ᠠᠭᠠᠵᠢᠮ ᠬᠦᠶᠦᠬᠦ ᠨᠢ ᠬᠦᠴᠢᠯᠳᠦ᠋ᠷᠦᠭᠴᠢ ᠰᠤᠷᠤᠬᠤ ᠭᠡᠮᠵᠢᠶ᠎ᠡ ᠶᠢ ᠨᠡᠮᠡᠭᠳᠡᠬᠦᠯᠦᠨ᠂ ᠨᠦᠢᠷ ᠤᠨ ᠠᠷᠠᠯ ᠤᠨ | ᠡᠳ᠋ ᠤᠨ ᠰᠤᠷᠭᠤᠭ ᠴᠢᠨᠠᠷ ᠢ ᠲᠡᠭᠡᠭᠰᠢᠯᠡᠬᠦᠯᠵᠦ᠂ ᠦᠭᠡᠬᠦᠨ ᠤ ᠰᠤᠯᠢᠬᠳᠠᠯ ᠢ ᠠᠬᠢᠭᠤᠯᠵᠤ᠂ ᠴᠢᠰᠤᠨ ᠳᠠᠷᠤᠯᠳᠠ ᠶᠢ | ᠪᠠᠭᠤᠷᠠᠭᠤᠯᠵᠤ᠂ ᠴᠢᠰᠤᠨ ᠤ ᠵᠢᠵᠢᠭ ᠳᠤᠯᠪᠤ ᠶᠢᠨ ᠴᠤᠭᠯᠠᠷᠠᠯ ᠢ ᠪᠠᠭᠠᠰᠬᠠᠵᠤ᠂ ᠵᠢᠷᠦᠭᠡᠨ ᠤ ᠴᠢᠳᠠᠪᠬᠢ ᠶᠢ | ᠲᠡᠭᠡᠭᠰᠢᠯᠡᠬᠦᠯᠦᠨ᠂ ᠮᠠᠷᠢᠶᠠᠯᠠᠬᠤ ᠶᠢ ᠰᠡᠷᠭᠡᠶᠢᠯᠡᠵᠦ᠂ ᠵᠢᠷᠦᠭᠡ ᠶᠢ ᠰᠠᠶᠢᠵᠢᠷᠠᠭᠤᠯᠳᠠᠭ᠃ ᠳ᠋ᠠᠨᠮᠠᠷᠺ ᠤᠨ ᠺᠤᠪᠧᠨᠬᠠᠭᠠᠨ | ᠬᠤᠳᠠ ᠶᠢᠨ ᠵᠢᠷᠦᠭᠡᠨ ᠤ ᠰᠤᠳᠤᠯᠭᠠᠨ ᠤ ᠭᠠᠵᠠᠷ ᠤᠨ ᠬᠠᠮᠤᠬ ᠤᠨ ᠰᠢᠨ᠎ᠡ ᠰᠤᠳᠤᠯᠭᠠᠨ ᠳᠤ ᠬᠠᠷᠠᠭᠤᠯᠤᠭᠰᠠᠨ ᠢᠶᠠᠷ᠂ | ᠭᠠᠷᠠᠭ ᠪᠦᠷᠢ 1 ᠴᠠᠭ ᠢᠯᠡᠬᠦᠦ ᠠᠭᠠᠵᠢᠮ ᠬᠦᠶᠦᠪᠡᠯ ᠲᠡᠭᠰᠢᠳᠭᠡᠯ ᠨᠠᠰᠤᠨ ᠬᠤᠳᠤᠭ ᠢ ᠪᠠᠷᠤᠭ 6 ᠵᠢᠯ | ᠤᠷᠳᠤᠳᠬᠠᠨ᠎ᠠ᠃ | ᠰᠤᠳᠤᠯᠭᠠᠳᠠᠳ 1976 ᠤᠨ ᠳᠤ 20 ~ 79 ᠨᠠᠰᠤᠨ ᠤ 1.9 ᠲᠦᠮᠡᠨ ᠰᠠᠶᠢᠨ ᠳᠤᠷᠠᠴᠤᠤᠯ ᠢ ᠡᠯᠰᠡᠨ | ᠂ ᠲᠡᠳᠡᠨ ᠤ ᠰᠦᠰᠦᠨ ᠤ ᠭᠤᠤᠨᠠᠨ ᠠᠯᠺᠤᠤᠯ᠂ ᠴᠢᠰᠤᠨ ᠳᠠᠷᠤᠯᠳᠠ᠂ ᠴᠢᠰᠤᠨ ᠤ ᠰᠢᠬᠢᠷ ᠪᠠ ᠪᠡᠶ᠎ᠡ ᠮᠠᠬᠠᠪᠤᠳ ᠤᠨ | ᠶᠠᠰᠤ ᠴᠢᠨᠠᠷ ᠤᠨ ᠵᠢᠭᠠᠯᠳᠠ ᠳᠤᠭ᠎ᠠ ᠶᠢ ᠪᠠᠶᠢᠴᠠᠭᠠᠭᠰᠠᠨ ᠤ ᠬᠠᠮᠳᠤ ᠳᠠᠮᠠᠬᠢ ᠳᠠᠳᠠᠬᠤ ᠠᠷᠢᠬᠢ ᠤᠤᠭᠤᠬᠤ ᠳᠠᠳᠬᠠᠯ᠂ | ᠰᠤᠷᠭᠠᠨ ᠬᠦᠮᠦᠵᠢᠯ ᠤᠨ ᠠᠷᠤ ᠦᠵᠡᠭᠳᠡᠯ᠂ ᠤᠷᠤᠯᠭ᠎ᠠ ᠵᠡᠷᠭᠡ ᠪᠠᠶᠢᠳᠠᠯ ᠢ ᠤᠢᠢᠯᠠᠭᠠᠵᠠᠢ᠃ ᠡᠬᠦᠨ ᠳᠤ 1116 | ᠡᠷᠡᠭᠳᠡᠢ ᠪᠠ 762 ᠡᠮᠡᠭᠳᠡᠢ ᠨᠢ ᠦᠷᠬᠦᠯᠵᠢ ᠠᠭᠠᠵᠢᠮ ᠬᠦᠶᠦᠳᠡᠭ᠃ ᠦᠩᠭᠡᠷᠡᠭᠰᠡᠨ 40 ᠵᠢᠯ ᠳᠤ 122 | ᠠᠭᠠᠵᠢᠮ ᠬᠦᠶᠦᠭᠴᠢ ᠪᠠ ᠬᠦᠶᠦᠳᠡᠭ ᠦᠭᠡᠢ 10158 ᠬᠦᠮᠦᠨ ᠨᠠᠰᠤ ᠪᠠᠷᠠᠵᠠᠢ᠃ | ᠵᠠᠳᠠᠯᠤᠯᠳᠠ ᠬᠢᠭᠰᠡᠨ ᠤ ᠳ᠋ᠦᠩ ᠳᠤ᠂ ᠠᠭᠠᠵᠢᠮ ᠬᠦᠶᠦᠬᠦ ᠨᠢ ᠠᠮᠢᠨ ᠳᠤ ᠤᠷᠤᠬᠤ ᠲᠦᠭᠰᠢᠬᠦᠷᠢ ᠶᠢ | 44% ᠢᠶᠠᠷ ᠳᠤᠷᠤᠭᠰᠢᠯᠠᠭᠤᠯᠳᠠᠭ ᠪᠠᠶᠢᠨ᠎ᠠ᠃ ᠬᠦᠶᠦᠳᠡᠭ ᠦᠭᠡᠢ ᠬᠦᠮᠦᠰ ᠲᠠᠢ ᠬᠠᠷᠢᠴᠠᠭᠤᠯᠪᠠᠯ᠂ ᠭᠠᠷᠠᠭ ᠪᠦᠷᠢ | 1 ᠴᠠᠭ ᠠᠴᠠ ᠢᠯᠡᠬᠦᠦ ᠠᠭᠠᠵᠢᠮ ᠬᠦᠶᠦᠳᠡᠭ ᠡᠷᠡᠭᠳᠡᠢ ᠪᠠ ᠡᠮᠡᠭᠳᠡᠢ ᠶᠢᠨ ᠲᠡᠭᠰᠢᠳᠭᠡᠯ ᠨᠠᠰᠤᠨ ᠬᠤᠳᠤᠭ ᠨᠢ 6.2 | ᠵᠢᠯ ᠪᠠ 5.6 ᠵᠢᠯ ᠤᠷᠳᠤᠳᠤᠭᠰᠠᠨ ᠪᠠᠶᠢᠪᠠ᠃ | ᠰᠤᠳᠤᠯᠭᠠᠳᠠᠳ ᠤᠨ ᠭᠡᠯᠡᠬᠦ ᠪᠠᠷ᠂ ᠬᠦᠶᠦᠬᠦ ᠦᠶᠡᠰ ᠪᠤᠯᠴᠢᠩ ᠤᠬᠤᠷ ᠴᠠᠭ ᠲᠤ ᠨᠡᠩ ᠠᠷᠪᠢᠨ | ᠬᠦᠴᠢᠯᠳᠦ᠋ᠷᠦᠭᠴᠢ ᠬᠤᠷᠤᠭᠳᠠᠭᠤᠯᠳᠠᠭ ᠳᠤᠯᠠ ᠪᠡᠶ᠎ᠡ ᠪᠠᠨ ᠪᠤᠯᠪᠠᠰᠤᠷᠠᠭᠰᠠᠳ ᠠᠮᠠᠷᠠᠬᠤ ᠦᠶᠡᠰ ᠨᠠᠩ ᠠᠷᠪᠢᠨ | ᠬᠦᠴᠢᠯᠳᠦ᠋ᠷᠦᠭᠴᠢ ᠰᠤᠷᠤᠵᠤ ᠰᠤᠷᠬᠤ ᠴᠢᠬᠤᠯᠠᠳᠠᠢ᠃ ᠤᠤᠯ ᠤᠨ ᠰᠤᠳᠤᠯᠭᠠᠨ ᠳᠤ ᠭᠡᠷᠡᠴᠢᠯᠡᠭᠰᠡᠨ ᠢᠶᠠᠷ᠂ ᠡᠳᠦᠷ | ᠪᠦᠷᠢ 30 ᠮᠢᠨᠦ᠋ᠲ ᠠᠭᠠᠵᠢᠮ ᠬᠦᠶᠦᠪᠡᠯ ᠠᠭᠤᠰᠬᠢᠨ ᠤ ᠭᠡᠢ ᠶᠢᠨ ᠪᠠᠭᠳᠠᠭᠠᠮᠵᠢ ᠶᠢ 1/3 ᠪᠠᠷ ᠶᠡᠭᠡᠰᠭᠡᠬᠦ ᠶᠢᠨ | ᠬᠠᠮᠳᠤ ᠴᠢᠰᠤᠨ ᠤ ᠬᠦᠴᠢᠯᠳᠦ᠋ᠷᠦᠭᠴᠢ ᠶᠢ ᠨᠡᠶᠢᠯᠡᠬᠦᠯᠬᠦ ᠴᠢᠳᠠᠪᠤᠷᠢ ᠶᠢ ᠰᠠᠶᠢᠵᠢᠷᠠᠭᠤᠯᠳᠠᠭ᠃ |