ᠨᠤᠮ ᠤᠩᠰᠢᠬᠤ ᠪᠤᠯ ᠵᠤᠬᠢᠶᠠᠨ ᠪᠢᠴᠢᠯᠭᠡ ᠶᠢᠨ ᠲᠤᠲᠠᠭᠳᠠᠰᠢ ᠪᠤᠯᠤᠰᠢ ᠦᠭᠡᠢ ᠨᠦᠬᠦᠴᠡᠯ ᠶᠤᠮ᠃ ᠨᠤᠮ ᠢ | ᠵᠦᠪᠬᠡᠨ ᠤᠩᠰᠢᠬᠤ ᠶᠢᠨ ᠲᠦᠯᠦᠭᠡ ᠤᠩᠰᠢᠬᠤ ᠪᠤᠰᠤ᠂ ᠤᠢ ᠤᠶᠤᠨ ᠢᠶᠠᠨ ᠰᠡᠭᠡᠭᠡᠷᠡᠭᠦᠯᠬᠦ ᠪᠠᠷ ᠤᠯᠤᠯᠲᠠ ᠲᠠᠢ | ᠤᠩᠰᠢᠨ᠎ᠠ᠃ ᠶᠠᠮᠠᠷ ᠨᠢᠭᠡᠨ ᠨᠤᠮ ᠢ ᠤᠩᠰᠢᠪᠠᠯ ᠡᠷᠬᠡᠪᠰᠢ ᠶᠠᠭᠤ ᠨᠢᠭᠡ ᠶᠢ ᠤᠯᠬᠤ ᠬᠡᠷᠡᠭᠲᠡᠢ᠃ ᠶᠠᠭᠤ ᠴᠦ ᠤᠯᠬᠤ | ᠦᠭᠡᠢ ᠤᠩᠰᠢᠯᠭ᠎ᠠ ᠪᠤᠯ ᠴᠠᠭ ᠮᠦᠴᠡ ᠪᠠᠨ ᠰᠦᠢᠳᠬᠡᠵᠦ ᠠᠮᠢ ᠨᠠᠰᠤ ᠪᠠᠨ ᠲᠠᠯᠠᠭᠠᠷ ᠵᠠᠷᠤᠴᠠᠭᠤᠯᠤᠭᠰᠠᠨ ᠱᠠᠯ ᠳᠡᠮᠡᠢ | ᠤᠩᠰᠢᠯᠭ᠎ᠠ ᠶᠣᠮ᠃ | ᠨᠤᠮ ᠤᠩᠰᠢᠬᠤ ᠳᠤ ᠬᠠᠷᠠᠯᠲᠠ ᠲᠠᠢ᠂ ᠲᠦᠯᠦᠪᠯᠡᠭᠡ ᠲᠠᠢ ᠤᠩᠰᠢᠳᠠᠭ᠃ ᠦᠪᠡᠷ ᠤᠨ ᠬᠡᠷᠡᠭᠴᠡᠭᠡ ᠲᠠᠢ | ᠵᠦᠢᠯ ᠢᠶᠠᠨ ᠡᠷᠢᠨ ᠤᠩᠰᠢᠨ᠎ᠠ᠃ ᠶᠠᠮᠠᠷ ᠨᠢᠭᠡᠨ ᠨᠤᠮ ᠢ ᠰᠣᠩᠭᠤᠨ ᠤᠩᠰᠢᠬᠤ ᠳᠤ ᠪᠠᠨ ︽ᠪᠢ ᠶᠠᠭᠤ ᠶᠢ ᠮᠡᠳᠡᠵᠦ᠂ | ᠶᠠᠭᠤ ᠶᠢ ᠡᠷᠢᠬᠦ ᠪᠤᠢ︾ ᠭᠡᠬᠦ ᠬᠠᠷᠠᠯᠲᠠ ᠲᠠᠢ ᠪᠠᠶᠢᠬᠤ ᠬᠡᠷᠡᠭᠲᠡᠢ᠃ ᠵᠢᠱᠢᠶᠡᠯᠡᠬᠦ ᠳᠤ ︽ᠮᠤᠩᠭᠤᠯ ᠤᠨ ᠨᠢᠭᠤᠴᠠ | ᠲᠤᠪᠴᠢᠶᠠᠨ︾ ᠢ ᠤᠩᠰᠢᠬᠤ ᠳᠤ ᠶᠠᠭᠤ ᠶᠢ ᠮᠡᠳᠡᠬᠦ᠂ ᠶᠠᠭᠤᠨ ᠳᠤ ᠰᠤᠨᠢᠷᠬᠠᠯ ᠲᠦᠷᠦᠭᠳᠡᠭᠰᠡᠨ ᠳᠤ ᠪᠠᠨ ᠬᠠᠷᠢᠭᠤᠯᠲᠠ | ᠤᠯᠬᠤ ᠬᠡᠷᠡᠭᠲᠡᠢ᠃ ᠶᠠᠮᠠᠷ ᠨᠢᠭᠡᠨ ᠨᠤᠮ ᠢ ᠤᠩᠰᠢᠬᠤ ᠳᠤ ᠠᠮᠢᠳᠤᠯᠢᠭ ᠪᠤᠳᠠᠲᠠᠢ᠂ ᠦᠷ᠎ᠡ ᠪᠦᠲᠦᠮᠵᠢ ᠶᠢ | ᠡᠷᠬᠢᠮᠯᠡᠨ᠎ᠡ᠃ ᠳᠠᠷᠤᠢ ᠦᠪᠡᠷ ᠤᠨ ᠲᠤᠰᠠᠲᠠᠢ ᠮᠡᠳᠡᠯᠭᠡ ᠪᠠᠨ ᠤᠯᠬᠤ ᠪᠤᠯᠤᠨ᠎ᠠ᠃ ᠨᠤᠮ ᠤᠩᠰᠢᠬᠤ ᠳᠤ ᠪᠠᠨ ᠤᠯᠵᠤ | ᠮᠡᠳᠡᠭᠰᠡᠨ᠂ ᠪᠠᠭ᠋ᠠᠷᠬᠠᠵᠤ ᠲᠠᠭᠠᠰᠢᠶᠠᠭᠰᠠᠨ ᠦᠭᠡ ᠪᠠᠳᠠᠭ᠂ ᠦᠯᠢᠭᠡᠷ ᠢ ᠲᠤᠪᠴᠢᠯᠠᠨ ᠲᠡᠮᠳᠡᠭᠯᠡᠪᠡᠯ ᠤᠯᠠᠮ ᠰᠠᠶᠢᠨ | ᠤᠯᠤᠯᠲᠠ ᠲᠠᠢ ᠪᠠᠶᠢᠳᠠᠭ᠃ ᠦᠭᠡᠰ ᠤᠨ ᠰᠠᠩ ᠪᠠᠶᠠᠯᠢᠭ᠂ ᠨᠠᠶᠢᠷᠠᠭᠤᠯᠭ᠎ᠠ ᠰᠠᠶᠢᠨ᠂ ᠦᠭᠡ ᠨᠢ ᠬᠤᠷᠴᠠ ᠢᠳᠡᠯᠢᠭ᠂ | ᠠᠭᠤᠯᠭ᠎ᠠ ᠨᠢ ᠪᠤᠯᠪᠠᠰᠤᠨ ᠨᠤᠮ ᠢ ᠰᠤᠩᠭᠤᠨ ᠤᠩᠰᠢᠨ᠎ᠠ᠃ ︽ᠨᠠᠴᠤᠭᠳᠤᠷᠵᠢ︾ ᠭᠡᠬᠦ ᠨᠤᠮ ᠢ ᠤᠩᠰᠢᠬᠤ ᠳᠤ | ᠬᠡᠯᠡ ᠶᠢ ᠬᠤᠷᠴᠠᠯᠠᠨ ᠪᠤᠳᠤᠯ ᠢ ᠠᠭᠤᠵᠢᠷᠠᠭᠤᠯᠳᠠᠭ ᠤᠯᠠᠨ ᠰᠠᠶᠢᠬᠠᠨ ᠢᠷᠠᠭᠤ ᠤᠶᠠᠩᠭ᠎ᠠ ᠲᠠᠢ ᠦᠭᠡᠰ ᠢ | ᠰᠤᠨᠢᠷᠬᠠᠳᠠᠭ᠃ ᠠᠵᠢᠯ ᠳᠤ ᠪᠠᠨ ᠬᠢᠨᠠᠯᠲᠠ ᠬᠠᠪᠰᠤᠷᠤᠮᠵᠢ ᠪᠤᠯᠭᠠᠵᠤ᠂ ᠴᠠᠭ ᠢᠶᠠᠨ ᠠᠷᠪᠢᠯᠠᠨ᠂ ᠬᠡᠷᠡᠭᠴᠡᠭᠡ ᠪᠠᠨ | ᠬᠠᠩᠭᠠᠨ᠎ᠠ᠃ ᠲᠡᠳᠡᠭᠡᠷ ᠨᠤᠮ ᠢ ᠪᠠᠭ᠋ᠠᠷᠬᠠᠨ ᠤᠩᠰᠢᠵᠤ᠂ ᠰᠡᠳᠬᠢᠯ ᠰᠠᠨᠠᠭ᠎ᠠ ᠪᠠᠨ ᠲᠡᠵᠢᠭᠡᠨ ᠪᠢᠯᠢᠭ ᠤᠨ ᠰᠢᠮ᠎ᠡ | ᠬᠦᠷᠲᠡᠳᠡᠭ᠃ ᠰᠠᠶᠢᠨ ᠨᠤᠮ ᠢ ᠤᠩᠰᠢᠬᠤ ᠨᠢ᠄ ᠰᠡᠳᠬᠢᠯ ᠤᠨ ᠰᠢᠮ᠎ᠡ ᠲᠡᠵᠢᠭᠡᠯ ᠬᠠᠩᠭᠠᠵᠤ᠂ ᠤᠢ ᠤᠶᠤᠨ ᠢ | ᠰᠡᠭᠡᠭᠡᠷᠡᠭᠦᠯᠦᠨᠡ᠃ ᠨᠤᠮ ᠤᠩᠰᠢᠪᠠᠯ ᠬᠦᠮᠦᠨ ᠤ ᠰᠡᠳᠬᠢᠯ ᠰᠠᠨᠠᠭ᠎ᠠ ᠪᠠᠶᠠᠰᠤᠩᠭᠤᠢ᠂ ᠠᠮᠢᠳᠤᠷᠠᠯ ᠤᠨ ᠤᠴᠢᠷ | ᠶᠤᠰᠤ ᠶᠢ ᠭᠦᠨ ᠤᠶᠢᠯᠠᠭᠠᠳᠠᠭ᠃ ᠠᠵᠢᠯ ᠦᠢᠯᠡᠰ ᠲᠤ ᠳᠡᠮ ᠪᠤᠯᠵᠤ᠂ ᠴᠤᠭ ᠰᠦᠯᠳᠡ ᠶᠢ ᠨᠡᠮᠡᠭᠳᠡᠭᠦᠯᠦᠨ᠎ᠡ᠃ ᠨᠤᠮ | ᠣᠩᠰᠢᠬᠤ ᠨᠢ ᠶᠠᠮᠠᠷ ᠨᠢᠭᠡᠨ ᠠᠵᠢᠯ ᠬᠢᠬᠦ ᠳᠤ ᠵᠦᠪ ᠲᠠᠯ᠎ᠠ ᠶᠢᠨ ᠵᠢᠯᠤᠭᠤᠳᠤᠮᠵᠢ ᠪᠤᠯᠵᠤ᠂ ᠢᠲᠡᠭᠡᠯ ᠵᠤᠷᠢᠭ ᠲᠠᠢ | ᠪᠤᠯᠳᠠᠭ᠃ ᠬᠦᠮᠦᠨ ᠢ ᠵᠦᠪ ᠰᠠᠶᠢᠬᠠᠨ ᠶᠢᠷᠲᠢᠨᠴᠦ ᠲᠡᠶᠢᠰᠢ ᠵᠢᠯᠤᠭᠤᠳᠤᠨ᠎ᠠ᠃ ᠰᠠᠶᠢᠬᠠᠨ ᠨᠤᠮ ᠢ ᠤᠩᠰᠢᠪᠠᠯ ᠦᠵᠡᠯ | ᠪᠤᠳᠤᠯ ᠵᠦᠪ ᠪᠤᠯᠵᠤ᠂ ᠦᠪᠡᠷ ᠤᠨ ᠰᠠᠶᠢᠨ ᠰᠠᠶᠢᠬᠠᠨ ᠬᠦᠭᠡᠭᠡᠴᠡᠯᠳᠦᠯ ᠳᠤ ᠪᠠᠨ ᠮᠡᠷᠡᠶᠢᠨ᠎ᠡ᠃ ᠬᠦᠮᠦᠨ ᠴᠢᠨᠠᠷ ᠢ | ᠳᠠᠪᠲᠠᠨ ᠪᠤᠯᠪᠠᠰᠤᠷᠠᠭᠤᠯᠤᠨ᠎ᠠ᠃ ᠰᠠᠶᠢᠨ ᠨᠤᠮ ᠤᠩᠰᠢᠪᠠᠯ ᠦᠪᠡᠷ ᠤᠨ ᠰᠠᠨᠠᠭ᠎ᠠ ᠰᠡᠳᠬᠢᠯ ᠢᠶᠠᠨ ᠵᠠᠰᠠᠵᠤ᠂ ᠵᠦᠪ | ᠵᠠᠮ ᠢ ᠡᠷᠬᠢᠮᠯᠡᠵᠦ᠂ ᠣᠤᠭᠠᠯ ᠰᠠᠶᠢᠬᠠᠨ ᠵᠠᠩᠰᠢᠯ ᠢᠶᠠᠨ ᠪᠠᠷᠢᠮᠲᠠᠯᠠᠵᠤ ᠴᠢᠳᠠᠨ᠎ᠠ᠃ ᠵᠤᠬᠢᠶᠠᠨ ᠪᠢᠴᠢᠬᠦ ᠤᠷᠮᠠᠰ ᠢ | ᠬᠦᠭᠵᠢᠭᠡᠨ᠎ᠡ᠃ ᠰᠠᠶᠢᠨ ᠨᠤᠮ ᠢ ᠤᠩᠰᠢᠪᠠᠯ ᠦᠪᠡᠷ ᠤᠨ ᠡᠷᠬᠡ ᠦᠭᠡᠢ ᠤᠷᠮ᠎ᠠ ᠪᠠᠬ᠎ᠠ ᠲᠦᠷᠦᠭᠳᠡᠨ᠂ ᠦᠪᠡᠷ ᠢᠶᠠᠨ | ᠵᠤᠬᠢᠶᠠᠨ ᠪᠢᠴᠢᠶ᠎ᠡ ᠬᠡᠬᠦ ᠰᠠᠨᠠᠭ᠎ᠠ ᠪᠤᠳᠤᠯ ᠤᠷᠭᠤᠳᠠᠭ᠃ ᠵᠤᠬᠢᠶᠠᠨ ᠪᠢᠴᠢᠬᠦ ᠪᠢᠷ ᠢ ᠬᠤᠷᠴᠠᠯᠠᠨ᠎ᠠ᠃ ᠰᠠᠶᠢᠨ ᠨᠤᠮ ᠢ | ᠤᠩᠰᠢᠪᠠᠯ ᠦᠭᠡ ᠪᠠᠶᠠᠯᠢᠭᠵᠢᠨ᠂ ᠬᠡᠯᠡ ᠤᠷᠠᠯᠢᠭ ᠪᠤᠯᠵᠤ᠂ ᠣᠤᠭᠠᠯ ᠶᠤᠰᠤ ᠵᠠᠩᠰᠢᠯ ᠢᠶᠠᠨ ᠰᠡᠭᠡᠭᠡᠷᠡᠵᠦ ᠵᠤᠬᠢᠶᠠᠨ | ᠪᠢᠴᠢᠬᠦ ᠳᠤ ᠬᠦᠴᠦ ᠲᠠᠮᠢᠷ ᠲᠠᠢ ᠪᠤᠯᠳᠠᠭ᠃ ᠰᠡᠳᠬᠢᠨ ᠪᠤᠳᠤᠬᠤ ᠴᠢᠳᠠᠪᠤᠷᠢ ᠶᠢ ᠨᠡᠮᠡᠭᠳᠡᠭᠦᠯᠦᠨ᠎ᠡ᠃ ᠰᠠᠶᠢᠨ ᠨᠤᠮ ᠢ | ᠤᠩᠰᠢᠪᠠᠯ ᠬᠡᠯᠡ ᠬᠡᠯᠡᠯᠭᠡ ᠰᠠᠶᠢᠵᠢᠷᠠᠨ ᠰᠡᠳᠬᠢᠮᠵᠢᠯᠡᠨ ᠪᠤᠳᠤᠬᠤ ᠬᠡᠪᠴᠢᠶ᠎ᠡ ᠦᠷᠭᠡᠳᠴᠦ᠂ ᠪᠤᠰᠤᠳ ᠤᠨ | ᠲᠤᠰᠬᠠᠯ ᠠᠴᠠ ᠦᠪᠡᠷ ᠤᠨ ᠢᠶᠠᠨ ᠬᠠᠷᠠᠯᠲᠠ ᠪᠠᠨ ᠤᠯᠳᠠᠭ᠃ ᠨᠤᠮ ᠪᠢᠴᠢᠭ ᠪᠤᠯ ᠤᠯᠳᠠᠰᠢ ᠦᠭᠡᠢ ᠶᠡᠭᠡ | ᠰᠤᠷᠭᠠᠭᠤᠯᠢ ᠶᠤᠮ᠃ ᠨᠤᠮ ᠣᠩᠰᠢᠪᠠᠯ ᠤᠯᠠᠨ ᠵᠦᠢᠯ ᠤᠨ ᠮᠡᠳᠡᠯᠭᠡ ᠰᠤᠷᠴᠤ᠂ ᠪᠤᠰᠤᠳ ᠠᠴᠠ ᠤᠯᠵᠤ ᠮᠡᠳᠡᠬᠦ | ᠦᠭᠡᠢ ᠵᠦᠢᠯᠡᠰ ᠢᠶᠠᠨ ᠮᠡᠳᠡᠵᠦ ᠰᠡᠭᠡᠭᠡᠷᠡᠳᠡᠭ᠃ ᠨᠤᠮ ᠪᠢᠴᠢᠭ ᠪᠤᠯ ᠰᠠᠶᠢᠨ ᠪᠠᠭᠰᠢ ᠶᠤᠮ᠃ ᠨᠤᠮ ᠤᠨ ᠣᠳᠬ᠎ᠠ | ᠠᠭᠤᠯᠭ᠎ᠠ᠂ ᠵᠤᠬᠢᠶᠠᠮᠵᠢ ᠨᠠᠶᠢᠷᠠᠭᠤᠯᠭ᠎ᠠ᠂ ᠬᠡᠯᠡ ᠶᠠᠷᠢᠶ᠎ᠠ᠂ ᠵᠠᠩ ᠠᠷᠠᠨᠰᠢᠨ ᠵᠡᠷᠭᠡ ᠨᠢ ᠦᠪᠡᠷ ᠤᠨ ᠮᠡᠳᠡᠬᠦ ᠦᠭᠡᠢ | ᠵᠦᠢᠯ ᠢᠶᠠᠨ ᠨᠦᠬᠦᠪᠦᠷᠢᠯᠡᠬᠦ ᠦᠭᠡ ᠳᠠᠭᠤᠨ ᠦᠭᠡᠢ ᠰᠠᠶᠢᠨ ᠪᠠᠭᠰᠢ ᠶᠤᠮ᠃ ᠤᠶᠤᠨ ᠢ ᠰᠡᠭᠡᠭᠡᠷᠡᠭᠦᠯᠦᠨ ᠪᠢᠯᠢᠭ ᠢ | ᠨᠡᠬᠡᠭᠡᠭᠳᠡᠭᠦᠯᠬᠦ᠂ ᠤᠷᠮ᠎ᠠ ᠶᠢ ᠬᠦᠭᠵᠢᠭᠡᠨ ᠵᠤᠷᠢᠭ ᠢ ᠡᠷᠴᠢᠯᠡᠬᠦ ᠰᠠᠶᠢᠨ ᠨᠤᠮ ᠢ ᠤᠯᠬᠤ ᠶᠢᠨ ᠬᠢᠷᠢ ᠪᠠᠷ ᠢᠯᠡᠭᠦᠦ | ᠤᠩᠰᠢᠵᠤ᠂ ᠰᠠᠶᠢᠨ ᠨᠤᠮ ᠢ ᠢᠯᠡᠭᠦᠦ ᠬᠢᠮᠠᠭᠠᠳᠠᠵᠤ ᠶᠠᠪᠤᠨ᠎ᠠ᠃ ︽ᠮᠦᠩᠭᠦ ᠲᠠᠢ ᠪᠠᠶᠠᠨ ᠠᠴᠠ ᠨᠤᠮ ᠲᠠᠢ ᠪᠠᠶᠠᠨ︾ | ᠭᠡᠬᠦ ᠦᠭᠡ ᠲᠦᠮᠡᠨ ᠵᠦᠪ᠃ | ︽ᠨᠤᠮ ᠢ ᠬᠠᠳᠠᠭᠠᠯᠠᠬᠤ ᠠᠷᠠᠳ ᠲᠦᠮᠡᠨ ᠪᠤᠯ ᠠᠭᠤᠤ ᠶᠡᠭᠡ ᠠᠷᠠᠳ ᠲᠦᠮᠡᠨ︾ ᠭᠡᠬᠦ ᠠᠷᠠᠳ ᠤᠨ ᠵᠦᠢᠷ | ᠦᠭᠡ ᠶᠢ ᠴᠡᠭᠡᠵᠢᠯᠡᠵᠦ ᠶᠠᠪᠤᠶ᠎ᠠ᠃ | |