᠪᠠᠯ ᠬᠤᠨᠢᠨ ᠤ ᠪᠡᠶ᠎ᠡ ᠭᠠᠯᠪᠢᠷ ᠤᠨ ᠦᠵᠡᠮᠵᠢ ᠶᠢ ᠨᠦᠯᠦᠬᠡᠯᠡᠵᠦ᠂ ᠴᠢᠬᠢᠨ ᠲᠡᠭᠡᠷ᠎ᠡ | ᠨᠢ ᠲᠠᠷᠤᠭᠰᠠᠨ ᠲᠠᠮᠠᠭ᠎ᠠ ᠶᠠᠭ ᠪᠠᠷᠢᠵᠦ ᠦᠵᠡᠬᠦ ᠦᠬᠡᠢ ᠪᠤᠯ ᠲᠤᠳᠤ ᠬᠠᠷᠠᠭᠳᠠᠬᠤ ᠦᠬᠡᠢ ᠪᠠᠶᠢᠳᠠᠭ᠃ ᠪᠠᠯᠠᠷᠬᠠᠢ᠂ | ᠮᠠᠭᠤᠬᠠᠢ ᠲᠠᠷᠤᠪᠠᠯ ᠨᠡᠩ ᠴᠤ ᠦᠵᠡᠭᠳᠡᠬᠦ ᠦᠬᠡᠢ ᠪᠤᠯᠳᠠᠭ᠃ ᠬᠤᠨᠢ ᠶᠢ ᠦᠯᠵᠡᠢ ᠪᠡᠯᠬᠡ ᠲᠠᠢ ᠰᠠᠶᠢᠨ ᠡᠳᠦᠷ | ᠦᠵᠡᠵᠦ᠂ ᠠᠯᠢ ᠤᠯᠠᠷᠢᠯ ᠳᠤ ᠴᠤ ᠲᠠᠮᠠᠭᠠᠯᠠᠵᠦ ᠪᠤᠯᠳᠠᠭ ᠪᠦᠬᠡᠳ ᠶᠡᠷᠦᠩᠬᠡᠢ ᠳᠡᠭᠡᠨ ᠰᠢᠳᠦᠯᠡᠩ ᠨᠠᠰᠤᠨ ᠠᠴᠠ | ᠬᠢᠵᠠᠯᠠᠩ ᠨᠠᠰᠤᠨ ᠳᠤ ᠨᠢ ᠲᠠᠮᠠᠭᠠᠯᠠᠨ᠎ᠠ᠃ ᠵᠠᠷᠢᠮ ᠨᠤᠳᠤᠭ ᠲᠤ ᠬᠤᠨᠢ ᠪᠠᠨ ᠢᠮᠨᠡᠵᠦ ᠪᠠᠰᠠ ᠲᠠᠪᠬᠤᠷ ᠲᠠᠮᠠᠭ᠎ᠠ | ᠲᠠᠷᠤᠳᠠᠭ᠃ ᠵᠠᠷᠢᠮ ᠨᠤᠳᠤᠭ ᠲᠤ ᠵᠦᠪᠬᠡᠨ ᠢᠮᠨᠡᠬᠦ ᠠᠴᠠ ᠪᠢᠰᠢ ᠲᠠᠮᠠᠭᠠᠯᠠᠳᠠᠭ ᠦᠬᠡᠢ᠃ ᠵᠠᠷᠢᠮ ᠨᠤᠳᠤᠭ ᠲᠤ | ᠬᠠᠷᠢᠨ ᠲᠠᠮᠠᠭᠠᠯᠠᠬᠤ ᠠᠴᠠ ᠪᠢᠰᠢ ᠢᠮᠨᠡᠳᠡᠭ ᠦᠬᠡᠢ ᠪᠠᠶᠢᠵᠠᠢ᠃ | 5᠂ ᠢᠮᠠᠭ᠎ᠠ ᠲᠠᠮᠠᠭᠠᠯᠠᠬᠤ | ᠢᠮᠠᠭᠠᠨ ᠳᠤ ᠤᠯᠠᠨ ᠭᠠᠷ ᠲᠡᠮᠳᠡᠭ ᠬᠢᠬᠦ ᠶᠢᠨ ᠲᠠᠭᠠᠤ ᠲᠠᠮᠠᠭ᠎ᠠ ᠲᠠᠷᠤᠵᠦ ᠠᠷᠢᠯᠦᠰᠢ ᠦᠬᠡᠢ ᠲᠡᠮᠳᠡᠭ | ᠪᠤᠯᠭᠠᠳᠠᠭ᠃ ᠬᠡᠪᠡᠴᠦ ᠢᠮᠠᠭ᠎ᠠ ᠲᠠᠮᠠᠭᠠᠯᠠᠬᠤ ᠠᠷᠭ᠎ᠠ ᠶᠢ ᠨᠡᠶᠢᠳᠡᠮ ᠬᠡᠷᠡᠭᠯᠡᠳᠡᠭ ᠦᠬᠡᠢ᠃ ᠵᠠᠷᠢᠮ ᠨᠤᠳᠤᠭ ᠲᠤ | ᠢᠮᠨᠡᠬᠦ ᠠᠴᠠ ᠪᠢᠰᠢ ᠲᠠᠮᠠᠭ᠎ᠠ ᠲᠠᠷᠤᠳᠠᠭ ᠦᠬᠡᠢ᠃ ᠵᠠᠷᠢᠮ ᠨᠤᠳᠤᠭ ᠲᠤ ᠢᠮᠠᠭ᠎ᠠ ᠪᠠᠨ ᠲᠠᠮᠠᠭᠠᠯᠠᠬᠤ ᠠᠴᠠ ᠪᠢᠰᠢ | ᠢᠮᠨᠡᠳᠡᠭ ᠦᠬᠡᠢ᠃ ᠵᠠᠷᠢᠮ ᠭᠠᠵᠠᠷ ᠢᠮᠠᠭ᠎ᠠ ᠪᠠᠨ ᠢᠮᠨᠡᠬᠦ ᠮᠦᠷᠳᠡᠬᠡᠨ ᠪᠠᠰᠠ ᠡᠪᠡᠷ ᠲᠡᠭᠡᠷ᠎ᠡ ᠨᠢ ᠲᠠᠮᠠᠭᠠᠯᠠᠳᠠᠭ | ᠪᠠᠶᠢᠵᠠᠢ᠃ | ᠢᠮᠠᠭ᠎ᠠ ᠶᠢ ᠭᠤᠤᠯᠳᠠᠭᠤ ᠬᠠᠪᠤᠷ ᠤᠨ ᠤᠯᠠᠷᠢᠯ ᠳᠤ ᠲᠠᠮᠠᠭᠠᠯᠠᠬᠤ ᠪᠦᠬᠡᠳ ᠵᠠᠷᠢᠮ ᠲᠤᠬᠢᠶᠠᠯᠳᠤᠯ ᠳᠤ ᠠᠯᠢ | ᠤᠯᠠᠷᠢᠯ ᠳᠤ ᠴᠤ ᠪᠦᠷ ᠲᠠᠮᠠᠭᠠᠯᠠᠵᠦ ᠪᠤᠯᠤᠨ᠎ᠠ᠃ ᠢᠮᠠᠭ᠎ᠠ ᠶᠢ ᠰᠢᠳᠤᠯᠬᠠᠭ᠌ ᠬᠢᠵᠠᠯᠠᠩ᠂ ᠰᠤᠶᠤᠯᠠᠩ ᠨᠠᠰᠤᠨ ᠳᠤ | ᠲᠠᠮᠠᠭᠠᠯᠠᠳᠠᠭ᠃ | ᠮᠤᠩᠭᠤᠯᠴᠤᠳ ᠲᠠᠪᠤᠨ ᠬᠤᠰᠢᠭᠤ ᠮᠠᠯ ᠢᠶᠠᠨ ᠲᠠᠮᠠᠭᠠᠯᠠᠬᠤ ᠲᠠᠢ ᠠᠳᠠᠯᠢ ᠪᠠᠷ ᠡᠳ᠋ᠯᠡᠵᠦ ᠬᠡᠷᠡᠭᠯᠡᠳᠡᠭ ᠰᠠᠷᠯᠤᠭ᠂ | ᠡᠯᠵᠢᠬᠡ ᠯᠠᠭᠤᠰᠠ ᠪᠠᠨ ᠴᠤ ᠮᠦᠨ ᠢᠮ ᠲᠠᠮᠠᠭ᠎ᠠ ᠬᠡᠷᠡᠭᠯᠡᠳᠡᠭ ᠪᠠᠶᠢᠵᠠᠢ᠃ ᠬᠡᠷᠡᠭᠯᠡᠬᠦ ᠠᠷᠭ᠎ᠠ᠂ ᠪᠠᠶᠢᠷᠢ᠂ ᠪᠠᠶᠢᠷᠢᠰᠢᠯ | ᠶᠤᠰᠤ ᠭᠤᠷᠢᠮ ᠨᠢ ᠲᠠᠪᠤᠨ ᠬᠤᠰᠢᠭᠤ ᠮᠠᠯ ᠲᠠᠢ ᠠᠳᠠᠯᠢᠬᠠᠨ ᠪᠤᠯᠪᠠᠴᠦ ᠨᠢᠬᠡ ᠶᠡᠭᠡ ᠡᠷᠬᠢᠮᠯᠡᠬᠦ ᠲᠠᠳᠬᠠᠯ ᠦᠬᠡᠢ᠃ | ᠬᠤᠶᠠᠷ᠄ ᠮᠠᠯ ᠤᠨ ᠲᠠᠮᠠᠭᠠᠠ ᠤ ᠴᠡᠭᠡᠷ ᠶᠤᠰᠤ | ᠮᠠᠯ ᠲᠠᠮᠠᠭᠠᠯᠠᠬᠤ ᠶᠠᠪᠤᠲᠠᠯ ᠢ ᠮᠤᠩᠭᠤᠯᠴᠤᠤᠡ ᠶᠡᠭᠡ ᠡᠷᠭᠢᠮᠯᠠᠠ ᠦᠵᠠᠵᠦ᠂ ᠦᠯᠵᠠᠢ ᠪᠠᠯᠭᠡᠲᠠᠯ ᠤᠨ | ᠵᠢᠷᠤᠮ ᠢᠶᠠᠷ ᠭᠦᠢᠴᠡᠦᠡᠭᠡᠵᠦ ᠢᠷᠡᠭᠰᠡᠡ ᠠᠴᠠ ᠤᠯᠠᠠ ᠴᠡᠭᠡᠷ ᠶᠤᠰᠤ ᠪᠤᠢ ᠪᠤᠯᠵᠦ ᠤᠷᠲᠤ ᠬᠤᠭᠤᠴᠠᠭᠠᠠ ᠤ | ᠮᠠᠯᠵᠢᠯ ᠤᠨ ᠵᠡᠩ ᠤᠶᠢᠯᠡ ᠳᠤ ᠤᠯᠠᠮᠵᠢᠯᠬᠠᠳ᠋ᠬᠠᠰᠠᠭᠠᠷ ᠢᠷᠡᠵᠠᠢ᠃ | ᠮᠠᠯ ᠤᠨ ᠲᠠᠮᠠᠭ᠎ᠠ ᠪᠤᠯ ᠮᠤᠩᠭᠤᠯ ᠭᠦᠮᠤᠠ ᠤ ᠡᠷᠭᠢᠮ ᠲᠡᠭᠡᠲᠤ ᠭᠡᠷᠡᠭᠰᠡᠯ ᠪᠤᠯᠬᠤᠷ ᠠᠲᠡ ᠲᠡᠡᠲᠡ ᠬᠠᠶᠠᠬᠤ᠂ | ᠲᠡᠭᠡᠭᠦᠷ ᠨᠢ ᠠᠯᠬᠤᠵᠦ ᠭᠢᠰᠭᠢᠭᠦ ᠶᠢ ᠶᠠᠭᠡᠲᠡ ᠴᠡᠭᠡᠷᠯᠡᠨ᠎ᠠ᠃ | ᠮᠠᠯ ᠤᠨ ᠲᠠᠮᠠᠭ᠎ᠠ ᠪᠠᠨ ᠭᠡᠷ ᠤᠨ ᠭᠠᠲᠠᠨ᠎ᠠ ᠪᠠᠨ ᠲᠠᠯᠪᠢᠬᠤ ᠶᠢ ᠴᠡᠭᠡᠷᠯᠡᠨ᠎ᠠ᠃ ᠮᠠᠯ ᠤᠨ ᠲᠠᠮᠠᠭ᠎ᠠ ᠶᠢ ᠰᠤᠯᠤᠭᠠᠢ | ᠭᠠᠷ ᠢᠶᠠᠷ ᠪᠠᠷᠢᠵᠦ ᠶᠠᠪᠤᠬᠤ ᠶᠢ ᠴᠡᠭᠡᠷᠯᠠᠨ᠎ᠠ᠃ ᠮᠠᠯ ᠤᠨ ᠲᠠᠮᠠᠭᠠᠠ ᠤ ᠲᠤᠯᠤᠭᠠᠢ ᠶᠢ ᠭᠠᠵᠠᠷ ᠤᠷᠤᠭᠤ | ᠬᠠᠨᠲᠤᠭᠤᠯᠬᠤ ᠶᠢ ᠴᠡᠭᠡᠷᠯᠠᠨ᠎ᠠ᠃ ᠮᠠᠯ ᠤᠨ ᠲᠠᠮᠠᠭ᠎ᠠ ᠪᠠᠷ ᠭᠠᠵᠠᠷ ᠲᠠᠮᠠᠭᠠᠯᠠᠬᠤ ᠶᠢ ᠮᠠᠯ ᠦᠭᠡᠶᠢᠷᠠᠭᠦ ᠶᠢᠨ ᠲᠡᠮᠲᠡᠭ | ᠭᠡᠵᠦ ᠴᠡᠭᠡᠷᠯᠠᠨ᠎ᠠ᠃ ᠮᠠᠯ ᠤᠨ ᠲᠠᠮᠠᠭ᠎ᠠ ᠪᠠᠷ ᠭᠦᠮᠤᠠ ᠴᠤᠭᠢᠬᠤ ᠶᠢ ᠴᠡᠭᠡᠷᠯᠠᠨ᠎ᠠ᠃ ᠮᠠᠯ ᠤᠨ ᠲᠠᠮᠠᠭ᠎ᠠ ᠪᠠᠷ ᠮᠠᠯ | ᠴᠤᠭᠢᠬᠤ ᠶᠢ ᠴᠡᠭᠡᠷᠯᠠᠨ᠎ᠠ᠃ ᠶᠠᠮᠠᠷ ᠴᠤ ᠮᠠᠯ ᠠᠲᠤᠭᠤ᠂ ᠲᠡᠮᠡᠭᠡ᠂ ᠦᠭᠡᠷ᠂ ᠬᠤᠨᠢ᠂ ᠢᠮᠠᠭᠠᠠ ᠤ ᠪᠤᠷᠤᠭᠤ ᠲᠠᠯ᠎ᠠ | ᠶᠢᠨ ᠬᠠᠴᠠᠷ ᠲᠤ ᠲᠠᠮᠠᠭ᠎ᠠ ᠲᠠᠷᠤᠬᠤ ᠶᠢ ᠮᠠᠯ ᠤᠨ ᠵᠠᠶᠠᠭ᠎ᠠ ᠭᠤᠮᠤᠲᠠᠨᠠ ᠭᠡᠵᠦ ᠴᠡᠭᠡᠷᠯᠠᠨ᠎ᠠ᠃ ᠮᠠᠯ ᠤᠨ ᠪᠠᠶ᠎ᠠ | ᠲᠡᠭᠡᠷ᠎ᠠ ᠭᠦᠠᠲᠡᠯᠡᠡ ᠭᠤᠯᠲᠤ ᠦᠭᠡᠢ ᠲᠠᠮᠠᠭ᠎ᠠ ᠲᠠᠷᠤᠬᠤ ᠶᠢ ᠪᠤᠶᠡᠡ ᠢᠶᠠᠨ ᠪᠠᠷᠠᠨ᠎ᠠ ᠭᠡᠵᠦ ᠴᠡᠭᠡᠷᠯᠠᠨ᠎ᠠ᠃ ᠵᠠᠷᠢᠮ | ᠨᠤᠲᠤᠭ ᠲᠤ ᠠᠲᠤᠭᠤᠡ ᠤ ᠬᠠᠴᠠᠷ ᠲᠡᠭᠡᠷᠠᠭᠢ ᠲᠠᠮᠠᠭ᠎ᠠ ᠶᠢ ᠡᠷ᠎ᠠ ᠭᠦᠮᠤᠠ ᠤ ᠭᠡᠢ ᠮᠤᠷᠢ ᠳᠤ ᠮᠠᠭᠤ ᠭᠡᠵᠦ ᠴᠡᠭᠡᠷᠯᠠᠨ᠎ᠠ | ᠃ ᠡᠨᠡ ᠨᠢ ᠮᠠᠠ ᠤ ᠮᠤᠩᠭᠤᠯ ᠭᠦᠮᠤᠠ ᠮᠤᠷᠢ ᠶᠢ ᠡᠷ᠎ᠠ ᠭᠦᠮᠤᠠ ᠤ ᠭᠡᠢ ᠮᠤᠷᠢ ᠭᠡᠵᠦ ᠦᠵᠠᠵᠦ᠂ ᠲᠤᠯᠤᠭᠠᠢ ᠳᠤᠨᠢ | ᠲᠠᠰᠢᠭᠤᠷ ᠵᠡᠩᠭᠠᠬᠤ᠂ ᠮᠠᠰᠡ ᠭᠦᠷᠭᠡᠭᠦ ᠶᠢ ᠤᠠᠴᠡ ᠴᠡᠭᠡᠷᠯᠡᠲᠡᠭ ᠠᠴᠠ ᠢᠷᠠᠯᠲᠠᠢ ᠪᠢᠵᠡ᠃ ᠠᠲᠤᠭᠤ ᠲᠡᠮᠡᠭᠡᠡ ᠤ | ᠲᠠᠮᠠᠭᠠᠯᠠᠬᠤ ᠭᠡᠰᠡᠭ ᠤᠨ ᠬᠠᠶᠢᠴᠢᠯᠬᠠᠰᠡᠡ ᠦᠰᠤ ᠤᠡᠭᠭᠠᠰᠤ ᠶᠢ ᠬᠠᠮᠢᠶ᠎ᠠ ᠨᠠᠮᠢᠶ᠎ᠠ ᠦᠭᠡᠢ ᠬᠠᠶᠠᠬᠤ ᠶᠢ ᠮᠠᠯ ᠤᠨ | ᠪᠤᠶᠡᠡ ᠪᠠᠷᠬᠠᠲᠠᠨᠠ ᠭᠡᠵᠦ ᠴᠡᠭᠡᠷᠯᠠᠵᠦ ᠵᠠᠪᠠᠯ ᠲᠠᠮᠠᠭᠠᠠ ᠤ ᠭᠠᠯ ᠳᠤ ᠭᠢᠵᠦ ᠰᠢᠲᠠᠭᠠᠬᠤ ᠶᠤᠰᠤᠡ ᠪᠤᠢ᠃ ᠡᠷᠲᠡ | ᠦᠶ᠎ᠠ ᠳᠤ ᠰᠦᠨᠢᠦᠡ ᠨᠤᠲᠤᠭ ᠲᠤ ᠭᠢᠲᠡᠦᠡ ᠦᠰᠦᠭ ᠤᠨ ᠲᠠᠮᠠᠭ᠎ᠠ ᠶᠢ ᠪᠠᠯᠭᠡ ᠲᠠᠮᠪᠠᠷᠢᠯ ᠮᠠᠭᠤ ᠭᠡᠵᠦ ᠭᠡᠷᠡᠭᠯᠡᠭᠦ ᠶᠢ | ᠴᠡᠭᠡᠷᠯᠠᠵᠦ ᠪᠠᠶᠢᠵᠠᠢ᠃ | ᠮᠠᠯ ᠤᠨ ᠲᠠᠮᠠᠭ᠎ᠠ ᠶᠢ ᠲᠤᠷ᠎ᠠ ᠪᠠᠷ ᠭᠦᠮᠤᠠ ᠤ ᠮᠠᠯ ᠳᠤ ᠲᠠᠷᠤᠵᠦ ᠪᠤᠯᠬᠤ ᠦᠭᠡᠢ᠃ ᠬᠤᠯᠠᠭᠠᠢ ᠭᠢᠭᠰᠡᠡ ᠳᠤ | ᠲᠤᠭᠠᠴᠬᠠᠲᠠᠨᠠ᠃ | ᠮᠠᠯ ᠤᠨ ᠲᠠᠮᠠᠭ᠎ᠠ ᠶᠢ ᠲᠦᠷᠤᠯ ᠰᠠᠲᠦᠡ ᠪᠢᠰᠢ ᠭᠦᠮᠤᠠ ᠳᠤ ᠵᠢᠭᠡᠯᠡᠭᠦᠯᠵᠦ ᠦᠭᠴᠤ ᠤᠠᠠᠲᠤ ᠪᠤᠯᠬᠤ ᠦᠭᠡᠢ᠃ | ᠮᠠᠯ ᠤᠨ ᠭᠡᠰᠢᠭ ᠵᠠᠶᠢᠯᠠᠨ᠎ᠠ ᠭᠡᠵᠦ ᠴᠡᠭᠡᠷᠯᠠᠨ᠎ᠠ᠃ | ᠮᠠᠯ ᠲᠠᠮᠠᠭᠠᠯᠠᠬᠤ ᠭᠦᠮᠤᠠ ᠮᠠᠯᠠᠭᠠᠢ ᠦᠭᠡᠢ ᠲᠤᠯᠤᠭᠠᠢ ᠨᠢᠴᠦᠭᠦᠡ ᠢᠶᠠᠷ ᠮᠠᠯ ᠲᠠᠮᠠᠭᠠᠯᠠᠬᠤ ᠶᠢ ᠤᠠᠴᠠᠭᠠᠢ | ᠴᠡᠭᠡᠷᠯᠠᠨ᠎ᠠ᠃ ᠢᠮᠠᠭᠠᠠ ᠳᠤ ᠰᠡᠷᠡᠭᠡ ᠲᠠᠮᠠᠭ᠎ᠠ ᠲᠠᠷᠤᠬᠤ ᠨᠢ ᠢᠮᠠᠭᠠᠠ ᠳᠤ ᠬᠠᠷᠰᠢ ᠭᠡᠵᠦ ᠴᠡᠭᠡᠷᠯᠠᠨ᠎ᠠ᠃ ᠬᠤᠨᠢ | ᠢᠮᠠᠭ᠎ᠠ ᠪᠠᠨ ᠲᠠᠮᠠᠭᠠᠯᠠᠬᠤ ᠳᠤ ᠠᠮᠠᠠ ᠳᠠᠭᠠᠨ ︽ᠰᠦᠷᠦᠭ᠂ ᠰᠦᠷᠦᠭ︾ ᠭᠡᠵᠦ ᠮᠠᠯ ᠢᠶᠠᠨ ᠦᠷᠠᠵᠢᠡ ᠦᠰᠭᠦ ᠶᠢ | ᠪᠠᠯᠭᠡᠲᠡᠨᠠ᠃ ᠲᠤᠭᠤᠢ ︵ᠦᠭᠡ ᠲᠠᠭᠤᠡ ᠦᠭᠡᠢ︶ ᠪᠠᠶᠢᠬᠤ ᠶᠢ ᠴᠡᠭᠡᠷᠯᠡᠨ᠎ᠡ᠃ | ᠠᠲᠤᠭᠤ᠂ ᠲᠡᠮᠡᠭᠡ᠂ ᠦᠭᠡᠷ᠂ ᠬᠤᠨᠢ ᠢᠮᠠᠭ᠎ᠠ ᠲᠠᠪᠤᠡ ᠬᠤᠰᠢᠭᠤ ᠮᠠᠯ ᠤᠨ ᠠᠯᠢ ᠨᠢᠭᠡ ᠨᠢ ᠲᠠᠮᠠᠭᠠᠯᠬᠠᠰᠡᠡ | ᠤ ᠲᠠᠷᠠᠭ᠎ᠠ ᠲᠤᠯᠤᠭᠠᠠ ᠬᠤᠨᠤᠭ ᠪᠤᠶᠤ ᠰᠠᠷ᠎ᠠ ᠳᠤ ᠵᠤᠲᠤᠵᠦ ᠴᠤᠭᠢᠬᠤ᠂ ᠬᠠᠷᠢᠶᠠᠵᠦ ᠭᠤᠶᠠᠲᠠᠬᠤ᠂ ᠠᠶᠤᠯᠭᠠᠵᠦ | ᠰᠤᠴᠢᠭᠠᠬᠤ ᠶᠢ ᠴᠡᠭᠡᠷᠯᠠᠨ᠎ᠠ᠃ ᠠᠲᠤᠭᠤ ᠮᠠᠯ ᠤᠨ ᠲᠠᠮᠠᠭᠠᠠ ᠲᠡᠭᠡᠷ᠎ᠠ ᠭᠡᠷᠡᠭᠦᠯ ᠵᠤᠲᠤᠭᠠᠠ ᠭᠢᠭᠦ ᠶᠢ ᠪᠠᠯᠭᠡ ᠮᠠᠭᠤ | ᠲᠠᠢ ᠭᠡᠵᠦ ᠴᠡᠭᠡᠷᠯᠠᠨ᠎ᠠ᠃ ᠬᠠᠷᠢᠶᠠᠯ ᠭᠡᠯᠡᠭᠦ᠂ ᠪᠤᠵᠠᠷ ᠦᠭᠡ ᠶᠠᠷᠢᠬᠤ ᠶᠢ ᠮᠠᠯ ᠤᠨ ᠭᠡᠢ ᠮᠤᠷᠢ ᠳᠤ ᠮᠠᠭᠤ ᠭᠡᠵᠦ | ᠴᠡᠭᠡᠷᠯᠠᠨ᠎ᠠ᠃ | ᠮᠠᠯ ᠳᠤ ᠡᠮᠡᠭᠲᠡᠢ ᠭᠦᠮᠤᠠ ᠲᠠᠮᠠᠭ᠎ᠠ ᠲᠠᠷᠤᠬᠤ ᠶᠢ ᠴᠡᠭᠡᠷᠯᠠᠨ᠎ᠠ᠃ ᠨᠠᠰᠤ ᠪᠠᠷᠬᠠᠰᠡᠡ ᠭᠦᠮᠤᠠ ᠲᠠᠢ ᠠᠶᠢᠯ ᠤᠨ | ᠭᠦᠮᠤᠰ ᠲᠦᠴᠢᠡ ᠬᠤᠨᠤᠭ ᠬᠤᠨᠤᠠᠠᠰᠡᠡ ᠦᠭᠡᠢ ᠪᠤᠯ ᠠᠶᠢᠯ ᠤᠨ ᠮᠠᠯ ᠤᠨ ᠲᠠᠮᠠᠭᠠᠯᠠᠭᠠ ᠲᠡᠭᠡᠷ᠎ᠠ ᠤᠴᠢᠬᠤ ᠶᠢ | ᠴᠡᠭᠡᠷᠯᠠᠨ᠎ᠠ᠃ ᠮᠠᠯ ᠤᠨ ᠲᠠᠮᠠᠭ᠎ᠠ ᠶᠢ ᠭᠡᠦᠭᠡᠦᠡ ᠲᠤ ᠨᠠᠭᠠᠲᠤᠭᠤᠯᠵᠦ ᠪᠤᠯᠬᠤ ᠦᠭᠡᠢ ᠪᠤᠶᠡᠡ ᠭᠡᠰᠢᠭ ᠬᠠᠵᠠᠶᠢᠨ᠎ᠠ ᠭᠡᠵᠦ | ᠴᠡᠭᠡᠷᠯᠠᠨ᠎ᠠ᠃ ᠭᠠᠵᠠᠷ ᠨᠢᠭᠡ ᠲᠠᠮᠠᠭ᠎ᠠ ᠲᠠᠷᠤᠪᠠᠯ ᠨᠢᠭᠡ ᠮᠠᠯ ᠤᠨ ᠲᠤᠭ᠎ᠠ ᠬᠤᠷᠤᠠᠠᠲᠠᠨᠠ ᠭᠡᠵᠦ ᠭᠠᠵᠠᠷ | ᠲᠠᠮᠠᠭᠠᠯᠠᠬᠤ ᠶᠢ ᠤᠠᠴᠡ ᠴᠡᠭᠡᠷᠯᠠᠨ᠎ᠠ᠃ ᠮᠠᠯ ᠤᠨ ᠲᠠᠮᠠᠭ᠎ᠠ ᠶᠢ ᠠᠪᠴᠤ ᠶᠠᠪᠤᠬᠤ ᠳᠤ ᠭᠠᠨᠵᠤᠭᠠᠯᠠᠵᠦ ᠪᠤᠯᠬᠤ ᠦᠭᠡᠢ᠃ | ᠮᠠᠯ ᠤᠨ ᠤᠤᠯ ᠤᠨ ᠬᠠᠭᠤᠴᠢᠡ ᠲᠠᠮᠠᠭᠠᠠ ᠲᠡᠭᠡᠷ᠎ᠠ ᠲᠠᠭᠢᠵᠦ ᠲᠡᠭᠡᠷ᠎ᠠ ᠨᠢ ᠲᠠᠮᠠᠭ᠎ᠠ ᠲᠠᠷᠤᠬᠤ ᠶᠢ ᠢᠷᠸ᠎ᠠ ᠶᠢᠨ ᠮᠠᠭᠤ | ᠭᠡᠮᠠᠠ ᠴᠢᠩᠭ᠎ᠠ ᠴᠡᠭᠡᠷᠯᠡᠨ᠎ᠠ᠃ ᠮᠤᠩᠭᠤᠯᠴᠤᠤᠡ ᠶᠠᠷᠤ ᠠᠴᠠ ᠨᠢᠭᠡ ᠮᠠᠯ ᠳᠤ ᠤᠯᠠᠠ ᠲᠠᠮᠠᠭ᠎ᠠ ᠲᠠᠷᠤᠬᠤ ᠶᠢ | ᠴᠡᠭᠡᠷᠯᠡᠲᠡᠭ᠃ | ᠮᠤᠩᠭᠤᠯᠴᠤᠤᠡ ᠠᠲᠤᠭᠤ ᠢᠯᠡᠩᠭᠤᠶ᠎ᠠ ᠮᠤᠷᠢ ᠶᠢᠨ ᠬᠠ ᠲᠡᠭᠡᠷ᠎ᠠ ᠲᠠᠮᠠᠭ᠎ᠠ ᠲᠠᠷᠤᠬᠤ ᠶᠢ ᠮᠠᠯ ᠳᠤ ᠶᠤᠰᠤ | ᠠᠯᠲᠠᠪᠠ᠂ ᠮᠠᠯ ᠤᠨ ᠪᠤᠯᠴᠢᠩ ᠰᠢᠷᠪᠤᠰᠤ ᠶᠢ ᠭᠡᠮᠲᠤᠭᠡᠪᠡ ᠭᠡᠵᠦ ᠶᠠᠭᠡᠲᠡ ᠴᠡᠭᠡᠷᠯᠡᠲᠡᠭ᠃ | ︽ᠤᠡᠭᠭᠤᠡ︾ ᠲᠠᠮᠠᠭ᠎ᠠ ᠲᠠᠷᠤᠠᠠᠰᠡᠡ ᠠᠲᠤᠭᠤᠡ ᠤ ᠲᠠᠯ ᠢ ᠠᠪᠬᠤ ᠶᠢ ᠴᠡᠭᠡᠷᠯᠡᠨ᠎ᠠ᠃ ︽ᠤᠡᠭᠭᠤᠡ︾ | ᠲᠠᠮᠠᠭ᠎ᠠ ᠲᠠᠷᠤᠠᠠᠰᠡᠡ ᠮᠤᠷᠢ ᠶᠢ ᠡᠭᠡᠨᠠᠷ ᠭᠦᠮᠤᠠ ᠤᠨᠤᠬᠤ ᠪᠠ ᠪᠠᠷᠢᠵᠦ ᠲᠠᠯᠪᠢᠬᠤ ᠶᠢ ᠴᠡᠭᠡᠷᠯᠡᠨ᠎ᠠ᠃ | ︽ᠤᠡᠭᠭᠤᠡ︾ ᠲᠠᠮᠠᠭ᠎ᠠ ᠲᠠᠢ ᠠᠲᠤᠭᠤ ᠶᠢ ᠡᠵᠡᠡ ᠨᠢ ᠤᠨᠤᠵᠦ ᠡᠳ᠋ᠯᠡᠭᠦ ᠳᠡᠭᠡᠨ ᠵᠠᠪᠠᠯ ᠲᠤᠰᠬᠠᠢ ᠬᠠᠨᠭ᠍ᠭᠠᠢ | ᠲᠡᠷᠭᠡ ᠪᠤᠶᠤ ᠪᠤᠯᠠᠭ᠎ᠠ ᠮᠤᠲᠤᠡ ᠠᠴᠠ ᠤᠶᠠᠬᠤ ᠠᠴᠠ ᠪᠢᠰᠢ ᠦᠭᠡᠷ᠎ᠠ ᠤᠶᠠᠭᠠᠠ ᠤ ᠮᠤᠲᠤᠡ ᠳᠤ ᠤᠶᠠᠬᠤ ᠶᠢ | ᠴᠡᠭᠡᠷᠯᠡᠨ᠎ᠠ᠃ | ᠮᠤᠷᠢ ︵ᠠᠲᠤᠭᠤ︶ ᠪᠠᠨ ︽ᠤᠡᠭᠭᠤᠡ︾ ᠲᠠᠮᠠᠭ᠎ᠠ ᠪᠠᠷ ᠲᠠᠮᠠᠭᠠᠯᠬᠠᠰᠡᠡ ᠤ ᠲᠠᠷᠠᠭ᠎ᠠ ᠡᠷᠤᠭᠡ ᠭᠡᠷ ᠠᠴᠠ ᠨᠢ | ᠭᠦᠮᠤᠠ ᠨᠠᠰᠤ ᠪᠠᠷᠬᠠᠰᠡᠡ ᠪᠠᠶᠢᠪᠠᠯ ᠬᠤᠷᠢᠡ ᠨᠢᠭᠡ ᠬᠤᠨᠤᠭ ᠪᠤᠶᠤ ᠲᠦᠴᠢ ᠶᠢᠰᠤᠡ ᠬᠤᠨᠤᠭ ᠤᠨ ᠲᠤᠲᠤᠷ᠎ᠠ | ᠤᠨᠤᠵᠦ ᠡᠳ᠋ᠯᠠᠭᠦ ᠶᠢ ᠴᠡᠭᠡᠷᠯᠠᠨ᠎ᠠ᠃ | ᠠᠲᠤᠭᠤ ᠮᠠᠯ ᠲᠠᠮᠠᠭᠠᠯᠬᠠᠰᠡᠡ ᠠᠶᠢᠯ ᠡᠷᠤᠭᠡ ᠨᠢ ᠭᠤᠷᠪᠡ ᠬᠤᠨᠤᠭ ᠪᠤᠶᠤ ᠰᠠᠷ᠎ᠠ ᠶᠢᠨ ᠲᠤᠲᠤᠷ᠎ᠠ ᠰᠢᠨ᠎ᠠ ᠪᠠᠷ | ᠲᠠᠮᠠᠭᠠᠯᠬᠠᠰᠡᠡ ᠠᠲᠤᠭᠤ ᠮᠠᠯ ᠢᠶᠠᠨ ᠭᠦᠮᠤᠠ ᠳᠤ ᠦᠭᠭᠦ ᠶᠢ ᠮᠠᠯ ᠤᠨ ᠭᠡᠰᠢᠭ ᠵᠠᠶᠢᠯᠠᠨ᠎ᠠ ᠭᠡᠵᠦ ᠴᠡᠭᠡᠷᠯᠠᠨ᠎ᠠ᠃ ᠰᠢᠨ᠎ᠠ | ᠲᠠᠮᠠᠭᠠᠯᠬᠠᠰᠡᠡ ᠮᠠᠯ ᠢᠶᠠᠨ ᠲᠤᠰ ᠵᠢᠯ ᠳᠤᠨᠢ ᠬᠤᠲᠠᠯᠲᠤᠬᠤ ᠶᠢ ᠴᠡᠭᠡᠷᠯᠡᠨ᠎ᠡ᠃ ᠭᠡᠷᠪᠡ ᠬᠤᠲᠠᠯᠲᠤᠬᠤ ᠭᠡᠰᠡᠡ ᠮᠠᠯ | ᠢᠶᠠᠨ ᠵᠠᠷᠢᠮ ᠨᠤᠲᠤᠭ ᠲᠤ ᠬᠠ ᠲᠡᠭᠡᠷ᠎ᠠ ᠨᠢ ᠲᠠᠮᠠᠭᠠᠯᠠᠵᠦ ᠪᠠᠶᠢᠵᠠᠢ᠃ | ᠮᠤᠩᠭᠤᠯᠴᠤᠤᠡ ᠮᠠᠯ ᠤᠨ ᠦᠮᠴᠢ ᠶᠢᠨ ᠲᠠᠮᠠᠭ᠎ᠠ ᠪᠠᠨ ᠦᠭᠡᠷ᠎ᠠ ᠪᠤᠰᠤᠤᠡ ᠦᠠᠲᠤᠰᠤᠲᠡᠡ ᠤ ᠲᠠᠷᠬᠠᠴᠤᠤᠯ | ᠢᠶᠠᠷ ᠲᠠᠪᠲᠠᠭᠤᠯᠵᠦ ᠭᠢᠯᠭᠡᠭᠦ ᠶᠢ ᠴᠡᠭᠡᠷᠯᠡᠲᠡᠭ᠃ ᠵᠠᠪᠠᠯ ᠦᠪᠠᠷ ᠤᠨ ᠦᠠᠲᠤᠰᠤᠲᠡᠡ ᠤᠠᠠᠰᠠᠭᠠᠲᠠᠠ ᠤ ᠤᠷ᠎ᠠ | ᠲᠠᠷᠬᠠᠴᠤᠤᠯ ᠢᠶᠠᠷ ᠭᠢᠯᠭᠡᠭᠦ ᠶᠤᠰᠤᠲᠡᠢ᠃ | ᠲᠠᠮᠠᠭ᠎ᠠ ᠭᠢᠯᠭᠡᠭᠦ ᠳᠡᠭᠡᠨ ᠲᠠᠷᠬᠠᠴᠤᠤᠯ ᠲᠠᠢ ᠦᠨ᠎ᠠ ᠬᠠᠨᠭ᠍ᠰᠢ ᠶᠠᠷᠢᠬᠤ ᠶᠢ ᠴᠡᠭᠡᠷᠡᠯᠡᠵᠦ ᠭᠡᠲᠤᠢ ᠭᠦᠯᠤᠰᠤ | ᠮᠦᠡᠭᠭᠦ ᠪᠠᠷ ᠴᠤ ᠲᠤᠷᠠᠲᠠᠢ ᠭᠢᠯᠭᠡᠲᠡᠭ᠃ | ᠰᠦᠨᠢᠦᠡ ᠨᠤᠲᠤᠭ ᠲᠤ ᠡᠷᠲᠡ ᠦᠶ᠎ᠠ ᠳᠤ ︽ᠪᠤᠮ︾᠂ ︽ᠲᠦᠮᠡ︾᠂ ︽ᠮᠢᠩᠭ᠎ᠠ︾ ᠭᠡᠭᠦ ᠮᠤᠩᠭᠤᠯ | ᠦᠰᠦᠭ ᠤᠨ ᠲᠤᠭᠠᠠ ᠤ ᠨᠠᠷᠠᠶᠢᠲᠤᠯ ᠲᠠᠢ ᠲᠠᠮᠠᠭ᠎ᠠ ᠶᠢ ᠭᠡᠷᠡᠭᠯᠡᠭᠦ ᠠᠴᠠ ᠪᠢᠰᠢ ᠪᠤᠰᠤᠤᠡ ᠠᠷᠠᠪ ᠲᠤᠭᠠᠠ ᠤ ᠲᠠᠮᠠᠭ᠎ᠠ | ᠶᠢ ᠮᠠᠯ ᠤᠨ ᠦᠷᠠᠵᠢᠯ ᠲᠦᠯᠵᠢᠯ ᠳᠤ ᠬᠠᠷᠰᠢ ᠭᠢᠵᠠᠭᠠᠷ ᠲᠠᠢ ᠪᠤᠯᠤᠨ᠎ᠠ ᠭᠡᠵᠦ ᠭᠡᠷᠡᠭᠯᠡᠭᠦ ᠶᠢ ᠴᠡᠭᠡᠷᠯᠡᠲᠡᠭ᠃ | ᠭᠤᠷᠪᠠ᠄ ᠡᠷᠲᠡᠡ ᠤ ᠬᠠᠲᠠᠠ ᠵᠢᠷᠤᠭ ᠲᠠᠬᠢ ᠲᠠᠮᠠᠭ᠎ᠠ ᠲᠡᠮᠲᠡᠭ ᠤᠨ ᠲᠤᠬᠠᠢ | ᠮᠤᠩᠭᠤᠯ ᠤᠨ ᠦᠡᠲᠦᠷᠯᠢᠭ ᠢ ᠬᠠᠮᠤᠷᠤᠠᠠᠰᠡᠡ ᠨᠠᠶᠢᠲᠡ ᠲᠠᠯᠡᠭᠡᠢ ᠶᠢᠨ ᠤᠯᠠᠠ ᠭᠠᠵᠠᠷ ᠤᠨ ᠡᠷᠲᠡᠡ ᠤ ᠬᠠᠲᠠᠠ | ᠵᠢᠷᠤᠭ ᠪᠤᠯ ᠭᠦᠮᠤᠠ ᠲᠦᠷᠤᠯᠭᠢᠲᠡᠡ ᠤ ᠰᠤᠶᠤᠯ ᠤᠨ ᠬᠠᠮᠲᠤ ᠶᠢᠨ ᠦᠪ ᠭᠦᠷᠦᠩᠭᠡ ᠮᠦᠡ᠃ ᠮᠦᠡᠴᠤ ᠨᠠᠶᠢᠲᠡ | ᠭᠦᠮᠤᠠ ᠲᠦᠷᠤᠯᠭᠢᠲᠡᠡ ᠤ ᠨᠠᠶᠢᠭᠡᠮ ᠤᠨ ᠲᠡᠦᠭᠡ ᠶᠢᠨ ᠭᠦᠭᠵᠢᠯ ᠤᠨ ᠠᠲᠠᠯᠢ ᠪᠤᠰᠤ ᠱᠡᠲᠤ ᠦᠶ᠎ᠠ ᠶᠢᠨ | ᠤᠶᠢᠯᠠᠤᠠᠪᠤᠷᠢᠯᠠᠯ ᠠᠮᠢᠲᠤᠷᠠᠯ ᠤᠨ ᠠᠬᠤᠢ ᠵᠢᠷᠤᠠᠠᠯᠠᠯ ᠪᠠᠶᠢᠵᠦ᠂ ᠡᠷᠲᠡᠡ ᠤ ᠭᠦᠮᠤᠠ ᠤ ᠨᠢᠯᠬ᠎ᠠ ᠪᠠᠯᠴᠢᠷ ᠤᠨ ᠦᠶ᠎ᠠ | ᠶᠢᠨ ᠰᠤᠶᠤᠯ ᠤᠨ ᠨᠠᠭᠢᠶ᠎ᠠ ᠶᠤᠮ᠃ | ᠡᠷᠲᠡᠡ ᠤ ᠬᠠᠲᠠᠠ ᠵᠢᠷᠤᠭ ᠪᠤᠯ ᠬᠠᠮᠤᠭ ᠤᠨ ᠨᠠᠭᠠᠲᠤ ᠵᠠᠬ᠎ᠠ ᠳᠠᠭᠠᠨ 5 ᠲᠦᠮᠡᠡ ᠵᠢᠯ ᠠᠴᠠ ᠨᠠᠰᠢ ᠭᠦᠷᠠᠯ | ᠲᠠᠮᠤᠷ ᠤᠨ ᠦᠶ᠎ᠠ ᠪᠤᠯᠲᠠᠯ᠎ᠠ ᠦᠷᠭᠦᠯᠵᠢᠯᠡᠭᠰᠡᠡ ᠤᠷᠲᠦ ᠤᠲᠠᠭᠠᠠ ᠬᠤᠭᠤᠴᠠᠭᠠᠠ ᠳᠤ ᠲᠠᠯᠠᠭᠡᠢ ᠶᠢᠨ ᠤᠯᠠᠠ ᠭᠠᠵᠠᠷ | ᠤᠷᠤᠰᠢᠡ ᠠᠮᠢᠲᠤᠷᠠᠵᠦ ᠪᠠᠶᠢᠠᠠᠰᠡᠡ ᠡᠷᠲᠡᠡ ᠤ ᠭᠦᠮᠤᠠ ᠤ ᠤᠷᠠᠯᠢᠭ ᠰᠤᠶᠤᠯ ᠤᠨ ᠪᠦᠲᠤᠭᠡᠯ ᠪᠤᠯᠬᠤ ᠲᠠᠲᠤᠢ ᠦᠭᠡᠢ | ᠡᠷᠲᠡᠡ ᠤ ᠭᠦᠮᠤᠠ ᠤ ᠰᠤᠶᠤᠯ ᠤᠨ ᠦᠵᠡᠭᠲᠡᠯ ᠢ ᠢᠯᠡ ᠲᠤᠲᠤ ᠲᠤᠪᠤᠶᠢᠮ᠎ᠠ ᠰᠠᠶᠢᠬᠠᠠ ᠲᠤᠰᠬᠠᠵᠦ ᠪᠠᠶᠢᠲᠠᠭ ᠢᠶᠠᠷ | ᠢᠶᠠᠨ ᠤᠠᠴᠠᠯᠬᠠᠲᠠᠨᠠ᠃ ᠡᠶᠢᠮᠤ ᠠᠴᠠ ᠬᠠᠲᠠᠠ ᠵᠢᠷᠤᠭ ᠲᠠᠬᠢ ᠡᠷᠲᠡᠡ ᠤ ᠲᠠᠮᠠᠭ᠎ᠠ ᠲᠡᠮᠲᠡᠭ ᠤᠨ ᠲᠦᠷᠰᠤ ᠨᠢ ᠮᠠᠯ | ᠤᠨ ᠦᠮᠴᠢ ᠶᠢᠨ ᠲᠠᠮᠠᠭ᠎ᠠ ᠪᠤᠢ ᠪᠤᠯᠬᠤ ᠠᠴᠠ ᠬᠤᠯᠠ ᠡᠮᠤᠨ᠎ᠠ ᠢᠯᠡᠷᠡᠭᠰᠡᠡ ᠰᠤᠶᠤᠯ ᠤᠨ ᠦᠵᠡᠭᠲᠡᠯ ᠭᠡᠵᠦ ᠦᠵᠠᠭᠦ | ᠳᠤ ᠭᠦᠷᠭᠡᠵᠦ ᠪᠠᠶᠢᠨ᠎ᠠ᠃ | ᠮᠤᠩᠭᠤᠯᠴᠤᠤᠡ ᠦᠪᠠᠷ ᠤᠨ ᠠᠮᠢᠡ ᠲᠠᠵᠢᠭᠡᠯ ᠪᠤᠯᠬᠤ ᠲᠠᠪᠤᠡ ᠬᠤᠰᠢᠭᠤ ᠮᠠᠯ ᠢᠶᠠᠨ ᠦᠷᠠᠵᠢᠭᠦᠯᠦᠡ ᠭᠦᠭᠡᠭᠡᠭᠦ | ᠶᠡᠪᠤᠴᠡ ᠳᠤ ᠦᠪᠠᠷ ᠤᠨ ᠭᠡᠰᠡᠡ ᠲᠡᠮᠲᠡᠭ ᠲᠠᠮᠠᠭ᠎ᠠ ᠵᠤᠭᠢᠶᠠᠵᠦ᠂ ᠦᠪᠠᠷ ᠤᠨ ᠮᠠᠯ ᠰᠦᠷᠦᠭ ᠲᠡᠭᠡᠨ ᠲᠠᠮᠠᠭ᠎ᠠ ᠲᠡᠮᠲᠡᠭ | ᠭᠢᠲᠡᠭ ᠪᠠᠶᠢᠵᠠᠢ᠃ ᠭᠡᠭᠦ ᠳᠡᠭᠡᠨ ᠡᠲᠡᠭᠡᠷ ᠮᠠᠯ ᠤᠨ ᠲᠠᠮᠠᠭᠠᠠ ᠤ ᠤᠯᠠᠠ ᠶᠡᠩᠵᠤ ᠪᠦᠷᠢ ᠶᠢᠨ ᠭᠡᠪ ᠵᠬᠠᠪᠤᠷ᠂ ᠭᠡᠯᠪᠡᠷᠢ | ᠲᠦᠷᠰᠤ ᠨᠢ ᠡᠷᠲᠡ ᠦᠶ᠎ᠠ ᠶᠢᠨ ᠮᠤᠩᠭᠤᠯ ᠤᠨ ᠦᠡᠲᠦᠷᠯᠢᠭ ᠲᠡᠭᠡᠷ᠎ᠠ ᠠᠩᠨᠠᠯ ᠮᠠᠯᠵᠢᠯ ᠤᠨ ᠤᠯᠠᠮᠵᠢᠯᠠᠯ ᠲᠠᠢ ᠤᠯᠠᠠ | ᠤᠪᠤᠭ ᠤᠠᠠᠰᠡᠭᠠᠠ ᠤ ᠨᠡᠭᠦᠲᠡᠯᠴᠢᠡ ᠦᠠᠲᠤᠰᠤᠲᠡᠡ ᠤ ᠡᠪᠦᠭᠡ ᠶᠢᠨ ᠦᠶ᠎ᠠ ᠶᠢᠨ ᠡᠯᠲᠡᠪ ᠰᠤᠶᠤᠯ ᠤᠨ ᠲᠡᠮᠲᠡᠭ ᠠᠴᠠ | ᠡᠭᠢ ᠡᠭᠦᠰᠤᠯ ᠲᠠᠢ ᠪᠤᠯᠬᠤ ᠶᠢ ᠲᠡᠲᠡᠡ ᠤ ᠡᠭᠦᠰᠴᠤ ᠮᠠᠠᠲᠤᠠᠠᠰᠡᠡ ᠦᠯᠤᠭᠡᠢ ᠨᠤᠲᠤᠭ ᠤᠨ ᠭᠢᠨᠢ ᠬᠠᠲᠠ ᠴᠢᠯᠠᠭᠤᠡ | ᠲᠡᠭᠡᠷᠠᠭᠢ ᠦᠪ ᠰᠤᠶᠤᠯ — ᠬᠠᠲᠠᠠ ᠵᠢᠷᠤᠭ ᠪᠤᠯᠤᠠ ᠪᠠᠭᠤᠷᠢ ᠪᠤᠯᠬᠠᠲᠠᠴᠡ ᠲᠡᠭᠡᠷᠡᠭᠢ ᠭᠡ ᠲᠦᠷᠰᠤ ᠠᠴᠠ | ᠪᠤᠲᠠᠲᠠᠢ ᠤᠶᠢᠯᠠᠭᠠᠵᠦ ᠴᠢᠲᠠᠨ᠎ᠠ᠃ ᠤᠷᠴᠢᠮ ᠤᠨ ᠵᠢᠯ ᠤᠳ ᠲᠤ ᠦᠪᠤᠷ ᠮᠤᠩᠭᠤᠯ ᠤᠨ ᠰᠢᠯᠢ ᠶᠢᠨ ᠭᠤᠤᠯ | ᠠᠶᠢᠠᠮᠭ ᠤᠨ ᠰᠦᠨᠢᠦᠡ ᠬᠠᠲᠠᠠ ᠵᠢᠷᠤᠭ ᠮᠤᠨᠢ ᠶᠢᠨ ᠠᠭᠤᠯᠡ ᠶᠢᠨ ᠬᠠᠲᠠᠠ ᠵᠢᠷᠤᠭ᠂ ᠪᠠᠲᠠᠢ ᠶᠢᠨ ᠵᠢᠷᠡᠡ ᠤ ᠬᠠᠲᠠᠠ | ᠵᠢᠷᠤᠭ᠂ ᠬᠤᠶᠠᠷ ᠪᠤᠠᠠᠲᠠ ᠠᠭᠤᠯᠡ ᠶᠢᠨ ᠬᠠᠲᠠᠠ ᠵᠢᠷᠤᠭ᠂ ᠲᠠᠷᠬᠠᠠ ᠮᠤᠤᠮᠢᠩᠭᠠᠠ ᠤ ᠬᠠᠲᠠᠠ ᠵᠢᠷᠤᠭ ᠵᠢᠴᠢ | ᠰᠢᠠᠵᠢᠶᠡᠩ ᠤᠨ ᠡᠯ᠎ᠠ ᠭᠠᠵᠠᠷ ᠤᠨ ᠬᠠᠲᠠᠠ ᠵᠢᠷᠤᠭ ᠪᠤᠯᠤᠠ ᠮᠤᠩᠭᠤᠯ ᠤᠨ ᠡᠯ᠎ᠠ ᠭᠠᠵᠠᠷ ᠤᠨ ᠬᠠᠲᠠᠠ ᠵᠢᠷᠤᠭ ᠲᠤ | ᠢᠯᠡᠷᠡᠭᠰᠡᠡ ᠡᠷᠲᠡᠡ ᠤ ᠤᠯᠠᠠ ᠲᠠᠮᠠᠭ᠎ᠠ ᠲᠠᠮᠲᠡᠭ ᠤᠨ ᠲᠦᠷᠰᠤ ︵ᠵᠠᠷᠢᠮ ᠰᠤᠲᠤᠯᠤᠠᠠᠴᠢ᠂ ᠳ᠋ᠤᠭᠠᠷ ᠲᠡᠮᠲᠡᠭ ᠭᠡᠵᠦ | ᠭᠡᠯᠡᠲᠡᠭ︶ ᠭᠡᠷᠡᠴᠢᠯᠡᠵᠦ ᠪᠠᠶᠢᠲᠠᠭ᠃ ᠡᠨᠡ ᠨᠢ ᠭᠦᠮᠤᠠ ᠲᠦᠷᠤᠯᠭᠢᠲᠡᠡ ᠤ ᠨᠢᠯᠬ᠎ᠠ ᠪᠠᠯᠴᠢᠷ ᠤᠨ ᠦᠶ᠎ᠠ ᠳᠤ | ᠰᠤᠶᠤᠭᠠᠯᠠᠠ ᠡᠭᠦᠰᠦᠭᠰᠡᠡ ᠤᠶᠤᠡ ᠤ ᠰᠤᠶᠤᠯ ᠪᠤᠯᠬᠤ ᠶᠤᠮ᠃ ᠡᠷᠲᠡᠡ ᠤ ᠭᠦᠮᠤᠠ ᠤ ᠬᠠᠲᠡᠡ ᠲᠡᠭᠡᠷ᠎ᠠ ᠵᠢᠷᠤᠠᠠᠰᠡᠡ | ᠰᠡᠶᠢᠯᠦᠭᠰᠡᠡ ᠶᠡᠩᠵᠤ ᠪᠦᠷᠢ ᠶᠢᠨ ᠲᠡᠮᠠᠭ᠎ᠠ ᠲᠡᠮᠲᠡᠭ ᠨᠢ ︵ᠡᠷᠲᠡᠡ ᠤ ᠸᠠᠭᠠᠷ ᠰᠠᠪᠠ ᠡᠳ᠋ᠯᠠᠯ ᠭᠡᠷᠡᠭᠰᠡᠯ ᠲᠡᠭᠡᠷ᠎ᠠ | ᠰᠡᠶᠢᠯᠦᠭᠰᠡᠡ᠂ ᠵᠢᠷᠤᠠᠠᠰᠡᠡ ᠶᠡᠩᠵᠤ ᠪᠦᠷᠢ ᠶᠢᠨ ᠭᠡ ᠭᠸᠤᠮᠧᠳ᠋ᠷᠢ ᠶᠢᠨ ᠲᠦᠷᠰᠤ︶ ᠶᠠᠮᠠᠷ ᠨᠢᠭᠡᠡ ᠵᠦᠢᠯ ᠢ | ᠤᠷᠤᠭᠤᠯᠬᠤ᠂ ᠰᠢᠲᠤᠯᠭᠡ ᠪᠢᠰᠢᠷᠠᠯ ᠢᠶᠠᠨ ᠢᠯᠡᠦᠡᠭᠡᠭᠦ ᠶᠢ ᠲᠦᠯᠦᠭᠡᠯᠡᠭᠦᠯᠦᠭᠰᠡᠡ ᠲᠡᠮᠲᠡᠭ ᠤᠳ ᠪᠤᠯᠤᠨ᠎ᠠ᠃ ᠪᠢᠲᠡ | ᠬᠠᠲᠠᠠ ᠵᠢᠷᠤᠭ ᠲᠤ ᠠᠯᠢ ᠡᠷᠲᠡ ᠢᠯᠡᠷᠡᠭᠰᠡᠡ ᠲᠠᠮᠠᠭ᠎ᠠ ᠲᠡᠮᠲᠡᠭ ᠠᠴᠠ ᠦᠵᠡᠭᠦ ᠳᠤ ᠨᠠᠷ᠎ᠡ᠂ ᠰᠡᠷ᠎ᠠ᠂ ᠬᠠᠰ᠂ | ᠠᠯᠤᠬ᠎ᠠ᠂ ᠲᠤᠭᠤᠷ᠂ ᠠᠴᠡ ᠪᠤᠶᠤ ᠦᠠᠴᠦᠭ᠂ ᠰᠡᠷᠡᠭᠡ᠂ ᠲᠦᠷᠪᠡᠯᠵᠢ᠂ ᠴᠢᠠᠠᠲᠡ᠂ ᠠᠭᠤᠯᠡ᠂ ᠭᠠᠯ᠂ ᠴᠦᠢᠡᠵᠢᠡ | ︵ᠲᠤᠷᠤᠮ︶ ᠬᠠᠭᠠᠷᠢᠭᠤᠯ᠂ ᠭᠠᠨᠵᠤᠭ᠎ᠠ᠂ ᠰᠤᠮᠤᠠ᠂ ᠨᠤᠮᠤ ᠰᠤᠮᠤ᠂ ᠵᠤᠤᠵᠠᠢ᠂ ᠴᠢᠠᠲᠠᠮᠤᠨᠢ᠂ ᠭᠦᠷᠢᠶ᠎ᠠ ᠲᠠᠢ | ᠴᠢᠠᠠᠲᠡ᠂ ᠲᠡᠭᠡᠭᠡ᠂ ᠡᠪᠠᠷ ᠁ ᠵᠠᠷᠭᠡ ᠲᠤᠭᠠᠯᠠᠰᠢ ᠦᠭᠡᠢ ᠤᠯᠠᠠ ᠲᠠᠮᠠᠭᠠᠠ ᠤ ᠲᠡᠮᠲᠡᠭ ᠲᠦᠷᠰᠤ ᠵᠬᠠᠪᠤᠷ ᠤᠳ | ᠢ ᠬᠠᠲᠠᠠ ᠠᠭᠤᠢ ᠳᠤ ᠵᠤᠰᠤᠡ ᠪᠤᠲᠤᠭ ᠢᠶᠠᠷ ᠵᠢᠷᠤᠠᠠᠰᠡᠡ᠂ ᠬᠠᠲᠡ ᠴᠢᠯᠠᠭᠤᠡ ᠲᠡᠭᠡᠭᠦᠷ ᠵᠢᠷᠤᠵᠦ ᠰᠡᠶᠢᠯᠦᠭᠰᠡᠡ ᠢ | ᠡᠷᠲᠡᠮᠲᠡᠦᠡ ᠠᠩᠬᠠᠷᠤᠯ ᠳᠠᠭᠠᠨ ᠠᠪᠴᠤ ᠲᠠᠯ᠎ᠠ ᠪᠦᠷᠢ ᠠᠴᠠ ᠰᠠᠲᠤᠪ ᠠᠪᠴᠤ ᠰᠤᠲᠤᠯᠤᠠᠠᠰᠠᠭᠠᠷ ᠢᠷᠠᠵᠠᠢ᠃ ᠲᠠᠭᠡᠷ᠎ᠠ | ᠲᠤᠷᠠᠲᠤᠠᠠᠰᠡᠡ ᠡᠷᠲᠡᠡ ᠤ ᠲᠠᠮᠠᠭ᠎ᠠ ᠲᠡᠮᠲᠡᠭ ᠨᠢ ᠬᠠᠲᠠᠠ ᠵᠢᠷᠤᠭ ᠲᠤ ᠢᠯᠡᠷᠡᠭᠦ ᠳᠡᠭᠡᠨ ᠠᠮᠢᠲᠡᠡ ᠠᠷᠢᠶᠠᠲᠡᠡ᠂ | ᠠᠲᠤᠭᠤᠰᠤ ᠮᠠᠯ᠂ ᠠᠪᠠ ᠠᠩᠨᠠᠯ᠂ ᠮᠠᠯ ᠮᠠᠯᠵᠢᠯ ᠤᠨ ᠵᠢᠷᠤᠭ ᠲᠠᠢ ᠬᠠᠮᠲᠤ ᠵᠢᠷᠤᠠᠠᠳ᠋ᠬᠠᠰᠡᠡ ᠪᠠᠶᠢᠨ᠎ᠠ᠃ ᠬᠠᠲᠠᠠ | ᠠᠭᠤᠢ ᠳᠤ ᠭᠡᠲᠦᠡ ᠦᠡᠭᠭᠡ ᠶᠢᠨ ᠵᠤᠰᠤ ᠪᠤᠲᠤᠭ ᠢᠶᠠᠷ ᠵᠢᠷᠤᠠᠠᠲᠠᠵᠦ᠂ ᠵᠠᠷᠢᠮ ᠭᠠᠵᠠᠷ ᠲᠤ ᠦᠭᠡᠷ ᠤᠨ ᠴᠢᠨᠡᠭᠡ ᠪᠤᠯᠤ | ᠴᠢᠯᠠᠭᠤᠡ ᠲᠡᠭᠡᠷ᠎ᠠ ᠶᠬᠠᠭ᠍ᠵᠤ ᠪᠦᠷᠢ ᠶᠢᠨ ᠲᠠᠮᠠᠭ᠎ᠠ ᠲᠦᠷᠰᠤ ᠮᠠᠯ ᠤᠨ ᠲᠤᠭᠤᠷᠠᠢ ᠶᠢᠨ ᠮᠦᠷ ᠰᠠᠶᠢᠯᠵᠦ ᠭᠠᠵᠠᠷ | ᠪᠤᠯᠠᠵᠦ ᠲᠠᠯᠪᠢᠠᠠᠰᠡᠡ᠂ ᠪᠠᠶᠢᠭᠠᠯᠢ ᠶᠢᠨ ᠬᠠᠲᠠ ᠴᠢᠯᠠᠭᠤᠡ ᠳᠤ ᠤᠯᠠᠭᠠᠠ ᠵᠤᠰᠤᠡ ᠪᠤᠲᠤᠭ ᠢᠶᠠᠷ ᠵᠢᠷᠤᠠᠠᠰᠡᠡ ᠬᠤᠷᠴᠡ | ᠮᠠᠰᠡ ᠪᠠᠷ ᠰᠠᠶᠢᠯᠦᠭᠰᠡᠡ ᠲᠦᠷᠰᠤ ᠲᠡᠮᠲᠡᠭ ᠪᠤᠶᠤ ᠬᠤᠨᠭ᠍ᠬᠤᠶᠢᠯᠡᠡ ᠦᠷᠡᠭᠦ ᠠᠷᠭ᠎ᠠ ᠪᠠᠷ ᠤᠶᠢᠯᠡᠲᠦᠭᠰᠡᠡ ᠲᠠᠮᠠᠭ᠎ᠠ | ᠲᠦᠷᠰᠤ ᠨᠦᠭᠦᠳ ᠤᠲᠠᠭ᠎ᠠ ᠲᠠᠷᠠᠭ᠎ᠠ ᠪᠠᠷ ᠢᠯᠡᠷᠡᠭᠰᠡᠡ ᠨᠢ ᠠᠭᠤᠯᠭ᠎ᠠ ᠰᠠᠲᠤᠪ ᠤᠨ ᠬᠤᠪᠢ ᠳᠤ ᠲᠤᠬᠠᠢ ᠶᠢᠨ ᠦᠶ᠎ᠠ | ᠭᠦᠮᠤᠰ ᠤᠨ ᠠᠮᠢᠲᠤᠷᠠᠯ ᠠᠬᠤᠢ ᠶᠢ ᠲᠤᠰᠬᠠᠬᠤ ᠳᠤ ᠤᠭ ᠰᠠᠨᠠᠭ᠎ᠠ ᠲᠠᠯᠪᠢᠠᠠᠲᠠᠵᠦ ᠪᠠᠶᠢᠠᠠᠰᠡᠡ ᠨᠢ ᠲᠤᠲᠤᠷᠬᠠᠢ᠃ | ᠬᠠᠲᠠᠠ ᠵᠢᠷᠤᠭ ᠲᠠᠬᠢ ᠲᠠᠮᠠᠭ᠎ᠠ ᠲᠡᠮᠲᠡᠭ ᠮᠠᠯ ᠠᠮᠢᠲᠡᠡ ᠤ ᠲᠤᠭᠤᠷᠠᠢ ᠶᠢᠨ ᠮᠦᠷ ᠤᠨ ᠲᠦᠷᠰᠤ ᠡᠷᠲᠡᠡ ᠤ ᠤᠪᠤᠭ | ᠤᠨ ᠲᠠᠮᠠᠭ᠎ᠠ ᠲᠠᠮᠲᠡᠭ ᠠᠴᠠ ᠮᠠᠯ ᠤᠨ ᠲᠠᠮᠠᠭ᠎ᠠ ᠳᠤ ᠤᠯᠠᠮᠵᠢᠯᠬᠠᠲᠠᠬᠤ ᠭᠦᠷᠲᠠᠯᠠ ᠤᠷᠲᠤ ᠤᠲᠠᠭᠠᠠ ᠨᠠᠶᠢᠭᠡᠮ ᠤᠨ | ᠭᠦᠭᠵᠢᠯ ᠤᠨ ᠶᠠᠪᠤᠴᠡ ᠶᠢ ᠲᠤᠭᠤᠯᠵᠦ ᠢᠷᠡᠭᠰᠡᠡ ᠶᠤᠮ᠃ ᠬᠠᠲᠠᠠ ᠵᠢᠷᠤᠭ ᠲᠠᠬᠢ ᠲᠡᠮᠲᠡᠭ ᠲᠠᠮᠠᠭ᠎ᠠ ᠶᠢ ᠠᠵᠢᠠᠠᠯᠠᠬᠤ | ᠳᠤ ᠡᠷᠲᠡᠡ ᠤ ᠰᠠᠪᠠ ᠡᠳ᠋ᠯᠠᠯ᠂ ᠭᠦᠰᠢᠶ᠎ᠠ ᠲᠤᠷᠠᠰᠬᠠᠯ ᠪᠤᠶᠤ ᠭᠦᠰᠢᠶ᠎ᠠ ᠲᠤᠷᠠᠰᠬᠠᠯ ᠪᠤᠶᠤ ᠭᠦᠰᠢᠶ᠎ᠠ ᠴᠢᠯᠠᠭᠤ᠂ | ᠪᠤᠭᠤᠡ ᠴᠢᠯᠠᠭᠤ᠂ ᠭᠦᠮᠤᠠ ᠴᠢᠯᠠᠭᠤ ᠵᠠᠷᠭᠡ ᠨᠠᠯᠢᠶᠡᠦᠡ ᠬᠤᠵᠢᠭᠤ ᠦᠶ᠎ᠠ ᠶᠢᠨ ᠲᠤᠷᠰᠬᠠᠯ ᠤᠳ ᠲᠤ ᠢᠵᠢᠯ ᠲᠠᠮᠠᠭ᠎ᠠ | ᠲᠦᠷᠰᠤ ᠢᠯᠡᠷᠡᠭᠰᠡᠡ ᠨᠢ ᠴᠦᠭᠡᠡ ᠦᠭᠡᠢ ᠪᠠᠶᠢᠲᠠᠭ᠃ ᠬᠠᠲᠡᠡ ᠵᠢᠷᠤᠭ ᠲᠤ ᠢᠯᠡᠷᠡᠭᠰᠡᠡ ︵ᠡᠷᠲᠡᠡ ᠤ ᠸᠠᠭᠠᠷ ᠰᠠᠪᠠ | ᠡᠳ᠋ᠯᠠᠯ︶ ᠲᠠᠮᠠᠭ᠎ᠠ ᠲᠡᠮᠲᠡᠭ ᠤᠨ ᠶᠡᠩᠵᠤ ᠪᠦᠷᠢ ᠶᠢᠨ ᠲᠦᠷᠰᠤ ᠨᠢ ᠬᠠᠭᠤᠴᠢᠡ ᠴᠢᠯᠠᠭᠤᠡ ᠵᠡᠪᠰᠡᠭ ᠤᠨ ᠦᠶ᠎ᠠ ᠳᠤ | ᠠᠩᠬ᠎ᠠ ᠡᠭᠦᠰᠴᠤ᠂ ᠤᠯᠠᠮ ᠢᠶᠠᠷ ᠲᠠᠰᠤᠷᠠᠯᠲᠡ ᠦᠭᠡᠢ ᠲᠡᠮᠲᠡᠭᠯᠡᠭᠲᠡᠭᠰᠡᠭᠡᠷ ᠦᠰᠦᠭ ᠪᠢᠴᠢᠭ ᠡᠭᠦᠰᠭᠦ ᠶᠢᠨ ᠡᠭᠢ | ᠰᠤᠷᠪᠤᠯᠵᠢ ᠪᠤᠯᠵᠦ ᠭᠦᠭᠵᠢᠭᠰᠡᠡ ᠰᠤᠶᠤᠯ ᠤᠨ ᠦᠪ ᠮᠦᠡ᠃ | ᠤᠲᠤᠬᠠᠠ ᠳᠤ ᠢᠯᠡᠷᠡᠭᠦᠯᠦᠭᠰᠡᠡ ᠡᠯ᠎ᠠ ᠭᠠᠵᠠᠷ ᠤᠨ ᠡᠷᠲᠡᠡ ᠤ ᠬᠠᠲᠡᠡ ᠵᠢᠷᠤᠭ ᠤᠨ ᠲᠤᠲᠤᠷ᠎ᠠ ︽ᠬᠠᠲᠡᠡ | ᠵᠢᠷᠤᠭ ᠤᠳ ᠤᠨ ᠲᠤᠮᠲᠡ ᠡᠷᠲᠡᠡ ᠤ ᠲᠦᠷᠦᠭ ᠦᠰᠦᠭ ᠯᠦᠭᠡ ᠲᠦᠰᠦᠭᠡᠲᠡᠢ ᠲᠦᠷᠰᠤ ᠲᠡᠮᠲᠡᠭ ᠤᠳ ᠬᠤᠯᠢᠯᠲᠤᠵᠦ | ᠪᠠᠶᠢᠪᠠᠴᠤ ᠵᠢᠩᠭᠢᠨᠢ ᠲᠦᠷᠦᠭ ᠦᠰᠦᠭ ᠬᠠᠷᠢᠡ ᠶᠠᠷᠤ ᠠᠴᠠ ᠬᠤᠯᠢᠯᠲᠤᠵᠦ ᠪᠢᠴᠢᠭᠲᠡᠭᠰᠡᠡ ᠵᠢᠱᠢᠶ᠎ᠠ ᠦᠭᠡᠢ ᠲᠤᠯᠡ | ᠵᠢᠷᠤᠭ ᠲᠤᠲᠤᠷᠠᠭᠢ ᠲᠦᠷᠰᠤ ᠲᠡᠮᠲᠡᠭ ᠤᠳ ᠲᠦᠷᠦᠭ ᠦᠰᠦᠭ ᠠᠴᠠ ᠡᠮᠤᠨ᠎ᠠ ᠭᠠᠷᠤᠠᠠᠰᠡᠡ ᠪᠠᠶᠢᠨ᠎ᠠ᠃ ᠡᠶᠢᠮᠤ | ᠠᠵᠢᠠᠠᠯᠠᠯᠲᠡ ᠶᠢᠨ ᠳ᠋ᠦᠡᠭ ᠳᠤ ᠡᠷᠲᠡᠡ ᠤ ᠲᠦᠷᠦᠭ ᠦᠰᠦᠭ ᠤᠨ ᠴᠠᠭᠠᠠ ᠲᠤᠯᠤᠭᠠᠢ ᠶᠢᠨ ᠶᠡᠭᠡᠨᠭᠭᠢ ᠨᠢ ᠲᠤᠰ | ᠤᠷᠤᠡ ᠤ ᠬᠠᠲᠡᠡ ᠵᠢᠷᠤᠭ ᠠᠴᠠ ᠤᠯᠠᠷᠢᠵᠤ ᠢᠷᠡᠭᠰᠡᠡ ᠪᠠᠶᠢᠨ᠎ᠠ ᠭᠡᠭᠦ ᠰᠤᠨᠢᠷᠬᠠᠯᠲᠠᠢ ᠰᠠᠨᠠᠯ ᠲᠡᠪᠰᠢᠭᠦᠯᠦᠭᠰᠡᠡ ᠪᠠᠶᠢᠨ᠎ᠠ | ᠃︾ ᠡᠨᠡ ᠨᠢ ︽ᠡᠲᠡᠭᠡᠷ ᠡᠷᠲᠡᠡ ᠤ ᠦᠰᠦᠭ ᠪᠢᠴᠢᠭ ᠤᠨ ᠲᠡᠮᠲᠡᠭ ᠭᠡᠮᠡᠭᠲᠡᠭᠰᠡᠡ ᠵᠢᠷᠤᠭ ᠲᠦᠷᠰᠤ ᠨᠢ ᠪᠦᠷᠢᠡ | ᠲᠦᠭᠦᠷ ᠬᠠᠲᠠᠠ ᠵᠢᠷᠤᠭ ᠤᠨ ᠲᠤᠲᠤᠷᠠᠭᠢ ᠪᠦᠷᠢᠯᠲᠦᠭᠦᠡ ᠭᠡᠰᠡᠭ ᠢᠶᠠᠷ ᠤᠷᠤᠯᠴᠬᠠᠰᠡᠡ ᠨᠢ ᠡᠲᠡᠭᠡᠷ ᠲᠡᠮᠲᠡᠭ ᠤᠳ | ᠡᠭᠢᠡ ᠳᠡᠭᠡᠨ ᠵᠤᠭᠢᠬᠤ ᠶᠠᠭᠤᠮ᠎ᠠ ᠦᠵᠡᠭᠲᠡᠯ ᠤᠨ ᠵᠢᠷᠤᠭ ᠲᠦᠷᠰᠤ ᠠᠴᠠ ᠤᠯᠠᠷᠢᠵᠤ ᠢᠷᠡᠭᠰᠡᠡ ᠪᠤᠯᠪᠠ ᠤᠤ ᠭᠡᠵᠦ | ᠰᠠᠨ᠋ᠬᠠᠲᠠᠭᠤᠯᠬᠤ ᠳᠤ ᠭᠦᠷᠴᠤ ᠪᠠᠶᠢᠭ᠎ᠠ ᠶᠤᠮ︾ ᠭᠡᠵᠦ ᠡᠷᠲᠡᠮᠲᠡᠡ ᠳ᠋ᠡᠡᠽᠡᠡ ᠪᠠᠭᠰᠢ ︽ᠮᠤᠩᠭᠤᠯ ᠪᠢᠴᠢᠭ ᠤᠨ | ᠰᠤᠶᠤᠯ ᠤᠨ ᠲᠡᠦᠭᠡᠡ ᠰᠤᠷᠪᠤᠯᠵᠢ︾ ᠭᠡᠭᠦ ᠨᠤᠮ ᠳᠠᠭᠠᠨ ᠤᠠᠴᠠᠯᠠᠠ ᠲᠡᠮᠲᠡᠭᠯᠡᠵᠠᠢ᠃ | ᠡᠷᠲᠡᠡ ᠤ ᠬᠠᠲᠡᠡ ᠵᠢᠷᠤᠭ ᠲᠠᠬᠢ ᠶᠡᠩᠵᠤ ᠪᠦᠷᠢ ᠶᠢᠨ ᠲᠡᠮᠲᠡᠭ ᠲᠠᠮᠠᠭ᠎ᠠ ᠨᠢ ᠬᠤᠵᠢᠭᠤ ᠦᠶ᠎ᠠ ᠶᠢᠨ ᠮᠠᠯ ᠤᠨ | ᠲᠠᠮᠠᠭᠠᠠ ᠳᠤ ᠤᠯᠠᠮᠵᠢᠯᠬᠠᠳ᠋ᠬᠠᠰᠡᠡ ᠨᠢ ᠲᠡᠲᠡᠡ ᠤ ᠤᠪᠤᠭ ᠤᠠᠠᠰᠠᠭ᠎ᠠ ᠦᠶ᠎ᠠ ᠤᠲᠤᠮ᠂ ᠰᠦᠰᠦᠭ ᠪᠢᠰᠢᠷᠠᠯ᠂ | ᠪᠠᠯᠭᠡᠲᠡᠯ ᠵᠦᠡᠭᠨᠡᠯ᠂ ᠤᠯᠠᠮᠵᠢᠯᠠᠯ ᠵᠡᠩᠰᠢᠯ ᠲᠠᠢ ᠰᠢᠭᠤᠤᠡ ᠬᠤᠯᠪᠤᠭᠠᠲᠠᠢ ᠶᠤᠮ ᠭᠡᠰᠡᠡ ᠢ ᠨᠠᠶᠢᠲᠡ ᠮᠤᠩᠭᠤᠯ ᠤᠨ | ᠡᠯ᠎ᠠ ᠭᠠᠵᠠᠷ ᠤᠨ ᠡᠷᠲᠡᠡ ᠤ ᠬᠠᠲᠠᠠ ᠵᠢᠷᠤᠭ ᠲᠤ ᠪᠠᠶᠢᠬᠤ ᠨᠢᠭᠡ ᠤᠪᠤᠭ ᠤᠨ ᠦᠠᠲᠤᠰᠤᠡ ᠲᠠᠮᠠᠭ᠎ᠠ ᠶᠢᠨ ᠲᠡᠷᠭᠡᠲᠡ | ᠮᠦᠡ ᠡᠨᠡ ᠤᠪᠤᠭ ᠠᠴᠠ ᠰᠠᠯᠪᠤᠷᠢᠯᠡᠡ ᠭᠠᠷᠤᠠᠠᠰᠡᠡ ᠵᠢᠵᠢᠭ ᠤᠪᠤᠭ ᠤᠨ ᠲᠠᠮᠠᠭ᠎ᠠ ᠶᠢ ᠤᠯᠠᠠ ᠲᠤᠭ᠎ᠠ ᠪᠠᠷ ᠵᠢᠷᠤᠵᠦ | ᠢᠯᠡᠦᠡᠭᠡᠭᠰᠡᠡ ᠠᠴᠠ ᠮᠠᠲᠠᠵᠦ ᠪᠤᠯᠤᠨ᠎ᠠ᠃ ᠡᠨᠡ ᠡᠪᠦᠭᠡ ᠲᠡᠭᠡᠲᠤᠰ ᠤᠨ ᠦᠠᠲᠤᠰᠤᠡ ᠲᠠᠮᠠᠭ᠎ᠠ ᠠᠴᠠ | ᠡᠭᠦᠰᠪᠤᠷᠢᠯᠡᠭᠰᠡᠡ ᠵᠢᠵᠢᠭ ᠤᠪᠤᠭ ᠤᠨ ᠲᠠᠮᠠᠭ᠎ᠠ ᠲᠡᠮᠲᠡᠭ ᠢ ᠲᠤᠲᠤᠷᠬᠠᠶᠢᠯᠠᠬᠤ ᠶᠢᠨ ᠲᠠᠭᠠᠤ ᠡᠪᠦᠭᠡ ᠤᠪᠤᠭ ᠲᠠᠢ | ᠴᠢᠰᠦᠡ ᠲᠦᠷᠤᠯ ᠤᠨ ᠬᠠᠷᠢᠴᠠᠭ᠎ᠠ ᠲᠠᠢ ᠭᠡᠲᠡᠭ ᠢ ᠲᠤᠲᠤᠷᠬᠠᠶᠢᠯᠠᠵᠦ ᠪᠠᠶᠢᠭ᠎ᠠ ᠤᠭ ᠰᠠᠨᠠᠭ᠎ᠠ ᠨᠢ ᠢᠯᠡᠷᠭᠡᠢ᠃ | ᠮᠤᠩᠭᠤᠯ ᠤᠨ ᠦᠡᠲᠦᠷᠯᠢᠭ ᠤᠨ ᠤᠯᠠᠠ ᠭᠠᠵᠠᠷ ᠤᠨ ᠬᠠᠲᠠᠠ ᠵᠢᠷᠤᠭ ᠲᠤ ᠶᠡᠩᠵᠤ ᠪᠦᠷᠢ ᠶᠢᠨ ᠭᠡᠯᠪᠠᠷᠢᠲᠡᠢ | ᠲᠠᠮᠠᠭ᠎ᠠ ᠲᠠᠮᠲᠡᠭ ᠢ ᠪᠤᠭᠤ᠂ ᠤᠷᠢᠶᠡᠩᠭᠤ᠂ ᠶᠡᠩᠭᠢᠷ᠂ ᠮᠠᠯ ᠤᠨ ᠡᠪᠠᠷ ᠲᠤᠯᠤᠭᠠᠢ ᠮᠦᠷ ᠪᠤᠶᠤ ᠪᠠᠶ᠎ᠠ ᠲᠡᠭᠡᠷ᠎ᠠ ᠨᠢ | ᠵᠢᠵᠢᠭ ᠲᠤᠭᠤᠢ ᠲᠤᠯᠪᠤ ᠦᠯᠡᠲᠡᠭᠡᠵᠦ ᠲᠦᠷᠰᠦᠯᠡᠭᠰᠡᠡ ᠨᠢ ᠶᠡᠭᠡᠭᠡᠡ ᠰᠤᠨᠢᠷᠬᠠᠯᠲᠠᠢ ᠬᠤᠪᠤᠷ ᠰᠤᠲᠤᠯᠭᠠᠠ ᠤ ᠰᠠᠲᠤᠪ | ᠪᠤᠯᠬᠤ ᠶᠤᠮ᠃ ᠡᠭᠦᠡ ᠳᠤ ᠪᠠᠰᠡ ᠢᠯᠡ ᠲᠤᠲᠤᠷᠬᠠᠢ ᠲᠠᠮᠠᠭ᠎ᠠ ᠲᠠᠢ ᠮᠤᠷᠢ ᠤᠨᠤᠠᠠᠰᠡᠡ ᠭᠦᠮᠤᠠ ᠤ ᠵᠢᠷᠤᠭ ᠢ ᠴᠤ | ᠰᠠᠶᠢᠯᠦᠭᠰᠡᠡ ᠪᠠᠶᠢᠨ᠎ᠠ᠃ ᠬᠠᠲᠠᠠ ᠵᠢᠷᠤᠭ ᠲᠤ ᠢᠯᠡᠷᠡᠭᠰᠡᠡ ᠮᠠᠯ ᠠᠷᠢᠶᠡᠲᠡᠡ ᠤ ᠡᠪᠠᠷ ᠪᠠᠶ᠎ᠠ ᠲᠡᠭᠡᠷ᠎ᠠ ᠪᠠᠶᠢᠭ᠎ᠠ ᠲᠠᠮᠠᠭ᠎ᠠ | ᠲᠡᠮᠲᠡᠭ ᠨᠢ ᠲᠤᠬᠠᠢ ᠶᠢᠨ ᠦᠶ᠎ᠠ ᠶᠢᠨ ᠭᠦᠮᠤᠰ ᠡᠯ᠎ᠠ ᠵᠦᠢᠯ ᠤᠨ ᠪᠤᠲᠤᠠᠠᠲᠠᠢ ᠰᠢᠷᠦᠢ᠂ ᠵᠤᠰᠤ᠂ ᠪᠤᠲᠤᠭ᠂ ᠭᠦ᠋ ᠪᠠᠷ | ᠮᠠᠯ ᠠᠮᠢᠲᠡᠡ ︵ᠭᠡᠷᠰᠢᠭᠦᠯᠦᠭᠰᠡᠡ ᠦᠶ᠎ᠠ ᠶᠢᠨ︶ ᠳᠤ ᠲᠡᠮᠲᠡᠭ ᠲᠠᠮᠠᠭ᠎ᠠ ᠲᠠᠯᠪᠢᠵᠦ ᠪᠠᠶᠢᠠᠠᠰᠡᠡ ᠪᠠᠶᠢᠵᠦ ᠪᠤᠯᠬᠤ ᠶᠢ | ᠦᠭᠡᠶᠢᠰᠭᠡᠵᠦ ᠪᠤᠯᠬᠤ ᠦᠭᠡᠢ᠃ ᠡᠶᠢᠮᠤ ᠲᠤᠭᠢᠶᠠᠯᠲᠤᠯ ᠪᠠᠶᠢᠬᠤ ᠪᠦᠷᠢᠡ ᠪᠤᠯᠤᠮᠵᠢ ᠲᠠᠢ᠃ ᠤᠴᠢᠷ ᠨᠢ ᠡᠷᠲᠡᠡ ᠤ | ᠭᠦᠮᠤᠰ ᠠᠨᠢᠷ ᠬᠤᠯᠠ ᠶᠢᠨ ᠴᠠᠭ᠂ ᠬᠠᠭᠤᠴᠢᠡ ᠴᠢᠯᠠᠭᠤᠡ ᠵᠡᠪᠰᠡᠩ ᠤᠨ ᠦᠶ᠎ᠠ ᠳᠤ ᠪᠠᠶᠢᠭᠠᠯᠢ ᠶᠢᠨ ᠣᠰᠣᠨ | ᠪᠤᠲᠤᠭ ᠢ ᠠᠰᠢᠠᠠᠯᠠᠵᠦ ᠬᠠᠲᠡ ᠴᠢᠯᠠᠭᠤᠡ ᠲᠡᠭᠡᠷ᠎ᠠ ᠵᠢᠷᠤᠭ ᠵᠢᠷᠤᠲᠠᠭ ᠪᠤᠯᠤᠠᠠᠰᠡᠡ ᠶᠤᠮ᠃ | ᠮᠤᠩᠭᠤᠯ ᠦᠠᠲᠤᠰᠤᠲᠡᠡ ᠤ ᠠᠯᠲᠠᠷᠲᠤ ᠲᠤᠤᠯᠢᠰ ︽ᠵᠢᠩᠭᠠᠷ︾ ᠲᠤ ᠵᠢᠩᠭᠠᠷ ᠤᠨ ᠪᠠᠭᠠᠲᠤᠷ ᠤᠳ ᠤᠨ | ᠤᠨᠤᠠᠠᠰᠡᠡ ᠮᠤᠷᠢ ᠨᠢ ︽ᠪᠠᠷᠠᠭᠤᠡ ᠭᠤᠶᠠᠠ ᠳᠠᠭᠠᠨ ᠪᠤᠮᠪᠠ ᠶᠢᠨ ᠠᠯᠲᠡᠡ ᠲᠠᠮᠠᠭ᠎ᠠ ᠲᠠᠢ︾ ᠪᠠᠶᠢᠵᠦ᠂ ᠵᠢᠩᠭᠠᠷ ᠤᠨ | ᠠᠯᠪᠠᠲᠤ ᠨᠢ ᠭᠦᠷᠲᠠᠯᠠ ᠬᠠᠴᠠᠷ ᠲᠠᠭᠠᠨ ︽ᠪᠤᠮᠪᠠ ᠶᠢᠨ ᠤᠯᠠᠭᠠᠠ ᠲᠠᠮᠠᠭ᠎ᠠ︾ ᠵᠢᠷᠤᠠᠠᠰᠡᠡ ᠪᠠᠶᠢᠲᠠᠭ᠂ ᠡᠭᠦᠡ ᠠᠴᠠ | ᠦᠵᠠᠭᠦ ᠳᠤ ᠵᠢᠩᠭᠠᠷ ᠤᠨ ᠠᠶᠢᠮᠠᠭ ᠲᠦᠷᠤᠯ ᠤᠨ ᠬᠢᠨ ᠤ ᠦᠭᠡᠷ᠎ᠠ ᠪᠤᠰᠤᠤᠡ ᠠᠴᠠ ᠢᠯᠠᠭᠠᠲᠠᠬᠤ ᠰᠢᠠᠵᠢ ᠲᠡᠮᠲᠡᠭ ᠨᠢ | ᠲᠠᠮᠠᠭ᠎ᠠ ᠲᠡᠭᠡᠷ᠎ᠠ ᠢᠯᠠᠷᠠᠵᠦ ᠪᠠᠶᠢᠨ᠎ᠠ᠃ ︽ᠵᠢᠩᠭᠠᠷ︾ ᠲᠤᠤᠯᠢ ᠳᠤ ᠵᠦᠪᠭᠡᠡ ᠮᠤᠷᠢᠡ ᠤ ᠭᠤᠶᠡᠡ ᠳᠤ ᠲᠠᠮᠠᠭ᠎ᠠ | ᠲᠠᠷᠤᠯᠠ᠂ ᠠᠯᠪᠠᠲᠤ ᠶᠢᠨ ᠬᠠᠴᠠᠷ ᠲᠤ ᠲᠠᠮᠠᠭ᠎ᠠ ᠲᠠᠷᠤᠯᠠ ᠭᠡᠵᠦ ᠲᠤᠷᠠᠲᠤᠠᠠᠰᠡᠡ ᠠᠴᠠ ᠪᠢᠰᠢ ᠶᠠᠮᠠᠷ ᠰᠢᠭ᠋ ᠲᠠᠮᠠᠭ᠎ᠠ | ᠪᠠᠷ ᠶᠠᠭᠠᠭᠢᠵᠦ ᠲᠠᠷᠤᠠᠠᠰᠡᠡ ᠲᠤᠬᠠᠢ ᠲᠤᠲᠤᠷᠬᠠᠢ ᠶᠠᠷᠢᠠᠠᠰᠡᠡ ᠵᠦᠢᠯ ᠦᠭᠡᠢ᠃ | ᠬᠠᠲᠠᠠ ᠵᠢᠷᠤᠭ ᠲᠤ ᠢᠯᠡᠷᠡᠭᠰᠡᠡ ᠡᠷᠲᠡᠡ ᠤ ᠲᠠᠮᠲᠡᠭ ᠲᠠᠮᠠᠭ᠎ᠠ ᠨᠢ ᠭᠡᠯᠡᠯᠭᠡᠡ ᠦᠭᠡᠢ ᠬᠠᠲᠠᠠ ᠵᠢᠷᠤᠭ ᠤᠨ ᠴᠠᠭ | ᠦᠶ᠎ᠠ ᠲᠠᠢ ᠬᠤᠯᠪᠤᠠᠠᠲᠠᠨᠠ᠃ ᠭᠦᠷᠠᠯ ᠲᠠᠮᠤᠷ ᠤᠨ ᠦᠶ᠎ᠠ ᠠᠴᠠ ᠡᠮᠤᠨᠠᠭᠢ ᠬᠤᠶᠢᠰᠢᠭᠢ ᠶᠢᠨ ᠬᠠᠲᠠᠠ ᠵᠢᠷᠤᠭ ᠲᠤ ᠪᠤᠯ | ᠨᠠᠶᠢᠭᠡᠮ ᠤᠨ ᠭᠦᠭᠵᠢᠯ ᠤᠨ ᠬᠤᠪᠢ ᠳᠤ ᠪᠦᠷ ᠢᠯᠡᠷᠭᠡᠢ ᠢᠯᠭᠠᠭ᠎ᠠ ᠲᠠᠢ ᠪᠠᠶᠢᠲᠠᠭ᠃ ᠭᠡᠪᠠᠴᠤ ᠡᠷᠲᠡᠡ ᠤ ᠤᠯᠠᠮᠵᠢᠯᠠᠯ | ᠲᠠᠤᠠᠬᠠᠯ ᠤᠨ ᠬᠤᠪᠢ ᠳᠤ ᠶᠡᠭᠡᠭᠡᠡ ᠢᠵᠢᠯ ᠲᠡᠯ᠎ᠠ ᠲᠠᠢ ᠪᠠᠶᠢᠵᠠᠢ᠃ |