ᠮᠤᠩᠭᠤᠯ ᠬᠦᠮᠦᠨ ᠤ ᠲᠡᠭᠡᠰᠦᠨ ᠡᠳ᠋ᠯᠡᠯ ᠤᠨ ᠲᠤᠬᠠᠢ ᠠᠵᠢᠭᠯᠠᠯᠳᠠ ᠮᠠᠨ ᠤ ᠮᠤᠩᠭᠤᠯᠴᠤᠳ ᠬᠦᠮᠦᠨ | ᠲᠦᠷᠦᠯᠬᠢᠳᠡᠨ ᠤ ᠪᠤᠯᠪᠠᠰᠤᠨ ᠰᠤᠶᠤᠯ ᠤᠨ ᠠᠯᠳᠠᠨ ᠪᠤᠰᠤᠭ᠎ᠠ ᠶᠢ ᠠᠯᠬᠤᠭᠰᠠᠨ ᠠᠴᠠ ᠨᠠᠰᠢ᠂ ᠦᠨᠳᠦᠰᠦᠳᠡᠨ ᠤ | ᠢᠯᠡ ᠲᠤᠳᠤ ᠦᠪᠡᠷᠮᠢᠴᠡ ᠤᠨᠴᠠᠯᠢᠭ ᠲᠠᠢ᠂ ᠰᠤᠳᠤᠨ ᠭᠠᠶᠢᠬᠠᠮᠰᠢᠭᠳᠤ ᠮᠠᠰᠢ ᠤᠯᠠᠨ ᠰᠤᠶᠤᠯ ᠢ ᠡᠭᠦᠳᠦᠨ | ᠪᠦᠳᠦᠬᠡᠵᠡᠢ᠃ ᠡᠬᠦᠨ ᠤ ᠨᠢᠬᠡ ᠨᠢ ᠪᠤᠯ ᠮᠤᠩᠭᠤᠯ ᠬᠦᠮᠦᠨ ᠤ ᠤᠯᠠᠮᠵᠢᠯᠠᠯᠳᠤ ᠰᠤᠶᠤᠯ — ᠲᠡᠭᠡᠰᠦ ᠲᠠᠮᠤᠬᠤ | ᠰᠤᠶᠤᠯ ᠪᠤᠯᠤᠨ᠎ᠠ᠃ | ᠪᠢᠳᠡ ᠪᠦᠬᠦᠨ ᠤ ᠮᠡᠳᠡᠬᠡᠵᠢ ᠪᠠᠷ ᠡᠷᠳᠡᠨ ᠤ ᠴᠢᠯᠠᠭᠤᠨ ᠵᠡᠪᠰᠡᠭ ᠤᠨ ᠦᠶ᠎ᠡ ᠳᠤ᠂ ᠬᠦᠮᠦᠰ ᠡᠪᠡᠰᠦ | ᠤᠷᠭᠤᠮᠠᠯ᠂ ᠮᠤᠳᠤᠨ ᠤ ᠰᠠᠯᠠᠭ᠎ᠠ ᠨᠠᠮᠠᠭ᠎ᠠ᠂ ᠠᠪᠠᠯᠠᠵᠦ ᠤᠯᠤᠭᠰᠠᠨ ᠠᠮᠢᠳᠠᠨ ᠠᠷᠢᠶᠠᠳᠠᠨ ᠤ ᠠᠷᠠᠰᠤ ᠰᠢᠷᠢ᠂ | ᠰᠢᠷᠪᠤᠰᠦ ᠶᠢ ᠠᠰᠢᠭᠯᠠᠵᠦ᠂ ᠲᠠᠮᠤᠬᠤ ᠰᠦᠯᠵᠢᠬᠦ᠂ ᠬᠦᠷᠦᠬᠦ ᠨᠡᠬᠡᠬᠦ ᠶᠢ ᠰᠤᠷᠴᠦ᠂ ᠠᠮᠢᠳᠤᠷᠠᠯ ᠤᠨ ᠦᠨᠳᠦᠰᠦᠨ | ᠬᠡᠷᠡᠭᠴᠡᠭᠡ ᠪᠠᠨ ᠬᠠᠨᠭ᠍ᠭᠠᠵᠦ ᠴᠢᠳᠠᠬᠤ ᠪᠤᠯᠤᠭᠰᠠᠨ ᠪᠦᠬᠡᠳ ᠲᠡᠷᠡ ᠦᠶ᠎ᠡ ᠳᠤ ᠭᠤᠤᠯᠳᠠᠭᠤ ᠡᠮᠡᠭᠳᠡᠶᠢᠴᠤᠳ᠂ | ᠲᠠᠮᠤᠬᠤ ᠰᠦᠯᠵᠢᠬᠦ ᠨᠡᠬᠡᠬᠦ ᠠᠵᠢᠯ ᠢ ᠬᠢᠳᠡᠭ ᠪᠠᠶᠢᠭᠰᠠᠨ ᠬᠡᠵᠦ ᠬᠠᠭᠤᠴᠢ ᠰᠤᠳᠤᠯᠤᠭᠴᠢᠳ ᠦᠵᠡᠳᠡᠭ᠃ ᠬᠡᠯᠡᠯᠬᠡᠨ | ᠦᠬᠡᠢ ᠲᠡᠭᠡᠰᠦᠨ ᠤ ᠲᠦᠷᠦᠯ ᠵᠦᠢᠯ ᠴᠤ ᠤᠯᠠᠨ ᠪᠢᠰᠢ᠃ ᠵᠦᠪᠬᠡᠨ ᠠᠪᠠ ᠠᠩᠨᠠᠯ᠂ ᠵᠢᠭᠠᠰᠤᠴᠢᠯᠠᠬᠤ | ᠬᠡᠷᠡᠭᠴᠡᠭᠡᠨ ᠳᠤ ᠵᠤᠷᠢᠭᠤᠯᠤᠭᠳᠠᠵᠦ᠂ ᠲᠤᠤᠷ᠂ ᠪᠠᠭᠠᠵᠢ ᠵᠡᠪᠰᠡᠭ ᠤᠨ ᠡᠰᠢᠨ ᠳᠤ ᠪᠠᠬᠢᠯᠡᠵᠦ ᠤᠶᠠᠬᠤ ᠲᠡᠭᠡᠰᠦ ᠁ | ᠵᠡᠷᠭᠡ ᠦᠨᠳᠦᠰᠦᠨ ᠬᠡᠷᠡᠭᠴᠡᠭᠡᠨ ᠠᠴᠠ ᠦᠷᠬᠡᠵᠢᠵᠦ ᠲᠡᠶᠢᠯᠦᠬᠡ ᠦᠬᠡᠢ ᠪᠠᠶᠢᠵᠠᠢ᠃ ᠡᠶᠢᠮᠦ ᠠᠴᠠ ᠲᠡᠭᠡᠰᠦ ᠲᠠᠮᠤᠬᠤ | ᠰᠤᠶᠤᠯ ᠨᠢ ᠡᠷᠳᠡᠨ ᠤ ︽ᠬᠦᠮᠦᠰ ᠤᠨ ᠬᠠᠮᠳᠦ ᠠᠮᠢᠳᠤᠷᠠᠨ ᠬᠦᠳᠡᠯᠮᠦᠷᠢᠯᠡᠵᠦ ᠬᠦᠳᠡᠯᠮᠦᠷᠢ ᠶᠢᠨ ᠪᠠᠭᠠᠵᠢ | ᠵᠡᠪᠰᠡᠭ ᠢᠶᠠᠨ ᠨᠡᠶᠢᠳᠡ ᠪᠠᠷ ᠡᠵᠡᠮᠰᠢᠵᠦ ᠪᠠᠶᠢᠭᠰᠠᠨ ᠨᠢ ᠲᠡᠳᠡᠨ ᠤ ᠬᠠᠮᠳᠤᠴᠢ ᠤᠶᠤᠨ ᠪᠢᠯᠢᠭ ᠢᠶᠠᠷ ᠪᠦᠳᠦᠭᠡᠭᠳᠡᠭᠰᠡᠨ | ᠡᠳ᠋ ᠤᠨ ᠰᠤᠶᠤᠯ ᠡᠬᠦᠰᠴᠦ ᠬᠦᠭᠵᠢᠬᠡᠭᠰᠡᠨ︾ ① ᠴᠠᠭ ᠦᠶ᠎ᠡ ᠶᠢᠨ ᠪᠦᠳᠦᠬᠡᠯ ᠪᠤᠯᠬᠤ ᠨᠢ ᠲᠠᠮᠵᠢᠭ ᠦᠬᠡᠢ᠃ | ᠮᠠᠨ ᠤ ᠡᠷᠳᠡᠨ ᠤ ᠡᠮᠦᠨᠡᠬᠢ ᠲᠦᠮᠡᠨ ᠵᠢᠯ ᠤᠨ ᠲᠡᠷᠳᠡᠭᠡ᠂ ᠤᠳᠤ ᠶᠢᠨ ᠦᠷᠡᠯ ᠪᠠᠶᠢᠭᠠᠯ ᠲᠠᠯᠠᠢ ᠶᠢᠨ ᠤᠷᠴᠢᠮ ᠤᠨ | ᠨᠤᠳᠤᠭ ᠰᠢᠪᠡᠷᠢ ᠶᠢᠨ ᠡᠮᠦᠨᠡᠳᠦ ᠬᠡᠰᠡᠭ᠂ ᠲᠦᠪ ᠠᠽᠢᠶ᠎ᠠ ᠳᠤ ᠨᠤᠳᠤᠭᠯᠠᠭᠴᠢᠳ ᠤᠨ ᠤᠷᠤᠨ ᠰᠠᠭᠤᠴᠠ ᠳᠤ | ᠤᠪᠤᠬᠠᠢ ᠭᠡᠷ ᠠᠴᠠ ᠬᠠᠨᠠᠳᠤ ᠬᠡᠷ ᠤᠷᠤᠭᠤ ᠰᠢᠯᠵᠢᠬᠦ ᠰᠢᠯᠵᠢᠯᠳᠡ ᠡᠬᠢᠯᠡᠵᠦ ᠮᠠᠨ ᠤ ᠡᠷᠡᠨ ᠤ ᠡᠮᠦᠨᠡᠬᠢ ᠲᠠᠪᠤᠨ | ᠮᠢᠩᠭᠠᠨ ᠵᠢᠯ ᠪᠤᠶᠤ ᠲᠦᠷᠪᠡᠨ ᠮᠢᠩᠭᠠᠨ ᠵᠢᠯ ᠤᠨ ᠲᠡᠷᠳᠡᠭᠡ ᠬᠦᠷᠴᠦ ᠢᠷᠡᠳᠡᠯ᠎ᠡ ᠦᠷᠬᠦᠯᠵᠢᠯᠡᠭᠡᠳ ᠰᠠᠶ᠋ᠢ ᠬᠠᠨᠠᠳᠤ | ᠮᠤᠩᠭᠤᠯ ᠭᠡᠷ ᠵᠢᠩᠬᠢᠨᠢ ᠪᠡᠶᠡᠯᠡᠯ ᠢᠶᠠᠨ ᠤᠯᠵᠠᠢ ᠬᠡᠵᠦ ᠡᠷᠳᠡᠮᠳᠡᠳ ᠦᠵᠡᠳᠡᠭ᠃ ᠴᠢᠩᠭᠢᠪᠡᠯ ᠡᠨᠡ ᠦᠶ᠎ᠡ ᠳᠤ ᠪᠤᠢ | ᠪᠤᠯᠤᠭᠰᠠᠨ ᠮᠤᠩᠭᠤᠯ ᠭᠡᠷ᠂ ᠲᠡᠷᠳᠡᠭᠡ ᠲᠤᠷᠪᠢ ᠳᠤ ᠨᠢᠭᠡᠨᠳᠡ ᠲᠡᠭᠡᠰᠦ ᠦᠷᠬᠡᠨ ᠬᠡᠷᠡᠭᠯᠡᠬᠦ ᠪᠤᠯᠤᠭᠰᠠᠨ ᠬᠡᠵᠦ | ᠵᠦᠢᠴᠢᠯᠡᠨ ᠰᠡᠳᠬᠢᠵᠦ ᠪᠤᠯᠤᠨ᠎ᠠ᠃ ᠨᠡᠩ ᠴᠤ ᠬᠦᠮᠦᠨ ᠲᠦᠷᠦᠯᠬᠢᠳᠡᠨ᠂ ᠮᠠᠯ ᠠᠵᠦ ᠠᠬᠤᠢ ᠡᠷᠬᠢᠯᠡᠬᠦ ᠪᠤᠯᠤᠭᠰᠠᠨ | ᠨᠢ ᠲᠡᠭᠡᠰᠦ ᠲᠠᠮᠤᠬᠤ ᠰᠤᠶᠤᠯ ᠰᠢᠨ᠎ᠡ ᠬᠦᠭᠵᠢᠯ ᠢᠶᠠᠨ ᠤᠯᠤᠭᠰᠠᠨ ᠴᠠᠭ ᠦᠶ᠎ᠡ ᠬᠡᠵᠦ ᠦᠵᠡᠯᠳᠡᠢ᠃ | ᠮᠤᠩᠭᠤᠯᠴᠤᠳ ᠤᠨ ᠨᠡᠭᠦᠳᠡᠯ ᠤᠨ ᠠᠮᠢᠳᠤᠷᠠᠯ ᠳᠤ ᠲᠡᠭᠡᠰᠦ ᠪᠤᠯ ᠶᠡᠷᠦ ᠠᠴᠠ ᠲᠤᠳᠠᠭᠳᠠᠵᠦ ᠪᠤᠯᠤᠰᠢ ᠦᠬᠡᠢ | ᠦᠷᠬᠡᠨ ᠬᠡᠷᠡᠭᠴᠡᠭᠡ ᠲᠠᠢ ᠪᠠᠶᠢᠳᠠᠭ ᠠᠵᠠᠢ ᠡᠶᠢᠮᠦ ᠠᠴᠠ ᠡᠷᠳᠡᠨ ᠠᠴᠠ ᠤᠳᠤ ᠬᠦᠷᠳᠡᠯ᠎ᠡ ᠮᠤᠩᠭᠤᠯᠴᠤᠳ ᠡᠪᠡᠰᠦ | ᠤᠷᠭᠤᠮᠠᠯ᠂ ᠠᠷᠠᠰᠦ ᠰᠢᠷᠢ ᠰᠢᠷᠪᠤᠰᠦ ᠵᠢᠴᠢ ᠲᠠᠪᠤᠨ ᠬᠤᠰᠢᠭᠤ ᠮᠠᠯ ᠤᠨ ᠤᠡᠭᠭᠠᠰᠤ ᠨᠤᠤᠰᠦ ᠲᠡᠯ ᠬᠢᠯᠭᠠᠰᠤ ᠶᠢ | ᠬᠦᠢᠴᠡᠳ ᠴᠢᠳᠠᠮᠠᠭᠠᠢ ᠠᠰᠢᠭᠯᠠᠨ ᠠᠪᠠ ᠠᠩᠨᠠᠯ ᠮᠠᠯ ᠮᠠᠯᠵᠢᠯ ᠳᠤ ᠵᠤᠷᠢᠭᠤᠯᠤᠭᠳᠠᠭᠰᠠᠨ᠃ ᠤᠭᠤᠰᠤᠷᠯᠠᠬᠤ᠂ | ᠲᠤᠤᠷᠯᠠᠬᠤ ᠠᠴᠢᠶ᠎ᠠ ᠬᠦᠰᠬᠡ ᠪᠠᠨ ᠲᠠᠳᠠᠵᠦ ᠤᠶᠠᠬᠤ᠂ ᠬᠡᠷ ᠤᠨ ᠤᠭᠤᠰᠤᠷ ᠪᠦᠴᠡ᠂ ᠮᠠᠯ ᠤᠨ ᠤᠶᠠᠭ᠎ᠠ᠂ ᠵᠡᠯ᠎ᠡ | ᠠᠷᠭᠠᠮᠵᠢᠶ᠎ᠠ᠂ ᠨᠤᠭᠳᠤ ᠲᠤᠱᠠ ᠁ ᠦᠷᠬᠡᠨ ᠬᠡᠷᠡᠭᠴᠡᠭᠡᠨ ᠤ ᠲᠡᠭᠡᠰᠦ ᠲᠠᠮᠤᠵᠦ᠂ ᠰᠦᠯᠵᠢᠵᠦ ᠡᠳ᠋ᠯᠡᠵᠦ | ᠢᠷᠡᠭᠰᠡᠨ ᠦᠨᠢ ᠬᠤᠯᠠ ᠶᠢᠨ ᠲᠡᠤᠬᠡᠳᠡᠢ ᠬᠡᠰᠡᠨ ᠢ ᠬᠡᠨ ᠴᠤ ᠠᠨᠳᠠᠬᠤ ᠪᠠᠷ ᠦᠬᠡᠢ᠃ | ᠮᠤᠩᠭᠤᠯᠴᠤᠳ ᠡᠪᠡᠰᠦ ᠤᠷᠭᠤᠮᠠᠯ᠂ ᠠᠷᠠᠰᠦ ᠰᠢᠷᠢ᠂ ᠰᠢᠷᠪᠤᠰᠦ ᠤᠡᠭᠭᠠᠰᠤ᠂ ᠨᠤᠤᠰᠦ᠂ ᠲᠡᠯ ᠬᠢᠯᠭᠠᠰᠤ ᠪᠠᠷ | ᠮᠠᠰᠢ ᠤᠯᠠᠨ ᠲᠦᠷᠦᠯ ᠵᠦᠢᠯ ᠤᠨ ᠲᠡᠭᠡᠰᠦ ᠬᠢᠳᠡᠭ ᠪᠦᠬᠡᠳ ᠶᠡᠷᠦᠩᠬᠡᠢ ᠳᠤᠨᠢ ᠲᠡᠭᠡᠰᠦ ᠬᠡᠵᠦ ᠬᠡᠯᠡᠳᠡᠭ᠃ ᠬᠡᠪᠡᠴᠦ | ᠬᠢᠬᠦ ᠨᠡᠷ᠎ᠡ ᠲᠤᠷᠠᠳᠤᠯᠭ᠎ᠠ ᠨᠢ ᠬᠡᠪᠡᠯ ︽ᠲᠡᠭᠡᠰᠦ ᠲᠠᠮᠤᠬᠤ︾ ︽ᠲᠡᠭᠡᠰᠦ ᠨᠢᠳᠬᠡᠷᠡᠬᠦ︾ ︽ᠲᠡᠭᠡᠰᠦ ᠠᠯᠠᠭᠠᠳᠠᠬᠤ︾ | ︽ᠲᠡᠭᠡᠰᠦ ᠮᠣᠰᠬᠢᠬᠤ︾ ᠬᠡᠵᠦ ᠠᠳᠠᠯᠢ ᠪᠤᠰᠦ ᠪᠠᠷ ᠨᠡᠷᠡᠯᠡᠳᠡᠭ᠃ ᠲᠡᠭᠡᠰᠦ ᠪᠠᠨ ᠬᠡᠷᠡᠭᠴᠡᠭᠡ ᠡᠳ᠋ᠯᠡᠭᠡ ᠪᠠᠷ ᠨᠢ | ᠠᠴᠢᠶ᠎ᠠ ᠬᠦᠰᠬᠡ ᠲᠠᠳᠠᠬᠤ᠂ ᠬᠤᠮ ᠲᠡᠭᠡᠰᠦ᠂ ᠴᠠᠯᠮ᠎ᠠ ᠲᠡᠭᠡᠰᠦ᠂ ᠠᠶᠠᠭ᠎ᠠ ᠠᠷᠭᠠᠮᠵᠢᠶ᠎ᠠ ᠶᠢᠨ ᠲᠡᠭᠡᠰᠦ᠂ ᠬᠡᠷ ᠤᠨ | ᠤᠭᠤᠰᠦᠷ ᠪᠦᠰᠡ᠂ ︵ᠲᠤᠭᠤᠨᠤ ᠶᠢᠨ ᠬᠡᠯᠬᠢᠶ᠎ᠡ᠂ ᠪᠤᠭᠤᠯᠳᠠ᠂ ᠬᠠᠨ᠎ᠠ ᠶᠢᠨ ᠪᠤᠭᠤᠯᠳᠠ ᠭᠤᠰᠢᠯᠠᠩ᠂ ᠲᠠᠷᠤᠯᠭ᠎ᠠ᠂ | ᠲᠤᠭᠤᠷᠢᠭ ᠤᠨ ᠭᠤᠳᠤᠷᠤᠤᠯ᠂ ᠴᠢᠭᠳᠠᠭ᠎ᠠ ᠵᠡᠬᠡᠭ︶ ᠲᠡᠮᠡᠬᠡᠨ ᠤ ᠪᠤᠷᠠᠨᠳᠠᠭ᠂ ᠨᠤᠭᠳᠤ ᠭᠠᠨᠭ᠍ᠰᠢᠩ ᠰᠢᠵᠢᠮ | ᠲᠠᠪᠬᠤᠴᠠᠭ᠎ᠠ ᠶᠢᠨ ᠲᠡᠭᠡᠰᠦ᠂ ᠬᠤᠷᠠᠭᠠᠨ ᠤ ᠬᠦᠬᠡᠨ᠎ᠡ᠂ ᠲᠤᠭᠤᠯ ᠤᠨ ᠵᠡᠯ᠎ᠡ᠂ ᠪᠤᠳᠤᠭᠤᠨ ᠤ ᠠᠷᠭᠠᠮᠵᠢᠶ᠎ᠠ᠂ ᠤᠨᠠᠭ᠎ᠠ | ᠲᠤᠭᠤᠯ ᠤᠨ ᠨᠤᠭᠳᠤ ᠤᠭᠤᠰᠤᠷ᠂ ᠴᠢᠳᠤᠷ ᠲᠤᠱᠠ᠂ ᠨᠤᠭᠳᠤ ᠬᠠᠵᠠᠭᠠᠷ᠂ ᠤᠯᠤᠩ ᠵᠢᠷᠢᠮ ᠲᠠᠳᠠᠯᠭ᠎ᠠ᠂ ᠤᠭᠤᠰᠤᠷ | ᠬᠡᠬᠦ ᠮᠡᠳᠦ ᠪᠠᠷ ᠠᠩᠬᠢᠯᠠᠵᠦ ᠨᠡᠷᠡᠯᠡᠳᠡᠭ᠃ ᠰᠤᠩᠭᠤᠵᠦ ᠬᠢᠭᠰᠡᠨ ᠡᠬᠢ ᠮᠠᠲ᠋ᠧᠷᠢᠶᠠᠯ ᠢᠶᠠᠷ ᠨᠢ ᠬᠢᠯᠭᠠᠰᠤᠨ ᠲᠡᠬᠡᠰᠦ᠂ | ᠲᠡᠮᠡᠬᠡᠨ ᠤᠡᠭᠭᠠᠰᠤᠨ ᠤ ᠲᠡᠭᠡᠰᠦ᠂ ᠡᠪᠡᠰᠦᠨ ᠲᠡᠭᠡᠰᠦ᠂ ᠤᠯᠤᠰᠤᠨ ᠲᠡᠭᠡᠰᠦ ᠰᠤᠷ ︵ᠤᠡᠭᠭᠠᠰᠤ ᠪᠠᠷ ᠬᠢᠭᠰᠡᠨ | ᠲᠡᠭᠡᠰᠦ ᠶᠢ — ᠲᠡᠭᠡᠰᠦ ᠬᠡᠵᠦ᠂ ᠰᠤᠷ ᠡᠳ᠋ᠯᠡᠯ ᠢ ᠲᠡᠭᠡᠰᠦ ᠬᠡᠵᠦ ᠬᠡᠯᠡᠳᠡᠭ ᠦᠬᠡᠢ᠂ ᠵᠦᠪᠬᠡᠨ ᠰᠤᠷ ᠡᠳ᠋ᠯᠡᠯ ᠬᠡᠵᠦ | ᠬᠡᠯᠡᠳᠡᠭ᠃ ᠬᠡᠪᠡᠴᠦ ᠲᠠᠮᠤᠵᠦ ᠰᠦᠯᠵᠢᠵᠦ ᠬᠢᠭᠰᠡᠨ ᠪᠤᠯᠬᠤᠷ ᠰᠤᠷ ᠲᠡᠬᠡᠰᠦ ᠬᠡᠵᠦ ᠬᠡᠯᠡᠬᠦ ᠭᠠᠵᠠᠷ ᠴᠤ ᠪᠤᠢ︶ ᠬᠡᠵᠦ | ᠢᠯᠭᠠᠭ᠎ᠠ ᠲᠠᠢ ᠨᠡᠷᠡᠯᠡᠵᠦ᠂ ᠬᠢᠴᠠ ᠪᠦᠳᠦᠴᠡ ᠪᠠᠷ ᠨᠢ ᠲᠠᠮᠤᠭᠰᠠᠨ ᠲᠡᠭᠡᠰᠦ᠂ ᠤᠶᠤᠮᠠᠯ ᠲᠡᠭᠡᠰᠦ᠂ ᠪᠦᠷᠢᠮᠡᠯ ᠲᠡᠭᠡᠰᠦ | ᠂ ᠰᠦᠯᠵᠢᠮᠡᠯ ᠲᠡᠭᠡᠰᠦ᠂ ᠭᠤᠷᠮᠤᠰᠤᠨ ᠲᠡᠭᠡᠰᠦ᠂ ᠲᠠᠪᠬᠤᠷ ᠲᠡᠭᠡᠰᠦ ᠲᠠᠩ ᠲᠡᠭᠡᠰᠦ ᠬᠡᠵᠦ ᠬᠡᠯᠡᠳᠡᠭ ᠪᠠᠶᠢᠨ᠎ᠠ᠃ | ᠬᠡᠷᠡᠭᠴᠡᠭᠡᠨ ᠤ ᠦᠨᠳᠦᠰᠦᠨ ᠱᠠᠭᠠᠷᠳᠠᠯᠭ᠎ᠠ ᠠᠴᠠ ᠪᠤᠯᠵᠦ ᠨᠠᠷᠢᠨ ᠲᠡᠭᠡᠰᠦ᠂ ᠪᠦᠳᠦᠬᠦᠨ ᠲᠡᠭᠡᠰᠦ ᠬᠡᠵᠦ | ᠢᠯᠭᠠᠭ᠎ᠠ ᠲᠠᠢ ᠪᠠᠶᠢᠪᠠᠴᠤ᠂ ᠶᠡᠷᠦ ᠨᠢ ᠡᠷᠴᠢ ᠰᠠᠶᠢᠳᠠᠢ᠂ ᠪᠠᠳᠤ ᠪᠡᠬᠡᠯᠢᠭ ᠢ ᠶᠡᠭᠡᠳᠡ ᠡᠷᠬᠢᠮᠯᠡᠵᠦ᠂ ᠲᠠᠮᠤᠵᠦ | ᠰᠦᠯᠵᠢᠵᠦ ᠪᠦᠷᠢᠵᠦ ᠤᠶᠤᠬᠤ ᠤᠷ᠎ᠠ ᠮᠡᠷᠬᠡᠵᠢᠯ ᠢᠶᠠᠷ ᠴᠢᠨᠠᠷ ᠴᠢᠨᠰᠠᠭ᠎ᠠ ᠲᠠᠢ ᠭᠤᠶᠤ ᠭᠠᠨᠭ᠍ᠭᠠᠡᠭ ᠬᠢᠵᠦ ᠠᠵᠦ | ᠠᠮᠢᠳᠤᠷᠠᠯ᠂ ᠭᠤᠶᠤᠯ ᠵᠠᠰᠠᠯ᠂ ᠰᠢᠳᠦᠯᠬᠡ ᠪᠢᠰᠢᠷᠠᠯ ᠳᠤ ᠡᠳ᠋ᠯᠡᠵᠦ ᠬᠡᠷᠡᠭᠯᠡᠵᠦ ᠢᠷᠡᠭᠰᠡᠨ ᠤᠯᠠᠮᠵᠢᠯᠠᠯ ᠲᠠᠢ ᠪᠢᠯᠡ᠃ | ᠡᠬᠦᠨ ᠳᠤ ᠲᠤᠷᠠᠳᠪᠠᠯ᠄ ᠮᠤᠩᠭᠤᠯ ᠬᠦᠮᠦᠨ ᠲᠡᠭᠡᠰᠦ ᠲᠠᠮᠤᠬᠤ ᠳᠠᠭᠠᠨ ᠰᠢᠯᠢᠵᠦ ᠰᠤᠩᠭᠤᠨ ᠠᠪᠤᠭᠰᠠᠨ ᠲᠡᠮᠡᠭᠡᠨ ᠤ | ᠤᠡᠭᠭᠠᠰᠤ ︵ᠡᠪᠦᠳᠦᠭ ᠵᠤᠭᠳᠤᠷ᠂ ᠲᠡᠮᠡᠭᠡᠨ ᠤᠡᠭᠭᠠᠰᠤ ᠭᠡᠵᠦ ᠢᠯᠭᠠᠨ᠎ᠠ︶ ᠬᠤᠨᠢᠨ ᠤ ᠤᠡᠭᠭᠠᠰᠤ᠂ ᠠᠳᠤᠭᠤᠨ ᠤ | ᠬᠢᠯᠭᠠᠰᠤ ︵ᠲᠡᠯ ᠰᠡᠬᠦᠯ︶ ᠪᠠᠨ ᠰᠠᠶᠢᠬᠠᠨ ᠴᠡᠪᠡᠷᠯᠡᠵᠦ ᠬᠤᠭ ᠨᠤᠪᠰᠢ ᠶᠢ ᠨᠢ ᠠᠷᠢᠯᠭᠠᠨ ᠰᠢᠷᠬᠡᠭ ᠰᠢᠷᠬᠡᠭ ᠢᠶᠠᠷ | ᠰᠠᠮᠨᠠᠨ ᠤᠷᠠᠵᠦ ᠶᠡᠭᠡ ᠪᠠᠭ᠎ᠠ ᠨᠢ ᠠᠳᠠᠯᠢ ᠦᠬᠡᠢ ᠤᠡᠭᠭᠠᠰᠤᠨ ᠲᠦᠬᠦᠳᠡᠭ᠂ ᠬᠢᠯᠭᠠᠰᠤᠨ ᠲᠦᠬᠦᠳᠡᠭ ᠬᠢᠵᠦ ᠲᠡᠭᠡᠰᠦ | ᠲᠠᠮᠤᠳᠠᠭ᠃ ᠶᠡᠷᠦ ᠨᠢ ︽ᠮᠤᠩᠭᠤᠯ ᠭᠡᠷ ᠤᠨ ᠡᠳ᠋ᠯᠡᠯ ᠤᠨ ᠲᠡᠭᠡᠰᠦ ᠲᠡᠭᠡᠪᠦᠷ᠂ ᠡᠬᠦᠳᠡ᠂ ᠡᠷᠦᠬᠡ ᠶᠢᠨ ᠤᠭᠤᠰᠤᠷ | ᠪᠠ ᠦᠯᠵᠡᠢ ᠤᠳᠠᠰᠤ᠂ ᠲᠦᠮᠡᠨ ᠨᠠᠰᠤᠳᠤ ᠵᠡᠷᠭᠡ ᠶᠢᠨ ᠤᠭᠠᠯᠵᠠ ᠪᠠᠷ ᠬᠤᠷᠰᠢᠶ᠎ᠡ ︵ᠬᠦᠪᠡᠭᠡ︶ ᠪᠠᠷᠢᠵᠦ ᠤᠷᠠᠯᠠᠬᠤ᠂ | ᠡᠯ᠎ᠡ ᠵᠦᠢᠯ ᠤᠨ ᠡᠳ᠋ᠯᠡᠯ ᠤᠨ ᠤᠭᠤᠳᠠ᠂ ᠰᠠᠪᠠ ᠳᠤ ᠬᠡ ᠤᠭᠠᠯᠵᠠ ᠤᠷᠤᠭᠤᠯᠤᠨ ᠬᠦᠪᠡᠭᠡ ᠬᠤᠷᠰᠢᠶ᠎ᠠ ᠪᠠᠷᠢᠵᠦ | ᠤᠶᠤᠬᠤ᠂ ᠮᠤᠩᠭᠤᠯ ᠭᠡᠷ ᠤᠨ ᠲᠤᠭᠤᠷᠭ᠎ᠠ ᠶᠢᠨ ᠦᠨᠴᠦᠭ ᠲᠤᠨᠢ ᠦᠯᠵᠡᠢ ᠤᠳᠠᠰᠤ ᠭᠠᠷᠭᠠᠵᠦ ᠤᠶᠤᠬᠤ ᠵᠡᠷᠭᠡ ᠨᠢ | ᠦᠵᠡᠬᠦ ᠳᠤ ᠭᠤᠶᠤ ᠰᠠᠶᠢᠬᠠᠨ ᠮᠦᠷᠳᠡᠬᠡᠨ ᠬᠡᠷᠡᠭᠯᠡᠬᠦ ᠳᠤ ᠪᠦᠬᠡ ᠪᠠᠶᠢᠬᠤ ᠤᠨᠴᠠᠯᠢᠭ ᠲᠠᠢ᠂ ᠢᠯᠠᠩᠭᠤᠶ᠎ᠠ ᠮᠤᠩᠭᠤᠯ | ᠭᠡᠷ ᠤᠨ ᠬᠦᠯᠳᠦᠷᠭᠡ ᠳᠤ ᠤᠯᠠᠨ ᠶᠠᠩᠵᠦ ᠶᠢᠨ ᠭᠡ ᠤᠭᠠᠯᠵᠠ ᠤᠷᠤᠭᠤᠯᠤᠨ ᠬᠢᠬᠦ ᠨᠢ ᠮᠤᠩᠭᠤᠯ ᠬᠡᠷ ᠢ ᠨᠡᠩ ᠭᠤᠶᠤ | ᠦᠵᠡᠮᠵᠢ ᠲᠠᠢ ᠪᠤᠯᠭᠠᠳᠠᠭ ᠪᠠᠶᠢᠨ᠎ᠠ᠃︾ ② | ᠲᠡᠭᠡᠰᠦ ᠪᠠᠨ ᠡᠳ᠋ᠯᠡᠯᠭᠡᠨ ᠤ ᠬᠡᠷᠡᠭᠴᠡᠭᠡ ᠱᠠᠭᠠᠷᠳᠠᠯᠭ᠎ᠠ ᠠᠴᠠ ᠡᠬᠦᠰᠴᠦ᠂ ᠲᠠᠩ᠂ ᠲᠠᠪᠬᠤᠷ ᠤᠶᠤᠮᠠᠯ᠂ | ᠰᠦᠯᠵᠢᠮᠡᠯ᠂ ᠪᠦᠷᠢᠮᠡᠯ ᠬᠢᠬᠦ ᠪᠠᠨ ᠲᠤᠭᠳᠠᠭᠠᠵᠦ᠂ ᠴᠢᠨᠠᠷ ᠴᠢᠨᠰᠠᠭ᠎ᠠ ᠶᠢ ᠡᠷᠬᠢᠮᠯᠡᠨ ᠭᠤᠶᠤ ᠭᠠᠨᠭ᠍ᠭᠠᠡᠭ ᠬᠢᠬᠦ ᠶᠢ | ᠠᠩᠬᠠᠷᠴᠤ᠂ ᠦᠵᠡᠬᠦ ᠳᠤ ᠰᠠᠶᠢᠬᠠᠨ᠂ ᠬᠡᠷᠡᠭᠯᠡᠬᠦ ᠳᠤ ᠪᠦᠬᠡ ᠪᠠᠶᠢᠬᠤ ᠦᠨᠳᠦᠰᠦᠨ ᠱᠠᠭᠠᠷᠳᠠᠯᠭ᠎ᠠ ᠳᠤ ᠵᠤᠬᠢᠴᠠᠭᠤᠯᠤᠨ | ᠵᠦᠪ ᠰᠤᠯᠤᠭᠠᠢ ᠬᠤᠶᠠᠷ ᠠᠷᠭ᠎ᠠ ᠪᠠᠷ ᠲᠠᠮᠤᠵᠦ ᠬᠢᠳᠡᠭ᠃ ᠡᠳ᠋ᠯᠡᠯᠭᠡᠨ ᠳᠤ ᠵᠤᠷᠢᠭᠤᠯᠤᠭᠰᠠᠨ ᠴᠤ ᠲᠡᠷᠡ᠂ ᠪᠦᠷ | ᠦᠵᠦᠭᠦᠷ᠂ ᠭᠤᠭᠴᠤᠭ᠎ᠠ ᠶᠢ ᠨᠢ ᠲᠠᠪᠤᠤ ᠪᠦᠰ ᠪᠤᠶᠤ ᠲᠤᠷᠭ᠎ᠠ ᠲᠤᠷᠳᠤᠩ ᠢᠶᠠᠷ ᠪᠦᠷᠢᠵᠦ ᠤᠶᠤᠭᠠᠳ ᠶᠠᠩᠵᠦ | ᠤᠷᠤᠭᠤᠯᠤᠨ ᠬᠢᠳᠡᠭ ᠨᠢ ᠪᠦᠬᠡ ᠪᠠ ᠰᠠᠶᠢᠬᠠᠨ ᠦᠵᠡᠮᠵᠢ ᠲᠠᠢ ᠪᠤᠯᠳᠠᠭ᠃ ᠡᠨᠡ ᠨᠢ ︽ᠲᠡᠭᠡᠰᠦ ᠲᠠᠮᠤᠬᠤ ᠳᠤ | ᠤᠡᠭᠭᠠᠰᠦ ᠨᠤᠤᠰᠦ ᠬᠢᠯᠭᠠᠰᠤ ᠶᠢ ᠰᠢᠯᠢᠵᠦ ᠰᠤᠩᠭᠤᠬᠤ᠂ ᠤᠷᠠᠵᠦ ᠰᠠᠮᠨᠠᠬᠤ᠂ ᠲᠦᠬᠦᠳᠡᠭ ᠬᠢᠬᠦ᠂ ᠲᠠᠮᠤᠬᠤ | ᠲᠠᠪᠬᠤᠷᠯᠠᠬᠤ᠂ ᠭᠤᠷᠮᠤᠰᠤᠯᠠᠬᠤ᠂ ᠡᠰᠡᠬᠦᠯ᠎ᠡ ᠲᠦᠷᠮᠦᠰᠦᠨ ᠡᠷᠴᠢᠳᠡᠢ ᠲᠠᠮᠤᠬᠤ ᠳᠤ ᠪᠦᠷ ᠡᠷᠴᠢ ᠨᠠᠷᠢᠨ ᠪᠦᠳᠦᠬᠦᠨ᠂ | ᠬᠡᠮᠵᠢᠶ᠎ᠡ ᠲᠤᠮᠵᠢᠶ᠎ᠠ᠂ ᠵᠦᠪ ᠰᠤᠯᠤᠭᠠᠢ ᠵᠡᠷᠭᠡ ᠤᠷ᠎ᠠ ᠮᠡᠷᠭᠡᠵᠢᠯ ᠮᠠᠰᠢ ᠦᠨᠳᠦᠷ ᠱᠠᠭᠠᠷᠳᠠᠭᠳᠠᠳᠠᠭ᠃ ᠬᠦᠷᠦᠮᠡᠯ | ᠲᠡᠭᠡᠰᠦᠨ ᠤ ᠵᠦᠢᠯ ᠳᠤ ᠰᠤᠷ ᠲᠠᠰᠢᠭᠤᠷ᠂ ᠦᠯᠦᠬᠡᠢ᠂ ᠤᠯᠤᠩ ᠵᠢᠷᠢᠮ᠂ ᠰᠠᠪᠠ ᠰᠠᠭᠤᠯᠭ᠎ᠠ᠂ ᠤᠭᠤᠳᠠᠨ ᠤ | ᠤᠭᠤᠰᠤᠷ ᠵᠡᠷᠬᠡ ᠪᠠᠶᠢᠵᠦ᠂ ᠪᠦᠷ ᠬᠢᠯᠭᠠᠰᠦ ᠨᠤᠤᠰᠦ ᠪᠠᠷ ᠬᠦᠷᠦᠵᠦ ᠬᠢᠳᠡᠭ᠃ ᠢᠡᠭᠭᠢᠵᠦ ᠬᠦᠷᠦᠵᠦ ᠬᠢᠬᠦ ᠳᠤ | ᠬᠠᠪᠳᠠᠭᠠᠢ ᠬᠦᠷᠦᠯᠭᠡ᠂ ᠲᠦᠷᠪᠡᠯᠵᠢᠨ ᠬᠦᠷᠦᠯᠬᠡ ᠬᠡᠬᠦ ᠮᠡᠳᠦ ᠶᠢᠨ ᠤᠯᠠᠨ ᠬᠡᠯᠪᠡᠷᠢ ᠲᠠᠢ ᠪᠦᠭᠡᠳ ᠭᠤᠷᠪᠠ ᠪᠠᠷ᠂ | ᠲᠦᠷᠪᠡ ᠪᠠᠷ᠂ ᠵᠢᠷᠭᠤᠭ᠎ᠠ ᠪᠠᠷ᠂ ᠨᠠᠢᠮᠠ ᠪᠠᠷ᠂ ᠠᠷᠪᠠ ᠪᠠᠷ ᠬᠦᠷᠦᠬᠦ ᠨᠢ ᠲᠦᠬᠡᠮᠡᠯ ᠪᠠᠶᠢᠵᠦ᠂ ᠬᠠᠮᠤᠭ ᠤᠨ ᠨᠠᠷᠢᠯᠢᠭ | ᠤᠷᠠᠨ ᠬᠦᠷᠦᠯᠬᠡ ᠪᠤᠯ ᠭᠤᠤᠯᠳᠠᠭᠤ ᠠᠷᠪᠠᠨ ᠵᠢᠷᠭᠤᠭ᠎ᠠ ᠪᠠᠷ ᠬᠦᠷᠦᠬᠦ ᠪᠤᠯᠤᠨ᠎ᠠ᠃ ᠶᠡᠷᠦ ᠶᠢᠨ ᠡᠳᠦᠷ ᠲᠤᠳᠤᠮ ᠤᠨ | ᠡᠳ᠋ᠯᠡᠯ ᠪᠠ ᠮᠤᠷᠢ ᠤᠨᠤᠭ᠎ᠠ ᠶᠢᠨ ᠡᠳ᠋ᠯᠡᠯ ᠢ ᠬᠠᠪᠳᠠᠭᠠᠢ ᠬᠦᠷᠦᠵᠦ᠂ ᠦᠯᠦᠬᠡᠢ᠂ ᠪᠦᠰᠡ᠂ ᠲᠤᠤᠷ ᠵᠡᠷᠬᠡ ᠶᠢ | ᠲᠤᠤᠷᠯᠠᠨ ᠬᠦᠷᠦᠬᠦ ᠨᠢ ᠤᠯᠠᠨ ᠪᠠᠶᠢᠳᠠᠭ᠃︾ ③ | ᠭᠤᠶᠤᠯᠠᠯ ᠵᠠᠰᠠᠯ ᠳᠤ ᠵᠤᠷᠢᠭᠤᠯᠵᠦ ᠬᠢᠭᠰᠡᠨ ᠲᠡᠭᠡᠰᠦ — ᠡᠬᠦᠨ ᠳᠤ ᠲᠡᠮᠡᠬᠡᠨ ᠤ ᠨᠤᠭᠳᠤ ᠵᠢᠯᠤᠭᠤ | ᠪᠤᠷᠠᠨᠳᠠᠭ᠂ ᠲᠠᠪᠬᠤᠴᠠᠭ᠎ᠠ᠂ ᠤᠯᠤᠩ ᠵᠢᠷᠢᠮ᠂ ᠴᠢᠳᠤᠷ ᠲᠤᠱᠠ᠂ ᠦᠬᠡᠭ ᠲᠤᠬᠤᠰᠢ ᠶᠢᠨ ᠵᠡᠬᠡᠭ ᠁ ᠮᠡᠳᠦ ᠶᠢᠨ | ᠬᠡᠷᠡᠭᠴᠡᠭᠡᠨ ᠤ ᠲᠡᠭᠡᠰᠦ ᠶᠢ ᠬᠠᠷ᠎ᠠ ᠴᠠᠭᠠᠨ ᠤᠡᠭᠭᠠᠰᠤ ᠪᠠᠷ ᠦᠡᠭᠭᠡ ᠢᠯᠭᠠᠷᠠᠭᠤᠯᠤᠨ ᠲᠠᠮᠤᠵᠦ ᠬᠢᠬᠦ᠂ ᠦᠡᠭᠭᠡ | ᠢᠯᠭᠠᠷᠠᠭᠤᠯᠤᠨ ᠤᠶᠤᠵᠦ ᠬᠢᠬᠦ᠂ ᠡᠰᠡᠬᠦᠯ᠎ᠡ ᠵᠠᠪᠰᠠᠷ ᠨᠢ ᠢᠰᠡᠬᠡᠢ ᠪᠠᠷᠢᠵᠦ ᠤᠶᠤᠵᠦ ᠬᠢᠬᠦ᠂ ᠦᠡᠭᠭᠡ ᠪᠦᠷᠢ ᠶᠢᠨ | ᠲᠤᠷᠳᠤᠩ᠂ ᠲᠤᠷᠭ᠎ᠠ ᠪᠠᠷ ᠪᠦᠷᠢᠵᠦ ᠬᠢᠬᠦ ᠁ ᠮᠡᠳᠦ ᠪᠠᠷ ᠤᠨᠴᠠ ᠭᠤᠶᠤᠯᠠᠯ ᠵᠠᠰᠠᠯ ᠤᠨ ᠤᠷ᠎ᠠ ᠮᠡᠷᠭᠡᠵᠢᠯ ᠢᠶᠠᠷ | ᠬᠢᠳᠡᠭ ᠪᠤᠯᠬᠤᠷ ᠭᠠᠨᠭ᠍ᠭᠠᠡᠭ ᠭᠡᠭᠡᠨᠴᠢᠷ ᠬᠠᠷᠠᠭᠳᠠᠨ᠎ᠠ᠃ ᠡᠪᠦᠯ ᠴᠠᠭ ᠪᠤᠶᠤ ᠴᠠᠭᠠᠨ ᠰᠠᠷ᠎ᠠ ᠳᠤ ᠡᠳ᠋ᠯᠡᠯ ᠵᠠᠰᠠᠯ | ᠭᠤᠶᠤᠯᠠᠯ ᠳᠤ ᠪᠤᠯ ᠨᠡᠩ ᠰᠠᠶᠢᠬᠠᠨ ᠬᠢᠳᠡᠭ ᠪᠠᠶᠢᠨ᠎ᠠ᠃ ᠶᠡᠷᠦ ᠨᠢ ᠡᠩ ᠤᠨ ᠴᠠᠭ ᠲᠤ ᠴᠤ ᠬᠡᠰᠡᠨ ᠲᠡᠭᠡᠰᠦ ᠰᠠᠶᠢᠳᠠᠢ | ᠭᠤᠶᠤ ᠰᠠᠶᠢᠬᠠᠨ ᠬᠢᠬᠦ ᠶᠢ ᠤᠨᠴᠠᠭᠠᠢ ᠠᠩᠬᠠᠷᠴᠤ᠂ ᠬᠠᠰᠢ ᠶᠠᠰᠢ᠂ ᠲᠠᠮᠤᠵᠦ ᠬᠢᠬᠦ ᠶᠢ ᠴᠡᠭᠡᠷᠯᠡᠬᠦ ᠵᠠᠩᠰᠢᠯ ᠲᠠᠢ᠃ | ᠮᠤᠩᠭᠤᠯ ᠬᠦᠮᠦᠨ ᠠᠵᠦ ᠠᠮᠢᠳᠤᠷᠠᠯ ᠤᠨ ᠬᠡᠷᠡᠭᠴᠡᠭᠡ ᠲᠠᠢ ᠲᠡᠭᠡᠰᠦᠨ ᠡᠳ᠋ᠯᠡᠯ ᠢᠶᠠᠨ ᠭᠤᠶᠤᠮᠰᠤᠭ ᠭᠠᠨᠭ᠍ᠭᠠᠡᠭ | ᠤᠷᠠᠯᠠᠵᠦ ᠬᠢᠬᠦ ᠪᠠ ᠭᠡᠷ ᠤᠨ ᠪᠦᠷᠢᠶᠡᠰᠦ᠂ ᠤᠭᠤᠳᠠ ᠰᠠᠪᠠ᠂ ᠰᠢᠷᠳᠡᠭ ᠲᠡᠪᠢᠰᠭᠡᠷ ᠢᠶᠠᠨ ᠬᠦᠷᠳᠡᠯ᠎ᠡ ᠨᠠᠷᠢᠨ | ᠲᠡᠭᠡᠰᠦᠨ ᠵᠡᠬᠡᠭ ᠪᠠᠷᠢᠵᠦ ᠤᠶᠤᠬᠤ᠂ ᠬᠡ ᠤᠭᠠᠯᠵᠠ᠂ ᠦᠯᠵᠡᠢ ᠤᠳᠠᠰᠤ ᠤᠷᠢᠶᠠᠬᠤ ᠮᠡᠳᠦ ᠪᠠᠷ ᠭᠤᠶᠤ ᠦᠵᠡᠮᠵᠢ | ᠲᠠᠢ ᠪᠤᠯᠭᠠᠳᠠᠭ ᠨᠢ ᠭᠤᠶᠤᠯᠠᠯ ᠵᠠᠰᠠᠯ᠂ ᠪᠡᠯᠭᠡᠳᠡᠯ ᠤᠨ ᠠᠭᠤᠯᠭ᠎ᠠ ᠲᠠᠢ ᠶᠤᠮ᠃ ᠮᠦᠨᠴᠦ ᠡᠷᠳᠡᠨ ᠤ | ᠮᠤᠩᠭᠤᠯᠴᠤᠳ ᠤᠨ ᠤᠷ᠎ᠠ ᠮᠡᠷᠬᠡᠵᠢᠯ᠂ ᠤᠶᠤᠨ ᠤᠬᠠᠭᠠᠨ᠂ ᠭᠤᠸ᠎ᠠ ᠲᠠᠭᠠᠰᠢᠶᠠᠯ ᠤᠨ ᠦᠵᠡᠯᠳᠡ᠂ ᠤᠷᠠᠯᠢᠭ | ᠰᠤᠶᠤᠯ ᠤᠨ ᠰᠤᠨᠢᠷᠬᠠᠯ ᠢ ᠲᠤᠰᠬᠠᠵᠦ ᠪᠠᠶᠢᠳᠠᠭ ᠤᠨᠴᠠᠯᠢᠭ ᠲᠠᠢ ᠪᠦᠬᠡᠳ ︽ᠭᠤᠸ᠎ᠠ ᠰᠠᠶᠢᠬᠠᠨ ᠢ ᠰᠤᠨᠢᠷᠬᠠᠬᠤ | ᠲᠤᠷ᠎ᠠ ᠪᠠᠬ᠎ᠠ ᠨᠢ ᠶᠡᠷᠦ ᠠᠴᠠ ᠦᠢᠯᠡᠳᠪᠦᠷᠢᠯᠡᠯ ᠤᠨ ᠬᠦᠴᠦᠨ ᠤ ᠬᠦᠭᠵᠢᠯᠳᠡ ᠶᠢ ᠲᠠᠭᠠᠯᠳᠤᠨ ᠬᠦᠭᠵᠢᠳᠡᠭ︾ ④ | ᠬᠡᠰᠡᠨ ᠢ ᠨᠤᠳᠠᠯᠠᠵᠦ ᠪᠠᠶᠢᠭ᠎ᠠ ᠤᠴᠢᠷᠳᠠᠢ᠃ ᠮᠠᠨ ᠤ ᠮᠤᠩᠭᠤᠯ ᠬᠦᠮᠦᠨ ᠲᠡᠭᠡᠰᠦ ᠶᠢ ᠭᠤᠶᠤ ᠰᠠᠶᠢᠬᠠᠨ ᠦᠵᠡᠮᠦᠷᠢ | ᠲᠠᠢ ᠲᠠᠮᠤᠵᠦ ᠬᠦᠷᠦᠬᠦ᠂ ᠤᠶᠤᠳᠠᠭ ᠨᠢ ᠠᠵᠢᠯᠴᠢ ᠬᠦᠳᠡᠯᠮᠦᠷᠢᠴᠢ᠂ ᠦᠢᠯᠡ ᠤᠷᠠᠨ᠂ ᠤᠬᠢ ᠰᠢᠯᠢᠳᠡᠭ ᠤᠷ᠎ᠠ | ᠮᠡᠷᠬᠡᠵᠢᠯ ᠲᠠᠢ ᠶᠢ ᠬᠠᠷᠠᠭᠤᠯᠵᠦ ᠪᠠᠶᠢᠳᠠᠭ᠃ ᠭᠡᠷ ᠤᠨ ᠲᠡᠭᠡᠪᠦᠷ ᠲᠤᠭᠤᠷᠭ᠎ᠠ ᠠᠴᠠ ᠠᠪᠤᠭᠠᠳ ᠰᠢᠷᠳᠡᠭ ᠲᠡᠪᠢᠰᠭᠡᠷ | ᠬᠦᠷᠳᠡᠯ᠎ᠡ ᠤᠨᠤᠭ᠎ᠠ ᠮᠤᠷᠢ ᠲᠡᠮᠡᠬᠡᠨ ᠤ ᠡᠳ᠋ᠯᠡᠯ ᠠᠴᠠ ᠤᠭᠤᠳᠠ ᠰᠠᠪᠠ ᠬᠦᠷᠳᠡᠯ᠎ᠡ ᠪᠦᠷ ᠡᠳ᠋ᠯᠡᠬᠦ ᠳᠤ ᠪᠦᠬᠡᠯᠢᠭ᠂ | ᠦᠵᠡᠬᠦ ᠳᠤ ᠭᠤᠶᠤ᠂ ᠶᠠᠰᠤ ᠴᠢᠨᠠᠷ ᠰᠠᠶᠢᠨ ᠬᠢᠳᠡᠭ ᠨᠢ ᠮᠠᠯᠵᠢᠯ ᠮᠤᠩᠭᠤᠯᠴᠤᠳ ᠤᠨ ᠭᠠᠷ ᠤᠷᠠᠨ᠂ ᠠᠵᠢᠯᠰᠠᠭ ᠢ | ᠭᠠᠶᠢᠬᠠᠭᠤᠯᠵᠦ ᠪᠠᠶᠢᠳᠠᠭ᠃ ᠲᠡᠭᠡᠰᠦ ᠲᠠᠮᠤᠬᠤ ᠭᠦᠷᠦᠬᠦ ᠨᠢ ᠪᠤᠰᠤᠳ ᠡᠳ᠋ᠯᠡᠯ ᠤᠨ ᠦᠢᠯᠡ ᠤᠷᠠᠯᠠᠯ ᠲᠠᠢ ᠠᠳᠠᠯᠢ | ᠡᠮᠡᠭᠳᠡᠢ ᠬᠦᠮᠦᠨ ᠤ ᠤᠷ᠎ᠠ ᠠᠪᠢᠶᠠᠰ᠂ ᠦᠢᠯᠡ ᠤᠷᠠᠨ ᠢ ᠰᠢᠯᠭᠠᠬᠤ ᠨᠢᠬᠡᠨ ᠪᠠᠷᠢᠮᠵᠢᠶ᠎ᠠ ᠪᠠ ᠠᠭᠤᠯᠭ᠎ᠠ ᠪᠤᠯᠳᠠᠭ᠃ | ᠵᠢᠱᠢᠶᠡᠯᠡᠪᠡᠯ ᠨᠢᠬᠡ ᠭᠡᠷ ᠪᠦᠯᠢ ᠲᠡᠭᠡᠰᠤᠨ ᠡᠳ᠋ᠯᠡᠯ ᠤᠨ ᠤᠷ᠎ᠠ ᠬᠢᠴᠠ᠂ ᠬᠡᠪ ᠶᠠᠩᠵᠦ᠂ ᠭᠤᠶᠤᠯᠠᠯ ᠴᠢᠮᠡᠭᠯᠡᠯ ᠬᠢᠷᠢ | ᠵᠡᠷᠬᠡ ᠨᠢ ᠲᠡᠷᠡ ᠠᠶᠢᠯ ᠤᠨ ᠪᠦᠰᠡᠬᠦᠢ ᠬᠦᠮᠦᠨ ᠤ ᠠᠵᠢᠯ ᠰᠠᠶᠢᠳᠠᠢ ᠡᠰᠡᠬᠦ ᠶᠢ ᠰᠢᠯᠭᠠᠬᠤ ᠤᠷᠢᠳᠠᠯ ᠨᠦᠬᠦᠴᠡᠯ | ᠪᠤᠯᠳᠠᠭ ᠪᠠᠶᠢᠵᠠᠢ᠃ ᠡᠨᠡ ᠨᠢ ᠮᠤᠩᠭᠤᠯ ᠬᠦᠮᠦᠨ ᠤ ᠭᠤᠸ᠎ᠠ ᠰᠠᠶᠢᠬᠠᠨ ᠤ ᠦᠵᠡᠯᠳᠡ ᠶᠢᠨ ᠬᠢᠷᠢ ᠲᠦᠪᠰᠢᠨ ᠢ | ᠢᠯᠡᠳᠬᠡᠵᠦ ᠪᠠᠶᠢᠭ᠎ᠠ ᠶᠤᠮ᠃ ᠰᠦᠰᠦᠭ ᠪᠢᠰᠢᠷᠡᠯ ᠢᠶᠠᠨ ᠴᠤ ᠲᠠᠮᠤᠭᠰᠠᠨ ᠲᠡᠭᠡᠰᠦ ᠪᠠᠷ ᠢᠯᠡᠳᠭᠡᠵᠦ ᠲᠠᠪᠤᠨ | ᠬᠤᠰᠢᠭᠤ ᠮᠠᠯ ᠤᠨ ᠤᠡᠭᠭᠠᠰᠦ ᠨᠤᠤᠰᠤ᠂ ᠲᠡᠯ ᠬᠢᠯᠭᠠᠰᠤ ᠪᠠᠷ ᠦᠪᠡᠷ ᠤᠨ ᠢᠳᠡᠬᠡᠯ ᠪᠢᠰᠢᠷᠡᠯ ᠤᠨ ᠡᠬᠦᠳᠡᠨ ᠠᠴᠠ | ᠬᠠᠵᠠᠭᠠᠷ᠂ ᠨᠤᠭᠳᠤ᠂ ᠴᠢᠳᠦᠷ᠂ ᠲᠤᠱᠠ ᠬᠦᠬᠡᠨ᠎ᠡ ᠪᠤᠷᠠᠨᠳᠠᠭ ᠁ ᠵᠡᠷᠬᠡ ᠶᠢ ᠲᠠᠮᠤᠵᠦ ᠬᠢᠭᠡᠳ ᠲᠠᠬᠢᠳᠠᠭ | ᠤᠪᠤᠭᠠᠨ ᠤ ᠪᠠᠨ ᠭᠠᠨᠵᠢᠷ᠎ᠠ ᠮᠤᠳᠤᠨ ᠳᠤ ᠵᠡᠬᠦᠵᠦ᠂ ᠵᠦᠡᠭᠨᠡᠯ ᠪᠡᠯᠭᠡᠳᠡᠯ᠂ ᠰᠦᠰᠦᠭ ᠪᠢᠰᠢᠷᠡᠯ ᠢᠶᠠᠨ ᠨᠤᠳᠤᠭ | ᠤᠰᠤᠨ ᠤ ᠨᠠᠪᠳᠠᠭ ᠰᠠᠪᠳᠠᠭ ᠲᠤ ᠲᠠᠭᠠᠳᠬᠠᠵᠦ ᠮᠠᠯ ᠰᠦᠷᠦᠭ ᠦᠨᠢᠷ ᠦᠰᠴᠦ᠂ ᠰᠠᠶᠢᠨ ᠰᠠᠶᠢᠬᠠᠨ᠂ ᠦᠯᠵᠡᠢ | ᠬᠡᠶᠢᠮᠦᠷᠢ ᠲᠠᠢ ᠪᠠᠶᠢᠬᠤ ᠶᠢ ᠬᠦᠰᠡᠨ ᠵᠦᠡᠭᠨᠡᠵᠦ ᠪᠠᠶᠢᠭ᠎ᠠ ᠤᠴᠢᠷ ᠶᠤᠮ᠃ ᠪᠠᠰᠠ ᠬᠤᠷᠰᠢᠶᠠᠨ ᠳᠤ ᠬᠤᠳᠠᠯᠳᠣᠬᠤ | ᠮᠠᠯ ᠤᠨ ᠢᠶᠠᠨ ᠤᠡᠭᠭᠠᠰᠤ ᠨᠤᠤᠰᠤ ᠬᠢᠯᠭᠠᠰᠤᠨ ᠠᠴᠠ ᠪᠠᠨ ᠬᠠᠶᠢᠴᠢᠯᠠᠵᠦ ᠠᠪᠤᠭᠠᠳ ᠨᠠᠷᠢᠬᠠᠨ ᠲᠠᠮᠤᠵᠦ ᠲᠠᠯᠠᠯᠭᠠᠨ | ᠰᠠᠭᠤᠯᠠᠭ᠎ᠠ ᠪᠤᠶᠤ ᠲᠣᠭᠤᠨᠤ ᠶᠢᠨ ᠬᠢᠴᠠ ᠳᠤ ᠤᠶᠠᠵᠦ ᠵᠡᠬᠦᠳᠡᠭ ᠨᠢ ᠴᠤ ᠮᠠᠯ ᠤᠨ ᠢᠶᠠᠨ ᠬᠡᠰᠢᠭ ᠪᠤᠶᠠᠨ ᠢ ᠪᠡᠯᠬᠡᠳᠡᠵᠦ | ᠦᠨᠢᠷ ᠪᠠᠶᠠᠨ ᠮᠠᠯ ᠰᠦᠷᠦᠭ ᠲᠠᠢ ᠪᠠᠶᠢᠬᠤ ᠳᠤ ᠬᠦᠰᠡᠨ ᠡᠷᠡᠮᠡᠯᠵᠡᠯᠡᠵᠦ ᠪᠠᠶᠢᠭ᠎ᠠ ᠬᠡᠷᠡᠭ ᠠᠵᠠᠢ᠃ | ᠨᠡᠶᠢᠳᠡ ᠮᠤᠩᠭᠤᠯ ᠤᠨ ᠵᠠᠩ ᠦᠢᠯᠡ ᠶᠢᠨ ᠲᠤᠳᠤᠷ᠎ᠠ ᠲᠡᠭᠡᠰᠦᠨ ᠳᠤ ᠬᠤᠯᠪᠤᠭᠳᠠᠬᠤ ᠵᠠᠩ ᠦᠢᠯᠡ ᠲᠦᠬᠡᠮᠡᠯ | ᠦᠵᠡᠭᠳᠡᠨ᠎ᠡ᠃ ᠡᠷᠡᠭᠳᠡᠢ ᠬᠦᠮᠦᠨ ᠲᠡᠭᠡᠰᠦᠨ ᠰᠢᠳᠠᠮᠠᠰᠤ ︵ᠲᠡᠭᠡᠰᠦᠨ ᠤ ᠲᠠᠰᠤᠷᠬᠠᠢ ᠶᠢ ᠬᠡᠯᠡᠨ᠎ᠡ︶ ᠪᠦᠰᠡᠯᠡᠵᠦ | ᠪᠤᠯᠬᠤ ᠦᠬᠡᠢ᠂ ᠠᠶᠢᠯ ᠳᠤ ᠲᠡᠭᠡᠰᠦ ᠰᠢᠳᠠᠮᠠᠰᠦ ᠪᠠᠷᠢᠵᠦ ᠤᠷᠤᠵᠦ ᠪᠤᠯᠬᠤ ᠦᠬᠡᠢ᠂ ᠲᠡᠭᠡᠰᠦᠨ ᠤ ᠲᠠᠰᠤᠷᠬᠠᠢ | ᠰᠢᠳᠠᠮᠠᠰᠤ ᠬᠦᠳᠡᠭᠡ ᠭᠠᠳᠠᠨ᠎ᠠ ᠲᠠᠭᠠᠷᠠᠯᠳᠤᠪᠠᠯ ᠵᠠᠪᠠᠯ ᠵᠠᠳᠠᠯᠵᠦ ᠬᠠᠶᠠᠬᠤ᠂ ᠬᠦᠮᠦᠨ ᠳᠤ ᠬᠦᠷᠬᠡᠨ᠎ᠡ᠂ ᠨᠤᠭᠳᠤ | ᠮᠡᠳᠦ ᠶᠢᠨ ᠲᠡᠭᠡᠰᠦ ᠡᠳ᠋ᠯᠡᠯ ᠤᠯᠳᠠᠪᠠᠯ ᠪᠡᠯᠭᠡᠰᠢᠶᠡᠨ ᠦᠵᠡᠬᠦ ᠁ ᠬᠡᠬᠦ ᠮᠡᠳᠦ ᠶᠢᠨ ᠤᠯᠠᠨ ᠵᠢᠱᠢᠶ᠎ᠡ ᠲᠤᠷᠠᠳᠴᠤ | ᠪᠤᠯᠤᠨ᠎ᠠ᠃ ᠡᠷᠳᠡ ᠦᠶ᠎ᠡ ᠳᠤ ᠮᠤᠩᠭᠤᠯᠴᠤᠳ ᠦᠰᠦᠭ ᠪᠢᠴᠢᠭ ᠬᠡᠷᠡᠭᠯᠡᠬᠦ ᠠᠴᠠ ᠡᠮᠦᠨ᠎ᠡ᠂ ᠲᠡᠭᠡᠰᠦ ᠵᠠᠩᠬᠢᠳᠴᠤ | ᠬᠡᠷᠡᠭ ᠤᠴᠢᠷ ᠲᠡᠮᠳᠡᠭᠯᠡᠬᠦ᠂ ᠲᠡᠭᠡᠰᠦ ᠵᠠᠩᠬᠢᠳᠴᠤ ᠲᠠᠩᠭᠠᠷᠢᠭ ᠠᠨᠳᠠᠭᠠᠢ ᠬᠢᠵᠦ ᠪᠠᠶᠢᠭᠰᠠᠨ ᠲᠡᠤᠬᠡᠳᠡᠢ᠃ ᠲᠡᠭᠡᠰᠦ | ᠲᠠᠮᠤᠬᠤ ᠰᠤᠶᠤᠯ ᠨᠢ ᠠᠪᠠ ᠠᠩᠨᠠᠯ᠂ ᠮᠠᠯ ᠮᠠᠯᠵᠢᠯ ᠤᠨ ᠬᠦᠷᠦᠰᠦ ᠰᠢᠷᠣᠢ ᠳᠤ ᠤᠷᠭᠤᠨ ᠲᠡᠯᠭᠡᠷᠡᠵᠦ ᠤᠯᠠᠨ ᠵᠠᠭᠤ᠂ | ᠮᠢᠩᠭᠠᠨ ᠵᠢᠯ ᠤᠨ ᠲᠤᠷᠰᠢ ᠠᠵᠦ ᠠᠮᠢᠳᠤᠷᠠᠯ᠂ ᠭᠤᠶᠤᠯᠠᠯ ᠵᠠᠰᠠᠯ᠂ ᠰᠦᠰᠦᠭ ᠪᠢᠰᠢᠷᠡᠯ ᠳᠤ ᠭᠤᠤᠯ ᠡᠭᠦᠷᠭᠡ | ᠬᠦᠢᠴᠡᠳᠬᠡᠵᠦ ᠢᠷᠡᠭᠰᠡᠨ ᠢᠶᠠᠷ ᠪᠠᠷᠠᠬᠤ ᠦᠬᠡᠢ᠂ ᠲᠡᠳᠡᠨ ᠤ ᠬᠦᠴᠦᠨ ᠴᠢᠳᠠᠯ᠂ ᠤᠷ᠎ᠠ ᠤᠬᠠᠭᠠᠨ᠂ ᠪᠠᠭᠠᠳᠤᠷ | ᠵᠤᠷᠢᠭ᠂ ᠬᠤᠷᠴᠠ ᠰᠡᠷᠬᠦᠯᠡᠩ ᠤᠨ ᠬᠡᠷᠡᠴᠢ ᠲᠡᠮᠳᠡᠭ ᠪᠤᠯᠬᠤ ᠲᠡᠳᠦᠢ ᠦᠬᠡᠢ ᠨᠡᠶᠢᠬᠡᠮ ᠤᠨ ᠬᠦᠭᠵᠢᠯ ᠲᠠᠪᠰᠢᠯ᠂ | ᠠᠵᠦ ᠠᠮᠢᠳᠤᠷᠠᠯ ᠦᠢᠯᠡᠳᠪᠦᠷᠢᠯᠡᠯ ᠤᠷᠠᠯᠢᠭ ᠤᠨ ᠰᠤᠶᠤᠯ ᠲᠠᠢ ᠰᠠᠯᠤᠰᠢ ᠦᠬᠡᠢ ᠬᠤᠯᠪᠤᠭᠠᠳᠠᠢ ᠬᠦᠭᠵᠢᠵᠦ | ᠢᠷᠡᠭᠰᠡᠨ ᠨᠢ ᠲᠤᠳᠤ ᠲᠤᠮᠤᠷᠠᠭᠤᠨ ᠮᠡᠳᠡᠭᠳᠡᠵᠦ ᠪᠠᠶᠢᠨ᠎ᠠ᠃ | ᠦᠨᠢ ᠤᠳᠠᠭᠠᠨ ᠲᠡᠤᠬᠡᠳᠡᠢ ᠮᠤᠩᠭᠤᠯᠴᠤᠳ ᠤᠨ ᠠᠪᠠ ᠠᠩᠨᠠᠯ᠂ ᠮᠠᠯ ᠮᠠᠯᠵᠢᠯ — ᠨᠡᠬᠦᠳᠡᠯ ᠰᠤᠶᠤᠯ ᠤᠨ | ᠲᠤᠷᠭᠠᠨ ᠬᠦᠷᠦᠰᠦᠨ ᠠᠴᠠ ᠤᠷᠭᠤᠭᠰᠠᠨ ᠡᠨᠡᠬᠦ ︽ᠲᠡᠭᠡᠰᠦᠨ ᠰᠤᠶᠤᠯ︾ ᠨᠢ ᠤᠳᠤ ᠰᠦᠷᠡᠬᠡᠢ ᠬᠠᠶᠠᠭᠳᠠᠨ | ᠬᠡᠬᠡᠭᠳᠡᠵᠦ᠂ ᠵᠠᠷᠢᠮ ᠨᠢ ᠪᠦᠷ ᠤᠰᠠᠳᠬᠤ ᠠᠶᠤᠯ ᠳᠤ ᠲᠤᠯᠭᠠᠷᠠᠵᠦ ᠪᠠᠶᠢᠨ᠎ᠠ᠃ ᠤᠳᠤ ᠰᠠᠭᠤᠷᠢᠰᠢᠵᠦ᠂ ᠪᠠᠶᠢᠰᠢᠩ | ᠬᠡᠷ ᠲᠤ ᠰᠠᠭᠤᠬᠤ ᠪᠤᠯᠤᠭᠰᠠᠨ ᠠᠴᠠ ᠤᠯᠠᠮᠵᠢᠯᠠᠯᠳᠤ ᠮᠤᠩᠭᠤᠯ ᠭᠡᠷ ᠢᠶᠠᠨ ᠬᠡᠷᠡᠭᠯᠡᠬᠦ ᠦᠬᠡᠢ ᠪᠤᠯᠤᠭᠰᠠᠨ ᠦᠶ᠎ᠡ ᠳᠤ | ᠮᠤᠩᠭᠤᠯ ᠬᠡᠷ ᠤᠨ ᠲᠡᠭᠡᠰᠦᠨ ᠡᠳ᠋ᠯᠡᠯ ᠮᠠᠷᠳᠠᠭᠳᠠᠵᠦ᠂ ᠬᠠᠶᠠᠭᠳᠠᠵᠦ᠂ ᠨᠡᠩ ᠴᠤ ᠵᠠᠯᠠᠭᠤ ᠪᠠᠭᠠᠴᠤᠳ ᠮᠡᠳᠡᠬᠦ ᠦᠬᠡᠢ | ᠪᠤᠯᠵᠦ ᠪᠠᠶᠢᠨ᠎ᠠ᠃ ᠲᠡᠮᠡᠭᠡ ᠬᠤᠪᠤᠷᠳᠠᠵᠦ ᠠᠳᠤᠭᠤ ᠴᠦᠭᠡᠷᠡᠭᠰᠡᠨ ᠭᠠᠵᠠᠷ ᠤᠷᠤᠨ ᠳᠤ ᠲᠡᠮᠡᠬᠡᠨ ᠤ ᠲᠡᠭᠡᠰᠦᠨ ᠡᠳ᠋ᠯᠡᠯ | ᠂ ᠬᠡᠷᠡᠭᠯᠡᠯ᠂ ᠮᠤᠷᠢᠨ ᠤ ᠡᠳ᠋ᠯᠡᠯ ᠬᠡᠷᠡᠭᠯᠡᠯ ᠴᠦᠭᠡᠷᠡᠵᠦ᠂ ᠢᠪᠴᠤᠷᠠᠵᠦ ᠮᠠᠷᠳᠠᠭᠳᠠᠵᠦ ᠡᠬᠢᠯᠡᠭᠰᠡᠨ ᠁ ᠵᠡᠷᠭᠡ | ᠪᠤᠳᠠᠳᠠᠢ ᠪᠠᠶᠢᠳᠠᠯ ᠨᠢ ᠪᠢᠳᠡᠨ ᠳᠤ ᠡᠪᠦᠭᠡ ᠲᠡᠭᠡᠳᠦᠰ ᠤᠨ ᠢᠶᠠᠨ ᠦᠪ ᠰᠤᠶᠤᠯ ᠢ ᠬᠢᠮᠠᠭᠠᠳᠠᠨ ᠠᠪᠤᠷᠠᠵᠦ᠂ ᠬᠤᠶᠢᠴᠢ | ᠦᠶ᠎ᠡ ᠳᠡᠭᠡᠨ ᠪᠦᠷᠢᠨ ᠪᠦᠳᠦᠨ ᠤᠯᠠᠮᠵᠢᠯᠠᠨ ᠦᠭᠬᠦ ᠬᠠᠷᠢᠭᠤᠴᠠᠯᠭ᠎ᠠ ᠲᠠᠢ ᠶᠤᠮ ᠬᠡᠰᠡᠨ ᠢ ᠬᠡᠯᠡᠵᠦ ᠦᠭᠴᠦ ᠪᠠᠶᠢᠨ᠎ᠠ᠃ | ᠪᠢᠳᠡ ᠵᠦᠪᠬᠡᠨ ᠠᠮᠢᠳᠤᠷᠠᠯ ᠤᠨ ᠬᠡᠷᠡᠭᠴᠡᠬᠡᠨ ᠳᠤ᠂ ᠲᠡᠭᠡᠰᠦ ᠬᠡᠳᠡᠭ ᠶᠠᠭᠤᠮ᠎ᠠ ᠶᠢ ᠮᠠᠯ ᠮᠠᠯᠵᠢᠯ᠂ ᠤᠳᠤᠷ ᠨᠡᠭᠦᠳᠡᠯ | ᠠᠶᠠᠨ ᠵᠢᠩ ᠳᠤ ᠬᠡᠷᠡᠭᠯᠡᠬᠦ ᠦᠬᠡᠢ ᠪᠤᠯᠤᠭᠰᠠᠨ᠂ ᠬᠡᠤᠬᠡᠳ ᠪᠠᠭᠠᠴᠤᠳ ᠨᠡᠷ᠎ᠡ ᠶᠢ ᠨᠢ ᠮᠡᠳᠡᠬᠦ ᠦᠬᠡᠢ ᠪᠤᠯᠤᠭᠰᠠᠨ | ᠶᠠᠪᠤᠳᠠᠯ ᠲᠡᠳᠦᠢ ᠪᠢᠰᠢ᠂ ᠬᠠᠷᠢᠨ ᠡᠪᠦᠭᠡ ᠲᠡᠭᠡᠳᠦᠰ ᠤᠨ ᠢᠶᠠᠨ ᠠᠰᠤᠷᠤ ᠲᠤᠮᠤ ᠰᠤᠶᠤᠯ ᠢ ᠬᠡᠬᠡᠵᠦ ᠮᠠᠷᠳᠠᠵᠦ | ᠪᠠᠶᠢᠭ᠎ᠠ ᠶᠠᠪᠤᠳᠠᠯ ᠬᠡᠰᠡᠨ ᠢ ᠤᠬᠠᠮᠰᠠᠷᠠᠨ ᠲᠠᠨᠢᠬᠤ ᠬᠡᠷᠡᠭᠳᠡᠢ ᠪᠤᠯᠤᠭᠰᠠᠨ ᠪᠠᠶᠢᠨ᠎ᠠ᠃ | |