ᠬᠡᠷᠪᠡ ᠲᠠ ᠥᠪᠡᠷ ᠢ ᠪᠠᠨ ᠵᠠᠯᠠᠭᠤ ᠨᠠᠰᠤᠨ ᠳᠤ ᠪᠠᠨ ᠪᠤᠭᠤᠷᠤᠯᠲᠤᠭᠰᠠᠨ ᠴᠣᠷ ᠤᠨ ᠭᠠᠭᠴᠠ ᠬᠦᠮᠦᠨ ᠭᠡᠵᠦ | ᠪᠣᠳᠣᠵᠤ ᠪᠠᠶᠢᠪᠠᠯ ᠠᠳᠡᠭᠦᠷᠡᠯ ᠪᠤᠯᠬᠤ ᠶᠤᠮ᠃ ᠡᠷᠲᠡ ᠪᠤᠭᠤᠷᠤᠯᠲᠤᠬᠤ ᠨᠢ ᠨᠡᠶᠢᠲᠡᠯᠢᠭ ᠵᠦᠢᠯ ᠪᠥᠭᠡᠳ ᠵᠠᠷᠢᠮ | ᠲᠣᠬᠢᠶᠠᠯᠳᠤᠯ ᠳᠤ ᠲᠣᠳᠣᠷᠬᠠᠢ ᠨᠢᠭᠡᠨ ᠡᠪᠡᠳᠴᠢᠨ ᠤ ᠰᠢᠨᠵᠢ ᠲᠡᠮᠳᠡᠭ ᠪᠠᠶᠢᠵᠤ ᠮᠡᠳᠡᠨ᠎ᠡ᠃ ᠢᠩᠭᠢᠭᠡᠳ ᠲᠠ | ᠪᠦᠬᠦᠨ ᠳᠤ ᠡᠭᠦᠨ ᠤ ᠰᠢᠯᠲᠠᠭᠠᠨ ᠪᠣᠯᠤᠨ ᠬᠡᠷᠬᠢᠨ ᠤᠷᠢᠳᠴᠢᠯᠠᠨ ᠰᠡᠷᠭᠡᠶᠢᠯᠡᠬᠦ ᠲᠠᠯ᠎ᠠ ᠪᠠᠷ ᠵᠦᠪᠯᠡᠯᠭᠡ ᠦᠭᠴᠤ | ᠪᠠᠶᠢᠨ᠎ᠠ᠃ | ᠨᠢᠭᠡ᠂ ᠲᠠᠨ ᠳᠤ ᠸᠢᠲ᠋ᠠᠮᠢᠨ B12 ᠳᠤᠲᠠᠭᠳᠠᠭᠰᠠᠨ ᠪᠠᠶᠢᠵᠤ ᠮᠡᠳᠡᠨ᠎ᠡ | ᠡᠷᠳᠡᠮᠲᠡᠳ ᠤᠨ ᠦᠵᠡᠬᠦ ᠪᠠᠷ ᠸᠢᠲ᠋ᠠᠮᠢᠨ B12 ᠲᠤᠲᠠᠭᠳᠠᠬᠤ ᠨᠢ ᠡᠷᠲᠡ ᠪᠤᠭᠤᠷᠤᠯ ᠦᠰᠦ ᠡᠭᠦᠰᠬᠦ | ᠬᠠᠮᠤᠭ ᠤᠨ ᠲᠦᠭᠡᠮᠡᠯ ᠰᠢᠯᠲᠠᠭᠠᠨ ᠪᠣᠯᠳᠠᠭ ᠪᠠᠶᠢᠨ᠎ᠠ᠃ ᠡᠨᠡ ᠨᠢ ᠮᠥᠨ ᠦᠰᠦ ᠤᠨᠠᠬᠤ ᠰᠢᠯᠲᠠᠭᠠᠨ ᠪᠣᠯᠬᠤ | ᠮᠠᠭᠠᠳᠯᠠᠯ ᠲᠠᠢ᠃ ᠡᠭᠦᠨ ᠠᠴᠠ ᠵᠠᠶᠢᠯᠠᠰᠬᠢᠬᠦ ᠶᠢᠨ ᠲᠤᠯᠠᠳᠠ ᠥᠨᠳᠡᠭᠡ᠂ ᠦᠬᠡᠷ ᠤᠨ ᠮᠢᠬ᠎ᠠ᠂ ᠵᠢᠭᠠᠰᠤ ᠵᠡᠷᠭᠡ ᠶᠢ | ᠬᠤᠭᠤᠯᠠ ᠬᠦᠨᠡᠰᠦᠨ ᠳᠤ ᠪᠠᠨ ᠵᠠᠪᠠᠯ ᠤᠷᠤᠭᠤᠯᠬᠤ ᠬᠡᠷᠡᠭᠲᠡᠢ᠃ ᠮᠥᠨ ᠲᠠ ᠸᠢᠲ᠋ᠠᠮᠢᠨ B12 ᠢ ᠨᠡᠮᠡᠯᠲᠡ ᠲᠡᠵᠢᠭᠡᠯ | ᠪᠣᠯᠭᠠᠨ ᠬᠡᠷᠡᠭᠯᠡᠵᠦ ᠪᠣᠯᠤᠨ᠎ᠠ᠃ | ᠬᠤᠶᠠᠷ᠂ ᠪᠠᠮᠪᠠᠢ ᠪᠤᠯᠴᠢᠷᠬᠠᠢ ᠶᠢᠨ ᠠᠰᠠᠭᠤᠳᠠᠯ ᠪᠠᠶᠢᠵᠤ ᠮᠡᠳᠡᠨ᠎ᠡ | ᠰᠤᠳᠤᠯᠭᠠᠨ ᠤ ᠳᠠᠭᠠᠤ᠂ ᠲᠠᠨ ᠤ ᠪᠠᠮᠪᠠᠢ ᠪᠤᠯᠴᠢᠷᠬᠠᠢ ᠶᠢᠨ ᠠᠰᠠᠭᠤᠳᠠᠯ ᠲᠠᠨ ᠤ ᠦᠰᠦᠨ ᠤ ᠰᠦᠪᠡ ᠶᠢ | ᠰᠢᠭᠤᠳ ᠨᠥᠯᠦᠭᠡᠯᠡᠳᠡᠭ ᠪᠠᠶᠢᠨ᠎ᠠ᠃ ᠬᠡᠷᠪᠡ ᠲᠠ ᠵᠠᠯᠠᠭᠤ ᠨᠠᠰᠤᠨ ᠳᠤ ᠪᠠᠨ ᠴᠠᠭᠠᠨ ᠡᠰᠡᠪᠡᠯ ᠬᠡᠪᠡᠷᠡᠭ᠂ ᠲᠣᠰᠣᠯᠢᠭ | ᠦᠰᠦ ᠲᠠᠢ ᠪᠣᠯᠤᠭᠰᠠᠨ ᠪᠣᠯ ᠲᠠᠨ ᠤ ᠪᠡᠶ᠎ᠡ ᠶᠢᠨ ᠪᠠᠮᠪᠠᠢ ᠪᠤᠯᠴᠢᠷᠬᠠᠢ ᠶᠢᠨ ᠦᠢᠯᠡ ᠠᠵᠢᠯᠯᠠᠭᠠᠨ ᠳᠤ ᠠᠰᠠᠭᠤᠳᠠᠯ | ᠡᠭᠦᠰᠦᠭᠰᠡᠨ ᠪᠠᠶᠢᠵᠤ ᠪᠣᠯᠬᠤ ᠶᠤᠮ᠃ | ᠭᠤᠷᠪᠠ᠂ ᠲᠠ ᠡᠷᠡᠭᠦᠯ ᠬᠤᠭᠤᠯᠠ ᠬᠦᠨᠡᠰᠦᠨ ᠠᠴᠠ ᠪᠤᠰᠤᠳ ᠲᠦᠷᠭᠡᠨ ᠬᠤᠭᠤᠯᠠ ᠢᠯᠡᠬᠦᠦ ᠬᠡᠷᠡᠭᠯᠡᠳᠡᠭ | ᠬᠠᠴᠢᠷᠬᠠᠯᠲᠠᠢ ᠨᠢ ᠡᠷᠡᠭᠦᠯ ᠬᠤᠭᠤᠯᠠᠨ ᠤ ᠳᠢᠭᠯᠢᠮ ᠢ ᠦᠯᠦ ᠲᠣᠭᠤᠮᠰᠠᠷᠯᠠᠬᠤ ᠨᠢ ᠮᠥᠨ ᠡᠨᠡ ᠲᠥᠷᠥᠯ ᠤᠨ | ᠠᠰᠠᠭᠤᠳᠠᠯ ᠲᠤᠯᠭᠠᠷᠠᠬᠤ ᠳᠤ ᠬᠦᠷᠭᠡᠳᠡᠭ ᠠᠵᠢ᠃ ᠰᠢᠨᠵᠢᠯᠡᠬᠦ ᠤᠬᠠᠭᠠᠨ ᠤ ᠣᠯᠠᠨ ᠰᠤᠳᠤᠯᠭ᠎ᠠ ᠪᠠᠷ ᠦᠰᠦ | ᠪᠤᠭᠤᠷᠤᠯᠲᠤᠬᠤ ᠳᠤ ᠺᠠᠯᠼᠢ᠂ ᠸᠢᠲ᠋ᠠᠮᠢᠨ D-3᠂ ᠵᠡᠰ᠂ ᠴᠠᠶᠢᠷ᠂ ᠲᠡᠮᠦᠷ ᠤᠨ ᠳᠤᠲᠠᠭᠳᠠᠯ ᠨᠥᠯᠦᠭᠡᠯᠡᠳᠡᠭ ᠪᠠᠶᠢᠨ᠎ᠠ | ᠃ | ᠳᠦᠷᠪᠡ᠂ ᠲᠠ ᠬᠢᠯᠪᠠᠷᠬᠠᠨ ᠰᠠᠨᠠᠭ᠎ᠠ ᠵᠣᠪᠠᠵᠤ᠂ ᠰᠡᠳᠬᠢᠯ ᠤᠨ ᠳᠠᠷᠤᠯᠲᠠ ᠠᠪᠳᠠᠭ | ᠮᠥᠨ ᠵᠠᠯᠠᠭᠤ ᠨᠠᠰᠤᠨ ᠳᠤ ᠦᠰᠦ ᠪᠤᠭᠤᠷᠤᠯᠲᠤᠬᠤ᠂ ᠡᠰᠡᠪᠡᠯ ᠦᠰᠤ ᠬᠠᠯᠵᠠᠷᠠᠬᠤ ᠶᠢ ᠰᠡᠳᠬᠢᠯ ᠤᠨ | ᠳᠠᠷᠤᠯᠲᠠ ᠲᠠᠢ ᠬᠤᠯᠪᠣᠨ ᠲᠠᠶᠢᠯᠪᠤᠷᠢᠯᠠᠳᠠᠭ᠃ ᠤᠳᠠᠭᠠᠨ ᠬᠤᠭᠤᠴᠠᠭᠠᠨ ᠳᠤ ᠰᠡᠳᠬᠢᠯ ᠤᠨ ᠵᠤᠪᠠᠭᠤᠷᠢ ᠲᠠᠢ᠂ ᠠᠭᠤᠷ | ᠪᠤᠬᠢᠨᠢᠳᠤᠯ ᠲᠠᠢ ᠶᠠᠪᠤᠬᠤ ᠨᠢ ᠲᠠᠨ ᠤ ᠦᠰᠦ ᠶᠢ ᠡᠷᠳᠡ ᠪᠤᠭᠤᠷᠤᠯᠳᠤᠭᠤᠯᠳᠠᠭ᠃ | ᠲᠠᠪᠤ᠂ ᠤᠳᠤᠮᠰᠢᠯ | ᠲᠠᠨ ᠤ ᠴᠠᠭᠠᠨ ᠦᠰᠦ ᠡᠴᠢᠭᠡ ᠡᠬᠡ᠂ ᠡᠪᠦᠭᠡ ᠡᠮᠡᠭᠡ ᠨᠠᠷ ᠠᠴᠠ ᠪᠠᠨ ᠥᠪᠯᠡᠵᠦ ᠠᠪᠤᠭᠰᠠᠨ ᠤᠳᠤᠮᠰᠢᠯ | ᠪᠠᠶᠢᠵᠤ ᠪᠣᠯᠬᠤ ᠶᠤᠮ᠃ ᠠᠷᠠᠰᠤ ᠰᠤᠳᠤᠯᠤᠭᠠᠴᠢᠳ ᠬᠦᠮᠦᠨ ᠲᠥᠷᠥᠯᠬᠢᠲᠡᠨ ᠤ ᠤᠳᠤᠮᠰᠢᠯ ᠨᠢ ᠬᠡᠵᠢᠶ᠎ᠡ ᠦᠰᠦ | ᠪᠤᠭᠤᠷᠤᠯᠲᠤᠬᠤ ᠶᠢ ᠲᠣᠳᠣᠷᠬᠠᠶᠢᠯᠠᠳᠠᠭ ᠪᠣᠯᠬᠤ ᠶᠢ ᠪᠠᠲᠤᠯᠠᠭᠰᠠᠨ ᠪᠢᠯᠡ᠃ ᠬᠡᠷᠪᠡ ᠲᠠᠨ ᠤ ᠭᠡᠷ ᠪᠦᠯᠢ ᠶᠢᠨ ᠬᠡᠨ | ᠨᠢᠭᠡ ᠨᠢ ᠡᠷᠲᠡ ᠪᠤᠭᠤᠷᠤᠯ ᠦᠰᠦ ᠲᠠᠢ ᠪᠣᠯᠵᠤ ᠪᠠᠶᠢᠭᠰᠠᠨ ᠪᠣᠯ ᠲᠠᠨ ᠳᠤ ᠡᠭᠦᠨ ᠲᠠᠢ ᠢᠵᠢᠯ ᠵᠦᠢᠯ | ᠲᠣᠬᠢᠶᠠᠯᠳᠤᠵᠤ ᠮᠠᠭᠠᠳ ᠦᠭᠡᠢ ᠶᠤᠮ᠃ | ᠵᠢᠷᠭᠤᠭ᠎ᠠ᠂ ᠲᠠ ᠬᠢᠮᠢ ᠶᠢᠨ ᠪᠣᠳᠠᠰ᠂ ᠬᠤᠤᠷᠲᠤ ᠪᠤᠳᠤᠭ ᠲᠠᠢ ᠦᠰᠦᠨ ᠤ ᠪᠦᠲᠦᠭᠡᠭᠳᠡᠬᠦᠨ | ᠬᠡᠷᠡᠭᠯᠡᠭᠰᠡᠨ ᠠᠴᠠ ᠪᠤᠯᠤᠭᠰᠠᠨ ᠪᠠᠶᠢᠵᠤ ᠮᠡᠳᠡᠨ᠎ᠡ | ᠦᠰᠦ ᠤᠬᠢᠶᠠᠬᠤ ᠡᠳ᠋ ᠠᠴᠠ ᠦᠰᠦᠨ ᠤ ᠪᠤᠳᠤᠭ ᠬᠦᠷᠲᠡᠯ᠎ᠡ ᠶᠡᠬᠡᠩᠬᠢ ᠦᠰᠦᠨ ᠤ ᠪᠦᠲᠦᠭᠡᠭᠳᠡᠬᠦᠨ | ᠪᠤᠭᠤᠷᠤᠯ ᠦᠰᠦ ᠲᠠᠢ ᠪᠣᠯᠬᠤ ᠳᠤ ᠬᠦᠷᠭᠡᠳᠡᠭ᠃ ᠲᠡᠳᠡᠨ ᠳᠤ ᠠᠭᠤᠯᠤᠭᠳᠠᠬᠤ ᠬᠤᠣᠷᠲᠠᠢ ᠬᠢᠮᠢ ᠶᠢᠨ | ᠪᠣᠳᠠᠰ ᠤᠳ ᠨᠢ ᠬᠠᠷ᠎ᠠ ᠦᠡᠭᠭᠡᠨ ᠡᠳ᠋ ᠤᠨ ᠲᠦᠪᠰᠢᠨ ᠢ ᠪᠠᠭᠤᠷᠠᠭᠤᠯᠵᠤ᠂ ᠤᠯᠠᠮ ᠢᠶᠠᠷ ᠲᠠᠨ ᠤ ᠦᠰᠦ | ᠪᠠᠶᠢᠭᠠᠯᠢᠯᠢᠭ ᠥᠩᠭᠡ ᠪᠠᠨ ᠠᠯᠳᠠᠳᠠᠭ ᠪᠠᠶᠢᠨ᠎ᠠ᠃ | ᠳᠤᠯᠤᠭ᠎ᠠ᠂ ᠤᠷᠢᠳᠴᠢᠯᠠᠨ ᠰᠡᠷᠭᠡᠶᠢᠯᠡᠬᠦ ᠶᠢᠨ ᠲᠤᠯᠠᠳᠠ ᠲᠠ ᠶᠠᠭᠤ ᠬᠢᠵᠦ ᠴᠢᠳᠠᠬᠤ ᠪᠤᠢ︖ | ᠲᠠᠨ ᠤ ᠦᠰᠦ ᠪᠤᠭᠤᠷᠤᠯᠲᠤᠵᠤ ᠡᠬᠢᠯᠡᠭᠰᠡᠨ ᠯᠠ ᠪᠣᠯ ᠲᠠᠨ ᠤ ᠦᠰᠦ ᠠᠩᠬᠠᠨ ᠤ ᠥᠩᠭᠡ ᠪᠠᠨ ᠪᠤᠴᠠᠭᠠᠵᠤ | ᠤᠯᠬᠤ ᠪᠣᠯᠤᠮᠵᠢ ᠦᠭᠡᠢ ᠪᠣᠯᠤᠨ᠎ᠠ᠃ ᠭᠡᠬᠦ ᠳᠤ ᠪᠠᠨ ᠡᠬᠢᠨ ᠤ ᠡᠭᠡᠯᠵᠢ ᠳᠤ ᠦᠰᠦ ᠪᠠᠨ ᠪᠤᠭᠤᠷᠤᠯ ᠪᠤᠯᠬᠤ ᠠᠴᠠ | ᠰᠡᠷᠭᠡᠶᠢᠯᠡᠬᠦ ᠠᠷᠭ᠎ᠠ ᠬᠡᠮᠵᠢᠶ᠎ᠡ ᠨᠦᠭᠦᠳ ᠢ ᠠᠪᠬᠤ ᠨᠢ ᠵᠦᠢᠲᠡᠢ ᠶᠤᠮ᠃ ᠡᠭᠦᠨ ᠳᠤ᠄ ᠦᠰᠦ ᠶᠢ ᠨᠠᠷᠠᠨ ᠳᠤ | ᠭᠡᠮᠲᠦᠬᠦ ᠠᠴᠠ ᠬᠠᠮᠠᠭᠠᠯᠠᠭᠠᠷᠠᠢ᠃ ᠪᠤᠯᠤᠮᠵᠢ ᠲᠠᠢ ᠪᠤᠯ ᠭᠠᠳᠠᠭᠰᠢ ᠪᠠᠨ ᠭᠠᠷᠬᠤ ᠪᠦᠷᠢ ᠳᠤ ᠪᠠᠨ ᠲᠣᠯᠣᠭᠠᠢ ᠪᠠᠨ | ᠨᠠᠷᠠᠨ ᠤ ᠲᠤᠶᠠᠭᠠᠨ ᠠᠴᠠ ᠬᠠᠯᠬᠠᠯᠠᠵᠤ ᠪᠠᠶᠢᠭᠠᠷᠠᠢ᠃ | ᠦᠰᠦ ᠬᠠᠲᠠᠭᠠᠭᠴᠢ ᠬᠡᠷᠡᠭᠯᠡᠬᠦ ᠠᠴᠠ ᠠᠯᠢ ᠪᠣᠯᠬᠤ ᠵᠠᠶᠢᠯᠠᠰᠬᠢᠬᠦ ᠬᠡᠷᠡᠭᠲᠡᠢ᠃ ᠦᠰᠦᠨ ᠤ ᠲᠣᠮᠣ ᠰᠠᠮ ᠢᠶᠠᠷ | ᠦᠰᠦ ᠪᠠᠨ ᠰᠠᠮᠨᠠᠭᠠᠷᠠᠢ᠃ | ᠬᠤᠭᠤᠯᠠ ᠬᠦᠨᠡᠰᠦᠨ ᠳᠤ ᠪᠠᠨ ᠴᠠᠭᠠᠨ ᠨᠤᠭᠤᠭ᠎ᠠ᠂ ᠴᠡᠴᠡᠭᠲᠦ ᠴᠠᠭᠠᠨ ᠨᠤᠭᠤᠭ᠎ᠠ᠂ ᠨᠠᠷᠭᠢᠯ ᠤᠨ ᠰᠢᠭᠦᠰᠤ᠂ | ᠯᠤᠤᠪᠠᠩ ᠤᠨ ᠰᠢᠭᠦᠰᠦ ᠵᠡᠷᠭᠡ ᠶᠢ ᠢᠯᠡᠭᠦᠬᠡᠨ ᠣᠷᠣᠭᠤᠯᠤᠭᠠᠷᠠᠢ᠃ |