ᠠᠶᠢᠯ ᠪᠤᠯᠭᠠᠨ ᠬᠦᠯᠳᠡᠭᠡᠭᠦᠷ ᠲᠠᠢ᠃ ᠢᠳᠡᠭᠡᠨ ᠤᠮᠳᠠᠭᠠᠨ ᠤ ᠵᠦᠢᠯ᠂ ᠤᠨᠴᠠᠭᠠᠢᠢᠯᠠᠨ ᠮᠢᠬ᠎ᠠ ᠶᠢ | ᠬᠦᠯᠳᠡᠭᠡᠭᠦᠷ ᠲᠤ ᠬᠦᠯᠳᠡᠭᠡᠭᠡᠳ ᠳᠠᠯᠪᠢᠴᠢᠬᠠᠪᠠᠯ ︽ᠪᠠᠳᠤ ᠠᠪᠳᠠᠷ᠎ᠠ︾ ᠳᠤ ᠴᠤᠤᠵᠢᠯᠡᠴᠢᠬᠠᠬᠰᠠᠨ ᠰᠢᠬ | ᠬᠦᠳᠡᠯᠭᠡᠬᠦ ᠪᠠᠨ ᠮᠠᠷᠳᠠᠴᠢᠬᠠᠳᠠᠭ ᠬᠦᠮᠦᠨ ᠵᠦᠩᠳᠡᠭᠡᠨ᠃ ᠡᠨᠡ ᠵᠢᠯ ᠤᠨ ᠡᠪᠦᠯ ᠤᠨ ᠢᠳᠡᠰᠢᠨ ᠤ ᠦᠶ᠎ᠠ ᠪᠠᠷ | ᠬᠦᠯᠳᠡᠭᠡᠭᠰᠡᠨ ᠮᠢᠬ᠎ᠠ ᠨᠢ ᠢᠷᠡᠬᠦ ᠵᠢᠯ ᠤᠨ ᠢᠳᠡᠰᠢᠨ ᠳᠡᠭᠡᠨ ᠵᠠᠯᠭᠠᠨ᠎ᠠ᠃ ᠬᠦᠯᠳᠡᠭᠡᠭᠰᠡᠨ ᠢᠳᠡᠭᠡᠨ ᠤᠮᠳᠠᠭᠠᠨ ᠳᠤ | ᠴᠤ ᠴᠢᠨᠠᠷ ᠢ ᠪᠠᠳᠤᠯᠠᠬᠤ ᠬᠤᠭᠤᠴᠠᠭ᠎ᠠ ᠭᠡᠵᠦ ᠪᠠᠶᠢᠳᠠᠭ ᠢ ᠪᠦᠬᠦᠳᠡᠭᠡᠷ ᠢᠶᠠᠨ ᠰᠠᠨᠠᠭᠠᠨ ᠳᠠᠭᠠᠨ ᠠᠪᠤᠭᠠᠷᠠᠢ︕ | | ᠤᠯᠠᠭᠠᠨ ᠦᠩᠭᠡᠳᠡᠢ ᠮᠢᠬᠠᠨ ᠤ ᠵᠦᠢᠯ ᠢ᠂ ᠡᠭᠦᠨ ᠳᠤ ᠭᠠᠭ᠋ᠠᠢ᠂ ᠦᠭᠡᠷ᠂ ᠬᠤᠨᠢᠨ ᠤ ᠮᠢᠬ᠎ᠠ ᠪᠠᠭᠳᠠᠨ᠎ᠠ᠂ | 10 — 12 ᠰᠠᠷ᠎ᠠ ᠬᠦᠯᠳᠡᠭᠡᠨ ᠬᠠᠳᠠᠭᠠᠯᠠᠵᠤ ᠪᠤᠯᠤᠨ᠎ᠠ᠃ ᠳᠡᠭᠡᠬᠦ ᠳᠡᠭᠡᠨ ᠦᠭᠡᠷ ᠤᠨ ᠮᠢᠬᠠᠨ ᠤ | ᠬᠠᠳᠠᠭᠠᠯᠠᠬᠤ ᠶᠢ ᠳᠠᠭᠠᠭᠠᠬᠤ ᠴᠢᠨᠠᠷ ᠨᠢ ᠭᠠᠭ᠋ᠠᠢ ᠶᠢᠨ ᠮᠢᠬ᠎ᠠ᠂ ᠬᠤᠨᠢᠨ ᠤ ᠮᠢᠬᠠᠨ ᠠᠴᠠ ᠳᠤᠭᠳᠠᠪᠤᠷᠢ ᠲᠠᠢ᠂ ᠬᠠᠷ᠎ᠠ | ᠮᠢᠬ᠎ᠠ ᠨᠢ ᠦᠭᠡᠬᠦ ᠠᠴᠠ ᠢᠯᠡᠭᠦᠦ ᠤᠷᠳᠤ ᠬᠤᠭᠤᠴᠠᠭ᠎ᠠ ᠬᠠᠳᠠᠭᠠᠯᠠᠵᠤ ᠪᠤᠯᠳᠠᠭ᠃ ᠵᠢᠭᠦᠷᠳᠡᠨ ᠤ ᠮᠢᠬ᠎ᠠ — | ᠳᠠᠬᠢᠶ᠎ᠠ᠂ ᠨᠤᠭᠤᠰᠤ᠂ ᠭᠠᠯᠠᠭᠤ᠂ ᠳᠠᠭᠳᠠᠭ᠎ᠠ ᠶᠢᠨ ᠮᠢᠬ᠎ᠠ ᠵᠡᠷᠭᠡ ᠶᠢᠨ ᠬᠠᠳᠠᠭᠠᠯᠠᠬᠤ ᠬᠤᠭᠤᠴᠠᠭ᠎ᠠ ᠨᠢ ᠤᠯᠠᠭᠠᠨ | ᠦᠩᠭᠡᠳᠡᠢ ᠮᠢᠬᠠᠨ ᠠᠴᠠ ᠠᠷᠠᠢ ᠤᠬᠤᠷ᠂ 8 — 10 ᠰᠠᠷ᠎ᠠ᠃ | ᠳᠠᠯᠠᠢ ᠶᠢᠨ ᠢᠳᠡᠭᠡᠨ᠂ ᠨᠠᠭᠤᠷ ᠭᠤᠤᠯ ᠤᠨ ᠢᠳᠡᠭᠡᠨ — ᠵᠢᠭᠠᠰᠤ᠂ ᠰᠠᠮ᠂ ᠬᠢᠰᠤᠭ᠎ᠠ ᠶᠢᠨ ᠳᠦᠷᠦᠯ | ᠵᠡᠷᠭᠡ ᠶᠢᠨ ᠬᠠᠳᠠᠭᠠᠯᠠᠬᠤ ᠬᠤᠭᠤᠴᠠᠭ᠎ᠠ ᠨᠢ ᠮᠠᠯ ᠤᠨ ᠮᠢᠬ᠎ᠠ ᠵᠢᠭᠦᠷᠳᠡᠨ ᠤ ᠮᠢᠬ᠎ᠠ ᠠᠴᠠ ᠨᠡᠩ ᠤᠬᠤᠷ᠂ ᠡᠩ ᠤᠨ | ᠪᠠᠶᠢᠳᠠᠯ ᠳᠤ ᠬᠠᠭᠠᠰ ᠵᠢᠯ ᠤᠷᠴᠢᠮ ᠬᠠᠳᠠᠭᠠᠯᠠᠵᠤ ᠪᠤᠯᠬᠤ ᠪᠠ ᠬᠠᠮᠤᠭ ᠤᠨ ᠰᠠᠶᠢᠨ ᠨᠢ 4 ᠰᠠᠷ᠎ᠠ ᠶᠢᠨ ᠳᠤᠳᠤᠷ᠎ᠠ | ᠢᠳᠡᠵᠦ ᠳᠠᠭᠤᠰᠬᠠᠪᠠᠯ ᠰᠠᠶᠢᠨ᠃ | ᠬᠦᠯᠳᠡᠭᠦᠦ ᠮᠢᠬᠠᠨ ᠤ ᠬᠠᠳᠠᠭᠠᠯᠠᠬᠤ ᠬᠤᠭᠤᠴᠠᠭ᠎ᠠ ᠶᠢ ᠤᠨᠤᠯ ᠤᠨ ᠬᠤᠪᠢ ᠳᠤ ᠠᠪᠴᠤ ᠦᠵᠡᠪᠡᠯ ᠨᠡᠯᠢᠶᠡᠳ | ᠤᠷᠳᠤ ᠪᠠᠶᠢᠳᠠᠭ ᠪᠤᠯᠪᠠᠴᠤ ᠭᠡᠳᠦ ᠳᠡᠯᠭᠡᠭᠦᠷ ᠠᠴᠠ ᠬᠤᠳᠠᠯᠳᠤᠵᠤ ᠠᠪᠴᠢᠷᠠᠭᠰᠠᠨ ᠮᠢᠬ᠎ᠠ ᠴᠢᠨᠢ ᠪᠤᠷᠤᠯᠠᠭᠤᠯᠭ᠎ᠠ ᠶᠢᠨ | ᠶᠠᠪᠤᠴᠠ ᠳᠠᠭᠠᠨ ᠪᠠᠺᠲ᠋ᠧᠷᠢ ᠶᠢᠨ ᠪᠤᠬᠢᠷᠳᠤᠯ ᠳᠤ ᠤᠴᠠᠷᠠᠭᠰᠠᠨ ᠡᠰᠡᠬᠦ᠂ ᠭᠡᠳᠦᠢ ᠤᠳᠠᠭᠰᠠᠨ᠂ ᠬᠢᠷᠢ ᠵᠡᠷᠭᠡ ᠰᠢᠨ᠎ᠠ | ᠰᠤᠷᠭᠤᠭ ᠪᠠᠶᠢᠨ᠎ᠠ ᠪᠤᠢ ᠭᠡᠳᠡᠭ ᠢ ᠪᠤᠳᠤᠯᠬᠢᠯᠠᠬᠤ ᠭᠡᠷᠡᠭ ᠲᠠᠢ ᠪᠠᠶᠢᠳᠠᠭ᠃ | ᠡᠭᠦᠨ ᠠᠴᠠ ᠭᠠᠳᠠᠨ᠎ᠠ᠂ ᠬᠤᠪᠢ ᠠᠶᠢᠯ ᠤᠨ ᠬᠦᠯᠳᠡᠭᠡᠭᠦᠷ ᠭᠡᠳᠡᠭ ᠴᠢᠨᠢ ᠦᠷᠭᠦᠯᠵᠢ ᠨᠡᠭᠡᠭᠡᠵᠦ ᠬᠠᠭᠠᠵᠤ | ᠪᠠᠶᠢᠳᠠᠭ᠂ ᠴᠠᠬᠢᠯᠭᠠᠨ ᠵᠤᠬᠰᠤᠬᠤ ᠴᠤ ᠶᠠᠪᠤᠳᠠᠯ ᠭᠠᠷᠤᠨ᠎ᠠ᠂ ᠢᠩᠭᠢᠭᠡᠳ ᠬᠦᠯᠳᠡᠭᠡᠭᠦᠷ ᠤᠨ ᠳᠤᠯᠠᠭᠠᠨ ᠤ | ᠬᠡᠮᠵᠢᠶ᠎ᠠ ᠳᠤ ᠬᠤᠪᠢᠷᠠᠯᠳᠠ ᠭᠠᠷᠴᠤ ᠯᠡ ᠪᠠᠶᠢᠳᠠᠭ᠃ ᠡᠶᠢᠮᠦ ᠠᠴᠠ ᠭᠡᠳᠦ ᠳᠡᠯᠭᠡᠭᠦᠷ ᠠᠴᠠ ᠬᠤᠳᠠᠯᠳᠤᠵᠤ ᠠᠪᠤᠭᠰᠠᠨ | ᠡᠯ᠎ᠠ ᠵᠦᠢᠯ ᠤᠨ ᠮᠢᠬ᠎ᠠ ᠶᠢ ᠬᠦᠯᠳᠡᠭᠡᠭᠰᠡᠨ ᠴᠤ ᠭᠡᠰᠡᠨ ᠴᠢᠳᠠᠬᠤ ᠶᠢᠨ ᠳᠤᠳᠤᠷ᠎ᠠ 1 ᠰᠠᠷ᠎ᠠ ᠶᠢᠨ ᠬᠤᠭᠤᠴᠠᠭᠠᠨ ᠳᠤ | ᠢᠳᠡᠵᠦ ᠳᠠᠭᠤᠰᠬᠠᠨ᠂ ᠬᠡᠵᠢᠶ᠎ᠠ ᠢᠳᠡᠪᠡᠯ ᠬᠡᠵᠢᠶ᠎ᠠ ᠬᠤᠳᠠᠯᠳᠤᠵᠤ ᠠᠪᠤᠪᠠᠯ ᠬᠠᠮᠤᠭ ᠤᠨ ᠰᠠᠶᠢᠨ᠃ | ᠪᠠᠰᠠ ᠨᠢᠭᠡ ᠵᠦᠢᠯ ᠢ ᠤᠨᠴᠠᠭᠠᠢ ᠠᠩᠬᠠᠷᠬᠤ ᠭᠡᠷᠡᠭᠳᠡᠢ᠂ ᠳᠠᠷᠤᠢ ᠬᠦᠯᠳᠡᠭᠡᠬᠦ ᠠᠴᠠ ᠪᠠᠨ ᠡᠮᠦᠨ᠎ᠠ ᠴᠡᠪᠡᠷᠯᠡᠵᠦ | ᠰᠢᠢᠳᠪᠦᠷᠢᠯᠡᠬᠦ ᠨᠢ ᠬᠦᠳᠡᠯᠭᠡᠭᠰᠡᠨ ᠢᠳᠡᠭᠡᠨ ᠤ ᠴᠢᠨᠠᠷ ᠢ ᠪᠠᠳᠤᠯᠠᠵᠤ᠂ ᠬᠠᠳᠠᠭᠠᠯᠠᠬᠤ ᠬᠤᠭᠤᠴᠠᠭ᠎ᠠ ᠶᠢ | ᠳᠤᠭᠳᠠᠭᠠᠬᠤ ᠳᠤ ᠴᠢᠬᠤᠯᠠ ᠦᠢᠯᠡᠳᠦᠯ ᠦᠵᠡᠭᠦᠯᠳᠡᠭ᠃ ᠵᠢᠱᠢᠶᠡᠯᠡᠪᠡᠯ ᠠᠮᠢᠳᠤ ᠵᠢᠭᠠᠰᠤ ᠬᠤᠳᠠᠯᠳᠤᠵᠤ ᠠᠪᠤᠭᠠᠳ | ᠴᠡᠪᠡᠷᠯᠡᠬᠦ ᠦᠭᠡᠢ ᠬᠦᠯᠳᠡᠭᠡᠴᠢᠬᠡᠪᠡᠯ᠂ 1 — 2 ᠰᠠᠷ᠎ᠠ ᠯᠡ ᠬᠠᠳᠠᠭᠠᠯᠠᠵᠤ ᠳᠡᠶᠢᠯᠦᠨ᠎ᠠ︔ ᠬᠡᠷᠪᠡ ᠰᠢᠨᠵᠢᠯᠡᠬᠦ | ᠤᠬᠠᠭᠠᠨᠴᠢ ᠠᠷᠭ᠎ᠠ ᠬᠡᠮᠵᠢᠶ᠎ᠠ ᠠᠪᠴᠤ ᠴᠡᠪᠡᠷᠯᠡᠵᠦ ᠰᠢᠢᠳᠪᠦᠷᠢᠯᠡᠭᠰᠡᠨ ᠪᠤᠯ ᠪᠠᠷᠤᠭ ᠬᠠᠭᠠᠰ ᠵᠢᠯ ᠬᠠᠳᠠᠭᠠᠯᠠᠵᠤ | ᠪᠤᠯᠤᠨ᠎ᠠ᠃ | ▲ ᠵᠢᠭᠦᠷᠳᠡᠨ᠂ ᠳᠠᠯᠠᠢ ᠶᠢᠨ ᠢᠳᠡᠭᠡᠨ᠂ ᠨᠠᠭᠤᠷ ᠭᠤᠤᠯ ᠤᠨ ᠢᠳᠡᠭᠡᠨ ᠤ ᠭᠡᠳᠡᠰᠦ ᠳᠤᠳᠤᠷ ᠢ ᠨᠢ ᠭᠠᠷᠭᠠᠵᠤ | ᠂ ᠳᠤᠳᠤᠷ ᠭᠠᠳᠠᠷ ᠦᠭᠡᠢ ᠰᠠᠶᠢᠳᠤᠷ ᠤᠭᠢᠶᠠᠭᠠᠳ ᠬᠦᠯᠳᠡᠭᠡᠨᠠ︔ ᠪᠤᠰᠤᠳ ᠢᠳᠡᠭᠡᠨ ᠤ ᠵᠦᠢᠯ ᠪᠠ ᠮᠢᠬᠠᠨ ᠤ | ᠵᠦᠢᠯ ᠢ ᠮᠦᠨ ᠤᠷᠢᠳᠠᠪᠠᠷ ᠰᠠᠶᠢᠳᠤᠷ ᠤᠭᠢᠶᠠᠵᠤ ᠴᠡᠪᠡᠷᠯᠡᠵᠤ᠂ ᠦᠩᠭᠡᠨ ᠳᠠᠯ᠎ᠠ ᠶᠢᠨ ᠪᠠᠺᠲ᠋ᠧᠷᠢ ᠮᠡᠳᠦ ᠶᠢᠨ | ᠪᠤᠬᠢᠷᠳᠤᠯ ᠪᠤᠳᠠᠰ ᠢ ᠠᠷᠢᠯᠭᠠᠭᠠᠳ ᠬᠦᠯᠳᠡᠭᠡᠨᠠ᠃ | ▲ ᠶᠠᠮᠠᠷᠪᠠ ᠢᠳᠡᠭᠡᠨ ᠢ ᠬᠦᠯᠳᠡᠭᠡᠭᠦᠷ ᠲᠤ ᠬᠢᠬᠦ ᠠᠴᠠ ᠪᠠᠨ ᠡᠮᠦᠨ᠎ᠠ᠂ ᠨᠢᠭᠡ ᠤᠳᠠᠭ᠎ᠠ ᠶᠢᠨ ᠢᠳᠡᠬᠦ | ᠬᠡᠮᠵᠢᠶ᠎ᠠ ᠪᠠᠷ ᠭᠡᠰᠡᠭᠯᠡᠵᠦ ᠬᠤᠪᠢᠶᠠᠨ᠂ ᠰᠦᠯᠢᠶᠤᠤ ᠤᠭᠤᠳᠠ ᠪᠤᠶᠤ ᠤᠷᠢᠶᠠᠯᠳᠠ ᠪᠠᠷ ᠰᠠᠶᠢᠳᠤᠷ ᠪᠤᠭᠤᠵᠤ᠂ | ᠤᠰᠤ ᠨᠢ ᠠᠯᠳᠠᠭᠳᠠᠬᠤ ᠠᠴᠠ ᠰᠡᠷᠭᠡᠶᠢᠯᠡᠨ᠎ᠠ᠃ ᠴᠢᠬᠤᠯᠠ ᠲᠠᠢ ᠪᠤᠯ ᠪᠤᠭᠤᠳᠠᠯ ᠳᠡᠭᠡᠷ᠎ᠡ ᠪᠠᠨ ᠬᠦᠯᠳᠡᠭᠡᠭᠰᠡᠨ ᠡᠳᠦᠷ | ᠰᠠᠷ᠎ᠠ᠂ ᠶᠠᠭᠤ ᠪᠤᠯᠬᠤ ᠭᠡᠳᠡᠭ ᠢ ᠨᠢ ᠪᠢᠴᠢᠭᠡᠳ ᠳᠠᠯᠪᠢᠴᠢᠬᠠᠬᠤ ᠳᠤ ᠪᠤᠯᠤᠨ᠎ᠠ᠃ | ▲ ᠬᠦᠯᠳᠡᠭᠡᠭᠦᠷ ᠬᠤᠳᠠᠯᠳᠤᠵᠤ ᠠᠪᠬᠤ ᠳᠠᠭᠠᠨ ᠬᠦᠯᠳᠡᠭᠡᠬᠦ ᠴᠢᠳᠠᠪᠬᠢ ᠶᠢ ᠨᠢ ᠠᠩᠬᠠᠷᠬᠤ ᠭᠡᠷᠡᠭᠳᠡᠢ᠃ | ᠮᠢᠬ᠎ᠠ ᠶᠢ ᠬᠦᠯᠳᠡᠭᠡᠨ ᠬᠠᠳᠠᠭᠠᠯᠠᠬᠤ ᠬᠠᠮᠤᠭ ᠤᠨ ᠳᠤᠬᠢᠷᠠᠮᠵᠢᠳᠠᠢ ᠠᠷᠭ᠎ᠠ ᠭᠡᠪᠡᠯ᠂ ᠰᠢᠨ᠎ᠠ ᠰᠤᠷᠭᠤᠭ ᠪᠤᠬᠢᠷᠳᠤᠯ | ᠦᠭᠡᠢ ᠮᠢᠬ᠎ᠠ ᠶᠢ 25 ᠭᠷᠡᠳᠦ᠋ᠰ ᠠᠴᠠ ᠳᠤᠤᠷ᠎ᠠ ᠬᠦᠢᠳᠡᠨ ᠳᠤ ᠳᠦᠷᠭᠡᠨ ᠬᠦᠯᠳᠡᠭᠡᠵᠦ᠂ 18 ᠭᠷᠡᠳᠦ᠋ᠰ ᠠᠴᠠ | ᠳᠤᠷᠤᠭᠰᠢᠬᠢ ᠳᠤᠭᠳᠠᠮᠠᠯ ᠳᠤᠯᠠᠭᠠᠨ ᠤ ᠨᠦᠬᠦᠴᠡᠯ ᠳᠤ ᠬᠠᠳᠠᠭᠠᠯᠠᠨ᠎ᠠ᠃ | ᠬᠦᠯᠳᠡᠭᠡᠭᠦᠷ ᠲᠤ ᠬᠦᠯᠳᠡᠭᠡᠭᠰᠡᠨ ᠴᠤ ᠢᠳᠡᠭᠡᠨ ᠤ ᠴᠢᠨᠠᠷ ᠢ ᠪᠠᠳᠤᠯᠠᠬᠤ ᠬᠤᠭᠤᠴᠠᠭ᠎ᠠ ᠭᠡᠵᠦ ᠪᠠᠶᠢᠳᠠᠭ | ᠨᠢᠭᠡ ᠪᠦᠯᠦᠭ ᠢᠳᠡᠭᠡᠨ ᠢ ᠬᠦᠯᠳᠡᠭᠡᠵᠦ ᠬᠠᠳᠠᠭᠠᠯᠠᠬᠤ ᠳᠠᠰᠤᠯᠭᠠᠨ ᠳᠤ ᠬᠢᠬᠦ ᠴᠢᠬᠤᠯᠠᠳᠠᠢ᠃ | 1. ᠳᠠᠯᠬ᠎ᠠ ᠵᠡᠷᠭᠡ ᠴᠠᠷᠳᠠᠭᠤᠯ ᠤᠨ ᠳᠦᠷᠦᠯ ᠤᠨ ᠢᠳᠡᠭᠡᠨ | ᠤᠯᠠᠩᠭᠢ ᠭᠤᠤᠯ ᠬᠤᠭᠤᠯᠠ᠂ ᠵᠢᠱᠢᠶᠡᠯᠡᠪᠡᠯ ᠳᠠᠯᠬ᠎ᠠ᠂ ᠮᠠᠨᠲ᠋ᠧᠦ᠂ ᠪᠤᠤᠵᠠ᠂ ᠴᠠᠭᠠᠨ ᠪᠤᠳᠠᠭ᠎ᠠ᠂ | ᠭᠤᠯᠢᠷ ᠲᠠᠢ ᠱᠦᠯᠦ ᠵᠡᠷᠭᠡ ᠶᠢ ᠬᠡᠷᠪᠡ 3 ᠡᠳᠦᠷ ᠲᠤ ᠢᠳᠡᠬᠦ ᠦᠭᠡᠢ ᠶᠤᠮ ᠪᠤᠯ ᠬᠠᠮᠤᠭ ᠤᠨ ᠰᠠᠶᠢᠨ ᠨᠢ | ᠬᠦᠯᠳᠡᠭᠡᠵᠦ ᠬᠠᠳᠠᠭᠠᠯᠠᠬᠤ ᠳᠠᠰᠤᠯᠭᠠᠨ ᠳᠤ ᠤᠷᠤᠭᠤᠯᠤᠨ᠎ᠠ᠃ ᠢᠩᠬᠢᠪᠡᠯ ᠬᠠᠳᠠᠭᠠᠯᠠᠬᠤ ᠬᠤᠭᠤᠴᠠᠭ᠎ᠠ ᠶᠢ ᠨᠢ | ᠤᠷᠳᠤᠳᠬᠠᠵᠤ ᠪᠤᠯᠬᠤ ᠪᠠᠷ ᠪᠠᠷᠠᠬᠤ ᠦᠭᠡᠢ᠂ ᠴᠠᠷᠳᠠᠭᠤᠯ ᠤᠨ ᠳᠦᠷᠦᠯ ᠤᠨ ᠢᠳᠡᠭᠡᠨ ᠤ ᠬᠠᠭᠤᠴᠢᠷᠠᠬᠤ᠂ | ᠬᠠᠳᠠᠬᠤ ᠠᠴᠠ ᠰᠡᠷᠭᠡᠶᠢᠯᠡᠵᠦ ᠪᠤᠯᠤᠨ᠎ᠠ᠃ | 2. ᠬᠠᠳᠠᠭᠠᠭᠰᠠᠨ ᠢᠳᠡᠭᠡᠨ | ᠬᠠᠳᠠᠭᠠᠭᠰᠠᠨ ᠰᠠᠮ᠂ ᠬᠠᠳᠠᠭᠠᠭᠰᠠᠨ ᠵᠢᠭᠠᠰᠤ ᠵᠡᠷᠭᠡ ᠬᠠᠳᠠᠭᠠᠭᠰᠠᠨ ᠢᠳᠡᠭᠡᠨ ᠢ ᠮᠦᠨ ᠬᠦᠯᠳᠡᠭᠡᠵᠦ | ᠬᠠᠳᠠᠭᠠᠯᠠᠬᠤ ᠳᠠᠰᠤᠯᠭᠠᠨ ᠳᠤ ᠬᠢᠨ᠎ᠠ᠂ ᠳᠡᠭᠡᠪᠡᠯ ᠡᠷᠭᠢᠵᠦ ᠴᠢᠭᠢᠭᠳᠦᠬᠦ᠂ ᠤᠭᠤᠷᠠᠭ ᠵᠠᠳᠠᠷᠠᠨ ᠬᠤᠷᠤᠭᠳᠠᠬᠤ᠂ ᠦᠨᠦᠷ | ᠠᠮᠳᠠ ᠨᠢ ᠬᠤᠪᠢᠷᠠᠬᠤ᠂ ᠦᠮᠡᠨ ᠡᠭᠦᠰᠭᠡᠬᠦ ᠡᠳ᠋ ᠳᠤᠳᠠᠭᠤ ᠠᠽᠤᠲ ᠬᠦᠴᠢᠯ ᠤᠨ ᠠᠮᠢᠨ ᠡᠭᠦᠰᠭᠡᠬᠦ ᠵᠡᠷᠭᠡ ᠠᠴᠠ | ᠰᠡᠷᠭᠡᠶᠢᠯᠡᠵᠦ ᠪᠤᠯᠤᠨ᠎ᠠ᠃ ᠵᠤᠨ ᠨᠠᠮᠤᠷ ᠤᠨ ᠬᠠᠳᠠᠭᠠᠭᠰᠠᠨ ᠢᠳᠡᠰᠢᠨ ᠨᠤᠭᠤᠭ᠎ᠠ ᠪᠠᠨ ᠬᠦᠯᠳᠡᠭᠡᠵᠦ ᠬᠠᠳᠠᠭᠠᠯᠠᠪᠠᠯ | ᠬᠤᠷᠤᠬᠠᠢᠢᠳᠤᠬᠤ᠂ ᠬᠠᠷᠠᠯᠠᠬᠤ ᠠᠴᠠ ᠵᠠᠶᠢᠯᠠᠰᠬᠢᠵᠤ ᠪᠤᠯᠤᠨ᠎ᠠ᠃ ᠴᠠᠢ ᠵᠡᠷᠭᠡ ᠶᠢᠨ ᠴᠢᠭᠢᠭ ᠤᠨ ᠬᠡᠮᠵᠢᠶ᠎ᠠ ᠳᠤᠤᠷ᠎ᠠ | ᠢᠳᠡᠭᠡᠨ ᠤᠮᠳᠠᠭᠠᠨ ᠤ ᠵᠦᠢᠯ ᠢ ᠴᠤ ᠬᠦᠯᠳᠡᠭᠡᠵᠦ ᠬᠠᠳᠠᠭᠠᠯᠠᠪᠠᠯ ᠰᠠᠶᠢᠨ᠃ ᠠᠩᠬᠠᠷᠬᠤ ᠴᠢᠬᠤᠯᠠᠳᠠᠢ ᠨᠢ᠂ | ᠰᠠᠶ᠋ᠢ ᠶᠢᠨ ᠬᠡᠯᠡᠭᠰᠡᠨ ᠡᠳᠡᠭᠡᠷ ᠢᠳᠡᠭᠡᠨ ᠤ ᠵᠦᠢᠯ ᠢ ᠬᠦᠳᠡᠯᠭᠡᠭᠦᠷ ᠠᠴᠠ ᠪᠠᠨ ᠭᠠᠷᠭᠠᠩᠭᠤᠳᠠ ᠪᠤᠭᠤᠳᠠᠯ ᠢ ᠨᠢ | ᠵᠠᠳᠠᠯᠵᠤ ᠪᠤᠯᠬᠤ ᠦᠭᠡᠢ᠂ ᠭᠡᠰᠡᠭ ᠬᠤᠭᠤᠴᠠᠭ᠎ᠠ ᠢᠯᠡ ᠳᠠᠯᠪᠢᠵᠤ᠂ ᠳᠤᠯᠠᠭᠠᠨ ᠤ ᠬᠡᠮᠵᠢᠶ᠎ᠠ ᠨᠢ | ᠳᠡᠩᠴᠡᠭᠦᠷᠢᠰᠢᠭᠰᠡᠨ ᠤ ᠳᠠᠷᠠᠭ᠎ᠠ ᠪᠤᠭᠤᠳᠠᠯ ᠢ ᠨᠢ ᠵᠠᠳᠠᠯᠪᠠᠯ ᠡᠳᠡᠭᠡᠷ ᠬᠠᠳᠠᠭᠠᠭᠰᠠᠨ ᠢᠳᠡᠭᠡᠨ ᠤ ᠴᠢᠭᠢᠭ ᠳᠠᠳᠠᠵᠤ | ᠦᠨᠦᠷ ᠠᠮᠳᠠ ᠨᠢ ᠬᠤᠪᠢᠷᠠᠬᠤ ᠠᠴᠠ ᠵᠠᠶᠢᠯᠠᠰᠬᠢᠵᠤ ᠪᠤᠯᠤᠨ᠎ᠠ᠃ | 3. ᠠᠮᠤ ᠪᠤᠳᠠᠭ᠎ᠠ ᠪᠠ ᠰᠠᠮᠤᠷ | ᠪᠦᠭᠴᠢᠮ ᠬᠠᠯᠠᠭᠤᠨ ᠤᠯᠠᠷᠢᠯ ᠳᠤ᠂ ᠤᠯᠠᠭᠠᠨ ᠪᠤᠷᠴᠠᠭ ᠮᠡᠳᠦ ᠶᠢᠨ ᠠᠮᠤ ᠪᠤᠳᠠᠭᠠᠨ ᠤ ᠵᠦᠢᠯ ᠨᠢ ᠠᠮᠠᠷᠬᠠᠨ | ᠬᠤᠷᠤᠬᠠᠢᠢᠳᠤᠳᠠᠭ᠂ ᠬᠡᠷᠪᠡ ᠳᠡᠳᠡᠭᠡᠷ ᠢ 3 — 4 ᠭᠠᠷᠠᠭ ᠬᠦᠯᠳᠡᠭᠡᠭᠰᠡᠨ ᠤ ᠳᠠᠷᠠᠭ᠎ᠠ ᠭᠠᠷᠭᠠᠵᠤ | ᠬᠦᠯᠳᠡᠭᠡᠭᠦᠷ ᠤᠨ ᠢᠶᠠᠨ ᠬᠦᠢᠳᠡᠨ ᠬᠠᠳᠠᠭᠠᠯᠠᠬᠤ ᠳᠠᠰᠤᠯᠭᠠᠨ ᠳᠤ ᠬᠠᠳᠠᠭᠠᠯᠠᠪᠠᠯ᠂ ᠬᠤᠷᠤᠬᠠᠢ ᠶᠢᠨ ᠦᠨᠳᠡᠭᠡ | ᠦᠷᠡᠵᠢᠬᠦ᠂ ᠬᠦᠬᠡᠴᠦᠷᠡᠬᠦ ᠠᠴᠠ ᠰᠡᠷᠭᠡᠶᠢᠯᠡᠵᠦ ᠪᠤᠯᠤᠨ᠎ᠠ᠃ ᠰᠠᠮᠤᠷ ᠤᠨ ᠵᠦᠢᠯ ᠳᠤ ᠦᠭᠡᠬᠦ ᠡᠯᠪᠡᠭ ᠠᠭᠤᠯᠳᠠᠭ | ᠪᠤᠯᠬᠤᠷ ᠬᠡᠪ ᠤᠨ ᠳᠤᠯᠠᠭᠠᠨ ᠳᠤ ᠤᠳᠠᠭᠠᠨ ᠳᠠᠯᠪᠢᠪᠠᠯ ᠠᠮᠠᠷᠬᠠᠨ ᠢᠰᠦᠯᠳᠦᠵᠤ ᠳᠠᠷᠤᠭᠰᠢᠬᠰᠠᠨ ᠦᠨᠦᠷ ᠭᠠᠷᠳᠠᠭ | ᠪᠠ ᠠᠭᠠᠷ ᠳᠤᠳᠤᠷᠠᠬᠢ ᠴᠢᠬᠢᠭ ᠢ ᠳᠠᠳᠠᠵᠤ ᠠᠮᠠᠷᠬᠠᠨ ᠬᠦᠬᠡᠴᠦᠷᠡᠳᠡᠭ᠃ ᠳᠡᠭᠡᠷᠡᠬᠢ ᠠᠷᠭ᠎ᠠ ᠨᠢ ᠬᠠᠳᠠᠭᠠᠭᠰᠠᠨ | ᠴᠢᠪᠠᠭ᠎ᠠ ᠦᠵᠦᠮ ᠵᠡᠷᠭᠡ ᠳᠤ ᠴᠤ ᠳᠤᠬᠢᠷᠠᠨ᠎ᠠ᠃ | 4. ᠬᠦᠢᠳᠡᠨ ᠢᠶᠠᠷ ᠬᠠᠳᠠᠭᠠᠯᠠᠬᠤ ᠳᠠᠰᠤᠯᠭᠠᠨ ᠳᠠᠬᠢ ᠬᠤᠭᠤᠴᠠᠭ᠎ᠠ ᠨᠢ ᠦᠩᠭᠡᠷᠡᠬᠦ ᠰᠢᠬᠠᠭᠰᠠᠨ ᠢᠳᠡᠭᠡᠨ | ᠬᠦᠯᠳᠡᠭᠡᠨ ᠬᠠᠳᠠᠭᠠᠯᠠᠬᠤ ᠳᠠᠰᠤᠯᠭᠠᠨ ᠳᠤ ᠪᠢᠴᠢᠯ ᠠᠮᠢᠳᠤ ᠪᠤᠳᠠᠰ ᠦᠷᠡᠵᠢᠵᠦ ᠳᠡᠶᠢᠯᠳᠡᠭ ᠦᠭᠡᠢ᠂ | ᠳᠡᠶᠢᠮᠦ ᠠᠴᠠ ᠬᠦᠢᠳᠡᠨ ᠢᠶᠠᠷ ᠬᠠᠳᠠᠭᠠᠯᠠᠬᠤ ᠳᠠᠰᠤᠯᠭᠠᠨ ᠳᠤ ᠪᠠᠶᠢᠭ᠎ᠠ ᠴᠢᠨᠠᠷ ᠢ ᠬᠠᠳᠠᠭᠠᠯᠠᠬᠤ ᠬᠤᠭᠤᠴᠠᠭ᠎ᠠ ᠨᠢ | ᠦᠩᠭᠡᠷᠡᠬᠦ ᠰᠢᠬᠠᠬᠰᠠᠨ᠂ ᠬᠠᠳᠠᠭᠠᠯᠠᠬᠤ ᠬᠤᠭᠤᠴᠠᠭ᠎ᠠ ᠨᠢ ᠤᠬᠤᠷ ᠢᠳᠡᠭᠡᠨ᠂ ᠵᠢᠱᠢᠶᠡᠯᠡᠪᠡᠯ ᠪᠤᠷᠴᠠᠭ ᠤᠨ | ᠪᠦᠲᠦᠭᠡᠭᠳᠡᠭᠦᠨ᠂ ᠪᠤᠯᠭᠤᠭᠰᠠᠨ ᠮᠢᠬ᠎ᠠ ᠵᠡᠷᠭᠡ ᠶᠢ ᠳᠠᠷᠦ᠋ᠢᠬᠠᠨ ᠢᠳᠡᠬᠦ ᠦᠭᠡᠢ ᠪᠤᠯ ᠤᠷᠢᠳᠠᠪᠠᠷ ᠬᠦᠯᠳᠡᠭᠡᠵᠦ | ᠪᠤᠯᠤᠨ᠎ᠠ᠃ ᠳᠡᠭᠡᠪᠡᠯ ᠭᠡᠰᠭᠡᠭᠡᠳ ᠢᠳᠡᠬᠦ ᠳᠤ ᠦᠨᠦᠷ ᠠᠮᠳᠠ ᠨᠢ ᠳᠡᠶᠢᠮᠦ ᠰᠠᠶᠢᠨ ᠪᠢᠰᠢ ᠴᠤ ᠬᠠᠶᠠᠵᠤ ᠪᠦᠷᠢᠯᠭᠡᠬᠦ | ᠶᠠᠪᠤᠳᠠᠯ ᠭᠠᠷᠬᠤ ᠦᠭᠡᠢ᠂ ᠡᠷᠡᠭᠦᠯ ᠮᠡᠨᠳᠦ ᠶᠢᠨ ᠬᠤᠪᠢ ᠳᠤ ᠴᠤ ᠪᠠᠳᠤᠯᠠᠭ᠎ᠠ ᠲᠠᠢ ᠪᠤᠯᠤᠨ᠎ᠠ᠃ |