ᠬᠡᠳᠤᠨ ᠨᠠᠰᠤᠳᠠᠢ ᠬᠦᠮᠤᠨ ᠬᠡᠴᠢᠨᠡᠬᠡᠨ ᠴᠠᠭ ᠤᠨᠳᠠᠬᠤ ᠶᠤᠰᠤᠳᠠᠢ ᠪᠤᠢ︖
ᠨᠡᠶᠢᠲᠡᠯᠡᠭᠰᠡᠨ ᠴᠠᠭ᠄
2021/4/22
      ᠬᠦᠮᠤᠨ ᠤ ᠤᠷᠭᠠᠨᠢᠭ ᠪᠠᠶ᠎ᠠ ᠤᠨᠳᠠᠵᠤ ᠪᠠᠶᠢᠬᠤ ᠦᠶ᠎ᠠ ᠳᠡᠭᠡᠨ ᠠᠰᠤᠷᠤ ᠶᠡᠭᠡ ᠡᠷᠴᠢ ᠬᠦᠴᠤ ᠴᠤᠭᠯᠠᠭᠤᠯᠵᠤ ᠪᠠᠶᠢᠳᠠᠭ᠃ ᠳᠠᠶᠢᠮᠤ ᠠᠴᠠ ᠨᠦᠢᠷ ᠳᠤᠳᠠᠬᠤ᠂ ᠨᠦᠢᠷ ᠦᠬᠡᠢ ᠬᠤᠨᠤᠬᠤ᠂ ᠴᠠᠭ ᠰᠤᠯᠢᠭᠳᠠᠬᠤ ᠵᠡᠷᠬᠡ ᠨᠢ ᠡᠷᠡᠬᠦᠯ ᠮᠠᠨᠳᠤ ᠳᠤ ᠶᠠᠬᠡᠬᠡᠨ ᠬᠤᠬᠢᠷᠠᠯ ᠤᠴᠠᠷᠠᠭᠤᠯᠵᠤ ᠮᠠᠭᠠᠳ ᠦᠬᠡᠢ ᠶᠤᠮ᠃ ᠳᠠᠬᠡᠪᠠᠯ ᠪᠢᠳᠠ ᠡᠨᠡ ᠤᠳᠠᠭ᠎ᠠ ᠬᠦᠮᠤᠨ ᠤ ᠨᠠᠰᠤ ᠪᠤᠯᠤᠨ ᠨᠦᠢᠷ ᠬᠤᠭᠤᠷᠤᠨᠳᠤ ᠶᠢᠨ ᠬᠠᠮᠢᠶᠠᠷᠤᠯ ᠪᠤᠯᠤᠨ ᠦᠬᠡᠷ᠎ᠠ ᠪᠤᠰᠤᠳ ᠰᠤᠨᠢᠷᠬᠠᠯᠳᠠᠢ ᠪᠠᠷᠢᠮᠳᠠ ᠨᠤᠭᠤᠳ ᠢ ᠳᠠᠨᠢᠯᠴᠠᠭᠤᠯᠬᠤ ᠪᠠᠷ ᠪᠠᠯᠠᠳᠤᠯ᠎ᠠ᠃      ᠬᠡᠳᠤᠨ ᠴᠠᠭ ᠤᠨᠳᠠᠬᠤ ᠬᠡᠷᠡᠭᠳᠠᠢ ᠪᠤᠢ︖      ᠶᠠᠬᠡᠩᠬᠢ ᠰᠤᠳᠤᠯᠭ᠎ᠠ ᠨᠤᠭᠤᠳ ᠳᠠᠬᠡᠷ᠎ᠠ ᠬᠦᠮᠤᠨ ᠢ 8 ᠴᠠᠭ ᠤᠨᠳᠠᠬᠤ ᠶᠤᠰᠤᠳᠠᠢ ᠬᠡᠮᠠᠨ ᠳᠤᠳᠤᠷᠬᠠᠢᠢᠯᠠᠭᠰᠠᠨ ᠪᠠᠶᠢᠳᠠᠭ ᠪᠤᠯᠪᠠᠴᠤ ᠨᠠᠰᠤ ᠨᠠᠰᠤᠨ ᠤ ᠤᠨᠴᠠᠯᠢᠭ ᠠᠴᠠ ᠬᠠᠮᠢᠶᠠᠷᠴᠤ ᠪᠠᠶᠢᠭ᠎ᠠ ᠤᠴᠢᠷ ᠠᠴᠠ ᠦᠬᠡᠷ᠎ᠠ ᠦᠬᠡᠷ᠎ᠠ ᠪᠠᠶᠢᠳᠠᠭ᠃ ᠬᠠᠷᠢᠨ ᠡᠨᠡ ᠳᠠᠯ᠎ᠠ ᠪᠠᠷ ᠫᠷᠤᠹᠧᠰᠰᠤᠷ ᠴᠡᠷᠯᠢᠰ ᠺᠸᠢᠰᠯᠧᠷ ᠨᠢᠬᠡᠨ ᠰᠤᠷᠨᠢᠷᠬᠠᠯᠳᠠᠢ ᠲᠤᠷᠰᠢᠯᠳᠠ ᠬᠢᠭᠰᠡᠨ ᠪᠠ ᠬᠦᠮᠤᠨ ᠤ ᠨᠠᠰᠤᠨ ᠤ ᠢᠯᠭᠠᠭ᠎ᠠ ᠪᠤᠯᠤᠨ ᠤᠨᠳᠠᠬᠤ ᠴᠠᠭ ᠤᠨ ᠬᠤᠭᠤᠷᠤᠨᠳᠤ ᠶᠢᠨ ᠬᠠᠮᠢᠶᠠᠷᠤᠯ ᠤᠨ ᠲᠤᠭᠳᠠᠭᠠᠯ ᠭᠠᠷᠭᠠᠵᠠᠢ᠃      ᠤᠨᠳᠠᠬᠤ ᠴᠠᠭ᠄ ᠳᠦᠩᠭᠡᠵᠦ ᠲᠦᠷᠦᠭᠰᠡᠨ ᠬᠡᠤᠬᠡᠳ ︵0 — 3 ᠰᠠᠷ᠎ᠠ︶᠄ 15 — 20 ᠴᠠᠭ      ᠨᠢᠯᠬ᠎ᠠ ᠬᠡᠤᠬᠡᠳ ︵4 — 11 ᠰᠠᠷ᠎ᠠ︶᠄ 14 — 17 ᠴᠠᠭ      ᠬᠡᠤᠬᠡᠳ ᠤᠳ ︵3 — 5 ᠨᠠᠰᠤ︶᠄ 12 — 15 ᠴᠠᠭ      ᠰᠤᠷᠭᠠᠭᠤᠯᠢ ᠶᠢᠨ ᠡᠮᠤᠨᠡᠬᠢ ᠨᠠᠰᠤ ︵6 — 13 ᠨᠠᠰᠤ︶᠄ 9 — 11 ᠴᠠᠭ      ᠦᠰᠪᠤᠷᠢ ᠨᠠᠰᠤᠨ ᠤ ᠬᠡᠤᠬᠡᠳ ︵14 — 17 ᠴᠠᠭ︶᠄ 9 — 11 ᠴᠠᠭ      ᠵᠠᠯᠠᠭᠤ ᠨᠠᠰᠤ ︵18 — 25 ᠨᠠᠰᠤ︶᠄ 8 — 10 ᠴᠠᠭ      ᠨᠠᠰᠤᠨ ᠳᠤ ᠬᠦᠷᠦᠭᠰᠡᠨ ︵26 — 64︶᠄ 7 — 9 ᠴᠠᠭ      ᠨᠠᠰᠤᠳᠠᠢ ᠬᠦᠮᠤᠰ ︵65 ᠠᠴᠠ ᠳᠠᠬᠡᠭᠰᠢ︶᠄ 7 — 8 ᠴᠠᠭ      ᠬᠡᠷᠪᠡ ᠴᠠᠭ ᠢᠶᠠᠷ ᠢᠶᠠᠨ ᠤᠨᠳᠠᠵᠤ ᠴᠢᠳᠠᠬᠤ ᠦᠬᠡᠢ ᠪᠤᠯ ᠶᠠᠭᠠᠬᠢᠬᠤ ᠪᠤᠢ︖      ᠡᠳᠤᠷ ᠤᠨ ᠴᠠᠭ ᠢᠶᠠᠷ ᠠᠯᠢ ᠪᠣᠯᠬᠤᠷ ᠦᠪᠡᠷ ᠢ ᠪᠠᠨ ᠬᠡᠷᠡᠯ ᠲᠠᠢ ᠪᠠᠶᠢᠯᠭᠠᠵᠤ᠂ ᠤᠷᠤᠢ ᠪᠤᠯᠪᠠᠯ ᠦᠢᠷ᠎ᠠ ᠤᠷᠴᠢᠮ ᠤᠨ ᠬᠡᠷᠡᠯ ᠤᠳ ᠢ ᠪᠠᠭᠠᠰᠬᠠᠬᠤ ᠪᠤᠶᠤ ᠪᠦᠳᠠᠬᠢᠷᠠᠬᠦᠯᠬᠦ ᠬᠡᠷᠡᠭᠳᠠᠢ᠃      ᠦᠷᠯᠤᠬᠡ ᠪᠦᠷᠢ ᠨᠠᠷᠠᠨ ᠤ ᠬᠡᠷᠡᠯ ᠠᠪᠬᠤ ᠪᠤᠶᠤ ᠭᠠᠷᠴᠤ ᠠᠯᠬᠤᠬᠤ᠂ ᠬᠦᠶᠤᠬᠦ ᠬᠡᠷᠡᠭᠳᠠᠢ᠃      ᠠᠵᠢᠯ ᠳᠠᠬᠡᠷ᠎ᠠ ᠪᠠᠨ ᠰᠢᠷᠡᠭᠡ ᠪᠠᠨ ᠴᠤᠩᠬᠤ ᠤᠷᠤᠭᠤ ᠬᠠᠷᠠᠭᠤᠯᠵᠤ ᠪᠠᠶᠢᠷᠢᠯᠠᠭᠤᠯᠬᠤ ᠬᠡᠷᠡᠭᠳᠠᠢ᠃      ᠦᠳᠠ ᠳᠤᠮᠳᠠ ᠲᠤᠭ ᠬᠢᠬᠦ᠂ ᠬᠡᠬᠦ ᠳᠡᠭᠡᠨ 20 ᠮᠢᠨᠦ᠋ᠲ ᠠᠴᠠ ᠬᠡᠳᠤᠷᠠᠬᠦᠯᠪᠠᠯ ᠰᠦᠨᠢ ᠶᠢᠨ ᠨᠦᠢᠷ ᠢ ᠦᠢᠮᠠᠬᠦᠯᠤᠨ᠎ᠠ᠃ ᠡᠨᠡ ᠨᠢ ᠳᠠᠨ ᠤ ᠪᠤᠳᠠᠳᠤ ᠪᠠᠶᠢᠳᠠᠯ ᠠᠴᠠ ᠬᠡᠳᠤᠷᠡᠭᠰᠡᠨ ᠮᠠᠳᠤ ᠰᠠᠨᠠᠭᠳᠠᠬᠤ ᠮᠠᠭᠠᠳ ᠦᠬᠡᠢ ᠴᠤ ᠠᠵᠢᠯ ᠤᠨ ᠪᠠᠶᠢᠷᠢᠨ ᠳᠠᠭᠠᠨ ᠠᠵᠢᠯᠴᠢᠳ ᠲᠤ ᠴᠤ ᠦᠳᠠ ᠳᠤᠮᠳᠠ ᠲᠤᠭ ᠬᠢᠬᠦ ᠶᠢ ᠰᠠᠨᠠᠯ ᠪᠤᠯᠭᠠᠳᠠᠭ ᠺᠤᠮᠫᠠᠨᠢ ᠶᠢᠨ ᠲᠤᠭ᠎ᠠ ᠨᠡᠮᠡᠭᠳᠠᠵᠤ ᠪᠤᠢ᠃            ᠤᠨᠳᠠᠬᠤ ᠠᠴᠠ ᠪᠠᠨ ᠡᠮᠤᠨ᠎ᠠ ᠨᠢᠬᠡ ᠴᠠᠭ ᠤᠨ ᠡᠮᠤᠨ᠎ᠠ ᠪᠦᠬᠦ ᠴᠠᠬᠢᠯᠭᠠᠨ ᠬᠡᠷᠡᠭᠰᠠᠯ ᠢᠶᠠᠨ ᠤᠨᠳᠠᠷᠠᠭᠠᠬᠤ ᠬᠡᠷᠡᠭᠳᠠᠢ᠃ ᠤᠨᠳᠠᠯᠭ᠎ᠠ ᠶᠢᠨ ᠦᠷᠤᠬᠡᠨ ᠳᠡᠭᠡᠨ ᠴᠠᠬᠢᠯᠭᠠᠨ ᠬᠡᠷᠡᠭᠰᠡᠯ ᠠᠴᠠ ᠳᠠᠳᠠᠭᠠᠯᠵᠠᠵᠤ ᠪᠦᠳᠠᠬᠢ ᠬᠡᠷᠡᠯ ᠳᠤ ᠨᠤᠮ ᠤᠩᠰᠢᠬᠤ ᠶᠢ ᠰᠠᠨᠠᠭᠤᠯᠤᠶ᠎ᠠ᠃      ᠬᠡᠷᠪᠡ ᠳᠠᠨ ᠳᠤ ᠵᠠᠶᠢᠯᠠᠰᠢ ᠦᠬᠡᠢ ᠱᠠᠭᠠᠷᠳᠠᠯᠭ᠎ᠠ ᠲᠤᠯᠭᠠᠷᠠᠪᠠᠯ ᠴᠠᠬᠢᠯᠭᠠᠨ ᠬᠡᠷᠡᠭᠰᠡᠯ ᠤᠳ ᠤᠨ ᠢᠶᠠᠨ ᠬᠡᠷᠡᠯ ᠢ ᠪᠦᠳᠡᠬᠢ ᠲᠤᠬᠢᠷᠠᠭᠤᠯᠤᠨ ᠤᠷᠤᠭᠤᠯᠵᠤ᠂ ᠴᠠᠩᠬᠡᠷ ᠬᠡᠷᠡᠯ ᠢ ᠪᠠᠭᠤᠷᠠᠭᠤᠯᠬᠤ ᠬᠡᠷᠡᠭᠳᠠᠢ᠃ ᠤᠨᠳᠠᠬᠤ ᠠᠴᠠ ᠡᠮᠤᠨ᠎ᠠ ᠬᠠᠯᠠᠭᠤᠨ ᠪᠦᠯᠢᠶᠠᠨ ᠤᠰᠤᠨ ᠳᠤ ᠤᠷᠤᠬᠤ ᠨᠢ ᠪᠠᠶ᠎ᠠ ᠶᠢᠨ ᠲᠤᠯᠠᠭᠠᠨ ᠢ ᠨᠡᠮᠡᠭᠳᠠᠬᠦᠯᠵᠤ ᠳᠠᠶᠢᠪᠤᠩ ᠠᠮᠠᠷᠠᠬᠤ ᠨᠦᠬᠦᠴᠠᠯ ᠢ ᠪᠦᠷᠢᠳᠤᠬᠦᠯᠳᠡᠭ᠃ ᠤᠨᠳᠠᠯᠭ᠎ᠠ ᠶᠢᠨ ᠦᠷᠤᠬᠡᠨ ᠤ ᠪᠠᠨ ᠲᠤᠯᠠᠭᠠᠨ ᠤ ᠬᠡᠮᠵᠢᠶ᠎ᠠ ᠶᠢ 20 ᠭᠷᠡᠳᠦ᠋ᠰ ᠪᠠᠶᠢᠯᠭᠠᠵᠤ᠂ ᠬᠦᠯ ᠢᠶᠠᠨ ᠳᠠᠭᠠᠷᠠᠭᠤᠯᠵᠤ ᠪᠤᠯᠬᠤ ᠦᠬᠡᠢ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号