ᠢᠯᠵᠢᠷᠡᠭᠰᠡᠨ ᠵᠢᠮᠢᠰ ᠢ ᠪᠢᠳᠡᠬᠡᠢ ᠢᠳᠡ
ᠨᠡᠶᠢᠲᠡᠯᠡᠭᠰᠡᠨ ᠴᠠᠭ᠄
2021/4/21
      ᠤᠯᠠᠩᠬᠢ ᠬᠦᠮᠦᠰ ᠬᠤᠳᠠᠯᠳᠤᠨ ᠠᠪᠴᠢᠷᠠᠬᠰᠠᠨ ᠵᠢᠮᠢᠰ ᠨᠢ ᠵᠢᠭᠠᠬᠠᠨ ᠢᠯᠵᠢᠷᠡᠭᠰᠨᠨ ᠪᠠᠶᠢᠪᠠᠯ ᠬᠢᠳᠤᠭ᠎ᠠ ᠪᠠᠷ ᠲᠡᠷᠡᠬᠦ ᠬᠡᠰᠡᠭ ᠢ ᠵᠦᠰᠦᠨ ᠬᠠᠶᠠᠭᠠᠳ ᠢᠳᠡᠴᠢᠬᠡᠳᠡᠭ᠂ ᠦᠨᠡᠨᠳᠡᠬᠡᠨ ᠢᠩᠬᠢᠵᠦ ᠢᠳᠡᠬᠦ ᠨᠢ ᠵᠤᠬᠢᠰ ᠦᠬᠡᠢ ᠶᠤᠮ᠃      ᠵᠢᠮᠢᠰ ᠪᠦᠬᠦᠨ ᠢ ᠬᠦᠯᠳᠡᠬᠡᠬᠦᠷ ᠲᠤ ᠬᠠᠳᠠᠭᠠᠯᠠᠵᠤ ᠪᠤᠯᠬᠤ ᠦᠬᠡᠢ᠃ ᠵᠢᠱᠢᠶᠡᠯᠡᠪᠡᠯ᠂ ᠬᠠᠯᠠᠭᠤᠨ ᠪᠦᠰᠡᠨ ᠳᠤ ᠤᠷᠭᠤᠳᠠᠭ ᠪᠠᠨᠠᠨᠠ᠂ ᠠᠪᠠᠷᠠᠢ ᠵᠡᠷᠬᠡ᠃ ᠤᠴᠢᠷ ᠨᠢ ᠡᠳᠡᠬᠡᠷ ᠵᠢᠮᠢᠰ ᠢ ᠬᠦᠯᠳᠡᠬᠡᠬᠦᠷ ᠲᠤ ᠬᠠᠳᠠᠭᠠᠯᠠᠪᠠᠯ ᠠᠮᠠᠷᠬᠠᠨ ᠡᠪᠳᠡᠷᠡᠳᠡᠭ᠃ ᠬᠡᠷᠪᠡ ᠵᠢᠮᠢᠰ ᠢ ᠲᠡᠬᠡᠬᠡᠪᠦᠷᠢᠯᠡᠬᠦ ᠶᠠᠪᠤᠴᠠ ᠳᠤ ᠰᠢᠷᠬᠠᠳᠤᠵᠤ ᠡᠪᠳᠡᠷᠡᠭᠰᠡᠨ ᠬᠡᠰᠡᠭ ᠪᠠᠶᠢᠪᠠᠯ ᠲᠡᠬᠦᠨ ᠢ ᠬᠢᠳᠤᠭ᠎ᠠ ᠪᠠᠷ ᠵᠦᠰᠦᠨ ᠬᠠᠶᠠᠵᠤ ᠢᠳᠡᠵᠦ ᠪᠤᠯᠤᠨ᠎ᠠ᠃ ᠬᠡᠳᠡᠯ᠎ᠡ ᠵᠠᠷᠢᠮ ᠪᠠᠺᠲ᠋ᠧᠷᠢ ᠶᠢᠨ ᠴᠢᠨᠠᠷᠳᠠᠢ ᠢᠯᠵᠢᠷᠡᠭᠰᠡᠨ ᠵᠢᠮᠢᠰ ᠢ ᠢᠳᠡᠵᠦ ᠪᠤᠯᠬᠤ ᠦᠬᠡᠢ᠃ ᠪᠢᠴᠢᠯ ᠪᠤᠳᠠᠰ ᠠᠴᠠ ᠪᠤᠯᠤᠬᠰᠠᠨ ᠢᠯᠵᠢᠷᠡᠭᠰᠡᠨ ᠬᠡᠰᠡᠭ ᠨᠢ ᠵᠦᠪᠬᠡᠨ ᠨᠢᠳᠦ ᠪᠠᠷ ᠤᠯᠵᠦ ᠬᠠᠷᠠᠬᠰᠠᠨ ᠬᠠᠮᠤᠭ ᠤᠨ ᠶᠡᠭᠡ ᠬᠡᠮᠵᠢᠶᠡᠨ ᠳᠤ ᠬᠦᠷᠳᠡᠯ᠎ᠡ ᠢᠯᠵᠢᠷᠡᠭᠰᠡᠨ ᠲᠡᠳᠦᠢ᠂ ᠬᠠᠷᠢᠨ ᠪᠠᠺᠲ᠋ᠧᠷᠢ ᠪᠤᠰᠤᠳ ᠢᠯᠵᠢᠷᠡᠭᠡ ᠦᠬᠡᠢ ᠬᠡᠰᠡᠭ ᠲᠤ ᠲᠠᠷᠬᠠᠬᠰᠠᠨ ᠢ ᠤᠯᠠᠩᠬᠢ ᠬᠦᠮᠦᠰ ᠮᠡᠳᠡᠳᠡᠭ ᠦᠬᠡᠢ᠃ ᠵᠢᠱᠢᠶᠡᠯᠡᠪᠡᠯ᠂ ᠬᠢᠨᠵᠢᠳᠦ ᠰᠫᠤᠷ ᠪᠠᠺᠲ᠋ᠧᠷᠢ ᠨᠢ ᠠᠯᠮᠤᠷᠠᠳ᠂ ᠬᠦᠴᠢᠳᠡᠢ ᠵᠦᠷᠵᠢ᠂ ᠡᠪᠤᠯ ᠤᠨ ᠴᠢᠪᠠᠭ᠎ᠠ᠂ ᠲᠤᠯᠤᠭᠤᠨ᠎ᠠ ᠵᠡᠷᠬᠡ ᠤᠯᠠᠷᠢᠯ ᠤᠨ ᠵᠢᠮᠢᠰ ᠲᠤ ᠠᠮᠠᠷᠬᠠᠨ ᠨᠠᠭᠠᠯᠳᠤᠵᠤ ᠢᠯᠵᠢᠷᠡᠬᠦᠯᠳᠡᠭ᠃ ᠡᠶᠢᠮᠦᠷᠬᠦ ᠢᠯᠵᠢᠷᠡᠭᠰᠡᠨ ᠵᠢᠮᠢᠰ ᠤᠨ ᠬᠤᠤᠷᠠᠳᠦ ᠴᠢᠨᠠᠷ ᠨᠢ ᠬᠦᠮᠦᠨ ᠤ ᠪᠡᠶ᠎ᠡ ᠶᠢᠨ ᠡᠷᠡᠬᠦᠯ ᠮᠡᠨᠳᠦ ᠶᠢ ᠨᠦᠯᠦᠬᠡᠯᠡᠨ᠎ᠡ᠃ ᠲᠠᠷᠤᠢ ᠬᠤᠳᠤᠭᠤᠳᠤ ᠬᠡᠳᠡᠰᠦᠨ ᠤ ᠬᠡᠪ ᠤᠨ ᠠᠵᠢᠯᠯᠠᠭ᠎ᠠ ᠶᠢ ᠰᠠᠮᠠᠭᠤᠷᠠᠭᠤᠯᠬᠤ᠂ ᠬᠠᠷ᠎ᠠ ᠪᠦᠬᠡᠷ᠎ᠡ ᠬᠠᠪᠤᠳᠬᠤ ᠵᠡᠷᠬᠡ ᠢᠯᠡᠷᠡᠯ ᠲᠠᠢ ᠪᠤᠯᠵᠤ᠂ ᠬᠦᠨᠳᠦ ᠰᠢᠭ ᠪᠤᠯ ᠮᠡᠳᠡᠷᠡᠯ ᠤᠨ ᠰᠢᠰᠲ᠋ᠧᠮ᠂ ᠠᠮᠢᠰᠬᠤᠯ ᠤᠨ ᠰᠢᠰᠲ᠋ᠧᠮ᠂ ᠰᠢᠬᠡᠰᠤ ᠰᠢᠬᠦᠷᠡᠬᠦᠯᠬᠦ ᠠᠵᠢᠯᠯᠠᠭ᠎ᠠ ᠶᠢ ᠴᠤ ᠨᠦᠯᠦᠬᠡᠯᠡᠵᠦ ᠴᠢᠨᠠᠬᠰᠢᠯᠠᠪᠠᠯ ᠦᠮᠠᠨ ᠡᠬᠦᠰᠬᠡᠵᠦ ᠴᠤ ᠮᠡᠳᠡᠬᠦ ᠶᠤᠮ᠃ ᠡᠶᠢᠮᠦ ᠠᠴᠠ ᠵᠢᠮᠢᠰ ᠤᠨ ᠢᠯᠵᠢᠷᠡᠭᠰᠡᠨ ᠬᠡᠰᠡᠭ ᠨᠢ ᠵᠢᠭᠠᠬᠠᠨ ᠪᠠᠶᠢᠬᠰᠠᠨ ᠴᠤ ᠪᠢᠳᠡᠬᠡᠢ ᠢᠳᠡᠬᠡᠷᠡᠢ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号