ᠴᠠᠭᠠᠨ ᠦᠰᠦ ᠶᠠᠭᠠᠬᠢᠭᠠᠳ ᠣᠯᠠᠮ ᠨᠡᠮᠡᠭᠳᠡᠳᠡᠭ ᠪᠤᠢ︖ ᠵᠠᠷᠢᠮ ᠬᠥᠮᠥᠨ ᠤ ᠦᠵᠡᠬᠦ ᠪᠠᠷ᠂ ᠴᠠᠭᠠᠨ | ᠦᠰᠦ ᠦᠭᠲᠡᠭᠡᠬᠦ ᠳᠣᠰᠣᠮ ᠨᠡᠮᠡᠭᠳᠡᠨ᠎ᠡ ᠬᠡᠵᠦ ᠪᠤᠢ᠃ ᠡᠨᠡ ᠨᠢ ᠡᠰᠢ ᠪᠠᠷᠢᠮᠲᠠ ᠲᠠᠢ ᠤᠤ︖ ᠬᠤᠨᠠᠨ ᠮᠤᠵᠢ ᠶᠢᠨ | ᠠᠷᠠᠳ ᠤᠨ ᠡᠮᠨᠡᠯᠭᠡ ᠶᠢᠨ ᠬᠤᠷᠢᠶᠠᠨ ᠤ ᠠᠷᠠᠰᠤᠨ ᠤ ᠡᠮᠨᠡᠯᠬᠡ ᠶᠢᠨ ᠡᠷᠬᠢᠯᠡᠭᠴᠢ ᠡᠮᠴᠢ ᠰᠢᠶᠣᠣ ᠸᠧᠢ ᠷᠦᠩ | ᠬᠡᠯᠡᠬᠦ ᠳᠡᠭᠡᠨ᠂ ᠡᠨᠡ ᠨᠢ ᠶᠠᠮᠠᠷᠴᠦ ᠰᠢᠨᠵᠢᠯᠡᠬᠦ ᠤᠬᠠᠭᠠᠨ ᠤ ᠡᠰᠢ ᠪᠠᠷᠢᠮᠳᠠ ᠦᠬᠡᠢ ᠶᠤᠮ ᠬᠡᠵᠠᠢ᠃ | ᠲᠡᠭᠡᠪᠡᠯ᠂ ᠶᠠᠭᠠᠬᠢᠭᠠᠳ ᠬᠥᠮᠥᠨ ᠤ ᠨᠠᠰᠤ ᠨᠡᠮᠡᠭᠳᠡᠬᠦ ᠶᠢ ᠳᠠᠭᠠᠯᠳᠤᠨ᠂ ᠭᠡᠵᠢᠭᠡ ᠦᠰᠦ ᠨᠢ ᠪᠤᠭᠤᠷᠤᠯᠳᠣᠵᠦ᠂ | ᠨᠡᠩ ᠴᠦ ᠵᠠᠯᠠᠭᠤᠴᠤᠳ ᠤᠨ ᠳᠤᠮᠳᠠ ᠪᠤᠭᠤᠷᠤᠯ ᠦᠰᠦ ᠲᠠᠢ ᠬᠥᠮᠥᠨ ᠣᠯᠠᠰᠢᠷᠠᠭᠰᠠᠨ ᠪᠤᠯ︖ ᠡᠭᠦᠨ ᠤ ᠲᠤᠬᠠᠢ | ᠰᠢᠶᠣᠣ ᠸᠧᠢ ᠷᠦᠩ ᠬᠡᠯᠡᠬᠦ ᠳᠡᠭᠡᠨ᠂ ᠵᠠᠯᠠᠭᠤ ᠬᠥᠮᠥᠨ ᠤ ᠭᠡᠵᠢᠭᠡ ᠨᠢ ᠳᠠᠰᠦ ᠬᠠᠷ᠎ᠠ ᠪᠠᠶᠢᠳᠠᠭ ᠨᠢ ᠦᠰᠦᠨ ᠤ | ᠤᠭ ᠲᠤ ᠬᠠᠷ᠎ᠠ ᠥᠩᠭᠡᠨ ᠤ ᠡᠳ᠋ ᠪᠠᠶᠢᠳᠠᠭ ᠠᠴᠠ ᠪᠣᠯᠤᠭᠰᠠᠨ ᠶᠤᠮ᠃ ᠨᠠᠰᠦ ᠨᠡᠮᠡᠭᠳᠡᠬᠦ ᠶᠢ ᠳᠠᠭᠠᠯᠳᠤᠨ᠂ | ᠦᠩᠬᠡᠨ ᠤ ᠡᠳ᠋ ᠤᠨ ᠢᠳᠡᠪᠬᠢ ᠴᠢᠨᠠᠷ ᠨᠢ ᠪᠠᠭᠤᠷᠠᠵᠤ᠂ ᠠᠭᠠᠵᠢᠮ ᠢᠶᠠᠷ ᠪᠤᠭᠤᠷᠤᠯᠲᠤᠳᠠᠭ ᠶᠤᠮ ᠪᠠᠶᠢᠨ᠎ᠠ᠃ | ᠬᠠᠷ᠎ᠠ ᠥᠩᠭᠡᠨ ᠤ ᠡᠳ᠋ ᠡᠭᠦᠰᠬᠦ ᠶᠠᠪᠤᠴᠠ ᠳᠤ ᠵᠡᠰ᠂ ᠴᠠᠶᠢᠷ᠂ ᠲᠡᠮᠦᠷ ᠵᠡᠷᠭᠡ ᠪᠢᠴᠢᠯ ᠡᠯᠧᠮᠧᠨ᠋ᠲ ᠬᠡᠷᠡᠭᠲᠡᠢ᠃ | ᠬᠡᠷᠪᠡ ᠬᠦᠮᠦᠨ ᠤ ᠪᠡᠶ᠎ᠡ ᠳᠤ ᠡᠲᠡᠭᠡᠷ ᠡᠯᠧᠮᠧᠨ᠋ᠲ ᠳᠤᠲᠠᠭᠳᠠᠪᠠᠯ᠂ ᠬᠠᠷ᠎ᠠ ᠥᠩᠭᠡᠨ ᠤ ᠡᠳ᠋ ᠤᠨ ᠪᠣᠶ ᠪᠣᠯᠬᠤ ᠶᠢ | ᠨᠥᠯᠥᠭᠡᠯᠡᠬᠦ ᠪᠤᠯᠬᠤᠷ ᠭᠡᠵᠢᠭᠡ ᠰᠢᠷᠠᠯᠠᠬᠤ ᠪᠤᠶᠤ ᠴᠢᠨᠠᠭᠰᠢᠯᠠᠭᠠᠳ ᠴᠠᠶᠢᠷᠠᠳᠠᠭ᠃ ᠡᠭᠦᠨ ᠠᠴᠠ ᠭᠠᠳᠠᠨ᠎ᠠ᠂ | ᠤᠳᠤᠮᠰᠢᠯ᠂ ᠣᠶᠣᠨ ᠰᠠᠨᠠᠭᠠᠨ ᠤ ᠨᠦᠯᠦᠬᠡᠯᠡᠯ ᠵᠡᠷᠭᠡ ᠨᠢ ᠪᠠᠰᠠ ᠦᠰᠦ ᠴᠠᠶᠢᠬᠤ ᠶᠢᠨ ᠴᠢᠬᠤᠯᠠ ᠰᠢᠯᠲᠠᠭᠠᠨ ᠪᠤᠯᠵᠦ | ᠪᠠᠶᠢᠭ᠎ᠠ ᠶᠤᠮ᠃ | |