ᠡᠷᠡᠬᠦᠯ ᠡᠩᠬᠡ ᠳᠤ ᠬᠤᠯᠪᠤᠭᠳᠠᠬᠤ 7 ᠲᠤᠮᠢᠶ᠎ᠠ
ᠨᠡᠶᠢᠲᠡᠯᠡᠭᠰᠡᠨ ᠴᠠᠭ᠄
2021/3/8
      ᠶᠠᠭᠤ ᠶᠢ ᠡᠷᠡᠭᠦᠯ ᠡᠩᠭᠡ ᠭᠡᠳᠡᠭ ᠪᠤᠢ︖ ᠵᠠᠷᠢᠮ ᠬᠦᠮᠦᠨ ᠡᠳᠦᠷ ᠬᠤᠨᠤᠭ ᠢ ᠪᠠᠶᠠᠷ ᠬᠦᠷ ᠲᠠᠢ ᠦᠩᠭᠡᠷᠡᠭᠦᠯᠬᠦ ᠭᠡᠵᠦ᠂ ᠵᠠᠷᠢᠮ ᠬᠦᠮᠦᠨ ᠡᠪᠡᠳᠴᠢᠨ ᠦᠭᠡᠢ ᠪᠠᠶᠢᠬᠤ ᠶᠢ ᠬᠡᠯᠡᠨ᠎ᠠ ᠭᠡᠵᠦ ᠪᠠᠶᠢᠨ᠎ᠠ᠃ ᠬᠠᠷᠢᠨ ᠳᠤᠰᠬᠠᠢ ᠮᠡᠷᠭᠡᠵᠢᠯᠳᠡᠳ ᠡᠷᠡᠭᠦᠯ ᠡᠩᠭᠡ ᠶᠢ ᠴᠤ ᠳᠤᠭ᠎ᠠ ᠨᠤᠷᠮ᠎ᠠ ᠪᠠᠷ ᠬᠡᠮᠵᠢᠶᠡᠯᠡᠵᠦ ᠪᠤᠯᠤᠨ᠎ᠠ ᠭᠡᠵᠦ ᠦᠵᠡᠨ᠂ ᠳᠤᠤᠷᠠᠬᠢ 7 ᠳᠤᠮᠢᠶ᠎ᠠ ᠶᠢ ᠴᠡᠭᠡᠵᠢᠯᠡᠴᠢᠬᠡᠪᠡᠯ ᠡᠷᠡᠭᠦᠯ ᠡᠩᠬᠡ ᠪᠠᠨ ᠪᠠᠳᠤᠯᠠᠵᠤ ᠪᠤᠯᠤᠨ᠎ᠠ ᠭᠡᠵᠦ ᠪᠠᠶᠢᠨ᠎ᠠ᠃     ᠤᠰᠤ ᠤᠤᠭᠤᠬᠤ ᠳᠤᠮᠢᠶ᠎ᠠ      ᠱᠧᠨ ᠶᠡᠨ ᠶᠢᠩ ︵ᠳᠤᠮᠳᠠᠳᠤ ᠤᠯᠤᠰ ᠤᠨ ᠡᠷᠡᠭᠦᠯ ᠡᠩᠭᠡ ᠶᠢᠨ ᠬᠦᠮᠦᠵᠢᠯ ᠤᠨ ᠳᠦᠪ ᠤᠨ ᠳᠤᠰᠬᠠᠢ ᠮᠡᠷᠭᠡᠵᠢᠯᠳᠡᠨ︶᠄ ᠤᠰᠤ ᠪᠤᠯ ᠬᠦᠮᠦᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠪᠠ ᠹᠢᠽᠢᠤᠯᠤᠬᠢ ᠶᠢᠨ ᠴᠢᠳᠠᠪᠬᠢ ᠶᠢ ᠪᠠᠳᠤᠯᠠᠬᠤ ᠦᠨᠳᠦᠰᠦᠨ ᠪᠤᠳᠠᠰ ᠪᠤᠯᠤᠨ᠎ᠠ᠃ ᠨᠠᠰᠤᠨ ᠳᠤ ᠬᠦᠷᠦᠭᠰᠡᠳ ᠤᠨ ᠨᠢᠭᠡ ᠡᠳᠦᠷ ᠤᠨ ᠤᠤᠭᠤᠬᠤ ᠴᠢᠬᠤᠯᠠᠳᠠᠢ ᠤᠰᠤᠨ ᠤ ᠬᠡᠮᠵᠢᠶ᠎ᠠ = ᠪᠡᠶ᠎ᠡ ᠶᠢᠨ ᠬᠦᠨᠳᠦ ︵ᠺᠢᠯᠦᠭᠷᠡᠮ︶ × 30 ~ 40 ︵ᠮᠢᠯᠢᠯᠢᠲᠷ︶᠃ ᠬᠡᠦᠬᠡᠳ ᠤᠨ ᠰᠢᠨ᠎ᠠ ᠬᠠᠭᠤᠴᠢᠨ ᠤ ᠰᠤᠯᠢᠯᠴᠠᠭ᠎ᠠ ᠶᠡᠭᠡ ᠪᠠᠶᠢᠳᠠᠭ ᠪᠤᠯᠬᠤᠷ ᠤᠰᠤᠨ ᠤ ᠭᠡᠷᠡᠭᠴᠡᠭᠡ ᠨᠢ ᠳᠤᠮᠤ ᠬᠦᠮᠦᠨ ᠤ ᠬᠢ ᠠᠴᠠ ᠢᠯᠡᠭᠦᠦ ᠪᠠᠶᠢᠳᠠᠭ᠃ 2 ᠤᠢ ᠦᠩᠭᠡᠷᠡᠭᠰᠡᠨ ᠬᠡᠦᠬᠡᠳ ᠤᠨ ᠨᠢᠭᠡ ᠡᠳᠦᠷ ᠤᠨ ᠤᠤᠭᠤᠬᠤ ᠴᠢᠬᠤᠯᠠᠳᠠᠢ ᠤᠰᠤᠨ ᠤ ᠬᠡᠮᠵᠢᠶ᠎ᠠ = ᠪᠡᠶ᠎ᠡ ᠶᠢᠨ ᠬᠦᠨᠳᠦ ︵ᠺᠢᠯᠦᠭᠷᠡᠮ︶ × 80 ~ 90 ︵ᠮᠢᠯᠢᠯᠢᠲᠷ︶᠃ 2 ᠤᠢ ᠬᠦᠷᠦᠭᠡᠳᠦᠢ ᠬᠡᠦᠬᠡᠳ ᠤᠨ ᠨᠢᠭᠡ ᠡᠳᠦᠷ ᠤᠨ ᠤᠤᠭᠤᠬᠤ ᠴᠢᠬᠤᠯᠠᠳᠠᠢ ᠤᠰᠤᠨ ᠤ ᠬᠡᠮᠵᠢᠶ᠎ᠠ = ᠪᠡᠶ᠎ᠡ ᠶᠢᠨ ᠬᠦᠨᠳᠦ ︵ᠺᠢᠯᠦᠭᠷᠡᠮ︶ × 100 ~ 150 ︵ᠮᠢᠯᠢᠯᠢᠲᠷ︶᠃ ᠰᠠᠨᠠᠭᠤᠯᠭ᠎ᠠ᠄ ᠨᠠᠰᠤᠳᠠᠶᠢᠴᠤᠳ ᠤᠨ ᠬᠤᠳᠤᠭᠤᠳᠤᠨ ᠤ ᠰᠠᠯᠢᠰᠦᠳᠤ ᠪᠦᠷᠭᠦᠪᠴᠢ ᠤᠯᠠᠩᠭᠢ ᠪᠠᠶᠢᠳᠠᠯ ᠳᠤ ᠡᠪᠳᠡᠭᠳᠡᠭᠰᠡᠨ ᠪᠠᠶᠢᠳᠠᠭ ᠪᠠ ᠪᠤᠯᠴᠢᠷᠬᠠᠢ ᠨᠢ ᠠᠪᠴᠢᠬᠰᠠᠨ ᠪᠤᠶᠤ ᠠᠯᠠᠭ᠎ᠠ ᠪᠤᠯᠤᠭᠰᠠᠨ ᠪᠠᠶᠢᠳᠠᠭ ᠪᠤᠯᠬᠤᠷ᠂ ᠠᠩᠭᠠᠵᠤ ᠴᠠᠩᠭᠠᠬᠤ ᠪᠠᠨ ᠳᠡᠮᠡᠢ ᠤᠪᠠᠶᠢᠯᠠᠳᠠᠭ ᠦᠭᠡᠢ ᠃ ᠳᠡᠶᠢᠮᠦ ᠠᠴᠠ ᠬᠡᠵᠢᠶᠡᠳᠡ ᠤᠰᠤ ᠠᠪᠴᠤ ᠶᠠᠪᠤᠵᠤ ᠴᠠᠭ ᠳᠤᠬᠠᠢ ᠳᠠᠭᠠᠨ ᠤᠰᠤ ᠨᠦᠬᠦᠵᠦ ᠪᠠᠶᠢᠬᠤ ᠭᠡᠷᠡᠭᠳᠡᠢ᠂ ᠡᠰᠡᠪᠡᠯ ᠴᠢᠰᠤ ᠦᠳᠭᠡᠷᠡᠬᠦ ᠪᠠ ᠴᠢᠰᠦᠨ ᠰᠤᠳᠠᠯ ᠪᠦᠭᠯᠡᠷᠡᠬᠦ ᠪᠠᠶᠢᠳᠠᠯ ᠭᠠᠷᠴᠤ ᠮᠡᠳᠡᠨ᠎ᠠ᠃ ᠨᠢᠭᠡ ᠡᠳᠦᠷ ᠤᠨ ᠤᠤᠭᠤᠬᠤ ᠤᠰᠤᠨ ᠤ ᠬᠡᠮᠵᠢᠶ᠎ᠠ ᠨᠢ 2000 ~ 2500 ᠮᠢᠯᠢᠯᠢᠲᠷ᠃ ᠰᠢᠷᠦᠭᠦᠨ ᠬᠦᠳᠡᠯᠭᠡᠭᠡᠨ ᠬᠢᠭᠰᠡᠨ ᠪᠤᠶᠤ ᠦᠨᠳᠦᠷ ᠬᠠᠯᠠᠭᠤᠨ ᠳᠤ ᠠᠵᠢᠯᠯᠠᠵᠤ ᠪᠠᠶᠢᠭ᠎ᠠ ᠬᠦᠮᠦᠰ ᠤᠤᠭᠤᠬᠤ ᠤᠰᠤᠨ ᠤ ᠬᠡᠮᠵᠢᠶ᠎ᠡ ᠪᠠᠨ ᠵᠤᠬᠢᠬᠤ ᠬᠡᠮᠵᠢᠶ᠎ᠠ ᠪᠠᠷ ᠨᠡᠮᠡᠬᠦ ᠴᠢᠬᠤᠯᠠᠳᠠᠢ᠃     ᠠᠷᠢᠬᠢ ᠤᠤᠭᠤᠬᠤ ᠳᠤᠮᠢᠶ᠎ᠠ      ᠭᠤᠤ ᠬᠤᠩ ᠺᠠᠢ ︵ᠵᠡᠪᠰᠡᠭᠳᠦ ᠴᠠᠭᠳᠠᠭᠠᠨ ᠤ ᠶᠡᠷᠦᠩᠬᠡᠢ ᠡᠮᠨᠡᠯᠭᠡ ᠶᠢᠨ ᠬᠤᠷᠢᠶ᠎ᠠ ᠶᠢᠨ ᠭᠠᠳᠠᠷ ᠰᠠᠯᠠᠭᠠᠨ ᠤ ᠳᠡᠳ᠋ ᠡᠷᠭᠢᠯᠡᠭᠴᠢ ᠡᠮᠴᠢ︶᠄ ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠤᠯᠠᠨ ᠤᠯᠤᠰ ᠤᠨ ᠬᠠᠮᠵᠢᠯᠴᠠᠭᠰᠠᠨ ᠰᠤᠳᠤᠯᠭᠠᠨ ᠳᠤ᠂ ᠡᠷᠡᠭᠳᠡᠶᠢᠴᠤᠳ ᠤᠨ ᠨᠢᠭᠡ ᠡᠳᠦᠷ ᠤᠨ ᠰᠢᠩᠭᠡᠭᠡᠵᠦ ᠪᠤᠯᠬᠤ ᠴᠡᠪᠡᠷ ᠰᠫᠢᠷᠲ ᠤᠨ ᠬᠡᠮᠵᠢᠶ᠎ᠠ ᠨᠢ 20 ᠭᠷᠡᠮ ᠠᠴᠠ ᠭᠡᠳᠦᠷᠡᠵᠦ ᠪᠤᠯᠬᠤ ᠦᠭᠡᠢ ᠭᠡᠵᠡᠢ᠃ ᠳᠤᠮᠳᠠᠳᠤ ᠤᠯᠤᠰ ᠤᠨ ᠤᠳᠤ ᠪᠠᠷ ᠬᠡᠷᠡᠭᠵᠢᠭᠦᠯᠵᠦ ᠪᠠᠶᠢᠭ᠎ᠠ ᠠᠮᠤᠷ ᠳᠦᠪᠰᠢᠨ ᠢᠶᠠᠷ ᠠᠷᠢᠬᠢ ᠤᠤᠭᠤᠬᠤ ᠪᠠᠷᠢᠮᠵᠢᠶ᠎ᠠ ᠪᠤᠯ ᠡᠷᠡᠭᠳᠡᠶᠢᠴᠤᠳ 15 ᠭᠷᠡᠮ᠂ ᠡᠮᠡᠭᠳᠡᠶᠢᠴᠤᠳ ᠤᠨ ᠬᠢ ᠨᠡᠩ ᠪᠠᠭ᠎ᠠ ᠪᠠᠶᠢᠳᠠᠭ᠃ ᠭᠤᠤ ᠬᠤᠩ ᠺᠠᠢ ᠶᠢᠨ ᠳᠤᠭᠳᠠᠭᠠᠭᠰᠠᠨ ᠠᠷᠢᠬᠢ ᠤᠤᠭᠤᠬᠤ ᠳᠤᠮᠢᠶ᠎ᠠ᠄ ᠤᠤᠭᠤᠬᠤ ᠠᠷᠢᠬᠢᠨ ᠤ ᠬᠡᠮᠵᠢᠶ᠎ᠠ × ᠰᠫᠢᠷᠲ ᠶᠢᠨ ᠦᠳᠭᠡᠴᠡ ᠶᠢᠨ ᠭᠷᠡᠳᠦ᠋ᠰ × 0.8 = ᠰᠫᠢᠷᠲ ᠰᠢᠩᠭᠡᠭᠡᠵᠦ ᠪᠤᠯᠬᠤ ᠬᠡᠮᠵᠢᠶ᠎ᠠ᠃ ᠡᠩ ᠤᠨ ᠪᠠᠶᠢᠳᠠᠯ ᠳᠤ᠂ 40 ᠭᠷᠡᠳᠦ᠋ᠰ ᠠᠴᠠ ᠳᠤᠤᠷ᠎ᠠ ᠭᠷᠡᠳᠦ᠋ᠰ ᠤᠨ ᠬᠠᠷ᠎ᠠ ᠠᠷᠢᠬᠢ ᠶᠢ 2 ᠯᠠᠩ︔ 40 ᠭᠷᠡᠳᠦ᠋ᠰ ~50 ᠭᠷᠡᠳᠦ᠋ᠰ ᠤᠨ ᠬᠠᠷ᠎ᠠ ᠠᠷᠢᠬᠢ ᠶᠢ 1 ᠯᠠᠩ︔ 50 ᠭᠷᠡᠳᠦ᠋ᠰ ᠠᠴᠠ ᠳᠡᠭᠡᠭᠰᠢᠬᠢ ᠬᠠᠷ᠎ᠠ ᠠᠷᠢᠬᠢ ᠶᠢ 0.5 ᠯᠠᠩ ᠠᠴᠠ ᠭᠡᠳᠦᠷᠡᠭᠦᠯᠵᠦ ᠪᠤᠯᠬᠤ ᠦᠭᠡᠢ︔ ᠦᠵᠦᠮ ᠤᠨ ᠠᠷᠢᠬᠢᠨ ᠤ ᠭᠷᠠᠳᠦ᠋ᠰ ᠨᠢ ᠪᠦᠷ ᠳᠤᠤᠷ᠎ᠠ ᠪᠠᠶᠢᠳᠠᠭ ᠴᠤ 3 ᠯᠠᠩ ᠠᠴᠠ ᠭᠡᠳᠦᠷᠡᠵᠦ ᠪᠤᠯᠬᠤ ᠦᠭᠡᠢ᠂ ᠡᠰᠡᠪᠡᠰᠦ ᠪᠦᠷ ᠡᠯᠢᠭᠡ ᠵᠡᠷᠭᠡ ᠡᠷᠭᠡᠳᠡᠨ ᠳᠤ ᠳᠠᠷᠤᠭᠠᠰᠤ ᠤᠴᠠᠷᠠᠭᠤᠯᠳᠠᠭ᠃ ᠰᠠᠨᠠᠭᠤᠯᠭ᠎ᠠ᠄ ᠠᠷᠢᠬᠢ ᠤᠤᠭᠤᠬᠤ ᠠᠴᠠ ᠪᠠᠨ ᠡᠮᠦᠨ᠎ᠠ ᠴᠠᠷᠳᠠᠭᠤᠯ ᠪᠠ ᠤᠭᠤᠷᠠᠭ ᠡᠯᠪᠡᠭ ᠠᠭᠤᠯᠤᠭᠰᠠᠨ ᠢᠳᠡᠭᠡᠨ ᠪᠠᠭ᠎ᠠ ᠰᠠᠭ᠎ᠠ ᠢᠳᠡᠪᠡᠯ ᠬᠤᠳᠤᠭᠤᠳᠤᠨ ᠤ ᠰᠠᠯᠢᠰᠤᠳᠤ ᠪᠦᠷᠭᠦᠪᠴᠢ ᠶᠢ ᠬᠠᠮᠠᠭᠠᠯᠠᠬᠤ ᠦᠢᠯᠡᠳᠦᠯ ᠲᠠᠢ︔ ᠠᠷᠢᠬᠢ ᠤᠤᠭᠤᠵᠦ ᠪᠠᠶᠢᠬᠤ ᠳᠠᠭᠠᠨ ᠤᠰᠤ ᠢᠯᠡᠭᠦᠦ ᠤᠤᠭᠤᠪᠠᠯ ᠰᠫᠢᠷᠲ ᠤᠨ ᠭᠠᠳᠠᠭᠰᠢᠯᠠᠭᠤᠯᠤᠯᠳᠠ ᠶᠢ ᠳᠦᠷᠭᠡᠳᠭᠡᠵᠦ᠂ ᠡᠯᠢᠭᠡᠨ ᠤ ᠳᠠᠷᠤᠭᠠᠰᠤ ᠶᠢ ᠬᠦᠩᠭᠡᠷᠡᠭᠦᠯᠦᠨ᠎ᠠ︔ ᠠᠷᠢᠬᠢ ᠶᠢ ᠪᠠᠭ᠎ᠠ ᠪᠠᠭ᠎ᠠ ᠪᠠᠷ ᠤᠤᠭᠤᠪᠠᠯ ᠤᠯᠠᠭᠠᠨ ᠬᠤᠭᠤᠯᠠᠢ ᠪᠠ ᠬᠤᠳᠤᠭᠤᠳᠤ ᠶᠢ ᠬᠠᠮᠠᠭᠠᠯᠠᠵᠤ᠂ ᠠᠮᠠᠷᠬᠠᠨ ᠰᠤᠭᠳᠤᠳᠠᠭ ᠦᠭᠡᠢ︔ ᠯᠤᠤᠪᠠᠩ ᠢᠶᠠᠷ ᠬᠢᠭᠰᠡᠨ ᠰᠡᠷᠢᠭᠦᠨ ᠨᠤᠭᠤᠭ᠎ᠠ ᠪᠠᠷ ᠠᠷᠢᠬᠢᠨ ᠵᠠᠭᠤᠰᠢ ᠪᠤᠯᠭᠠᠪᠠᠯ ᠵᠤᠬᠢᠬᠤ ᠬᠤᠤᠷ᠎ᠠ ᠳᠠᠶᠢᠯᠬᠤ ᠦᠢᠯᠡᠳᠦᠯ ᠲᠠᠢ︔ ᠠᠷᠢᠬᠢ ᠤᠤᠭᠤᠭᠰᠠᠨ ᠤ ᠪᠠᠨ ᠳᠠᠷᠠᠭ᠎ᠠ ᠪᠠᠯ ᠲᠠᠢ ᠤᠰᠤ᠂ ᠵᠢᠮᠢᠰ ᠤᠨ ᠰᠢᠭᠦᠰᠦ᠂ ᠴᠤᠭᠤᠷ ᠨᠤᠭᠤᠭ᠎ᠠ ᠶᠢᠨ ᠰᠢᠭᠦᠰᠦ ᠪᠠᠭ᠎ᠠ ᠰᠠᠭ᠎ᠠ ᠤᠤᠭᠤᠪᠠᠯ ᠠᠷᠢᠬᠢ ᠳᠠᠶᠢᠯᠬᠤ ᠦᠢᠯᠡᠳᠦᠯ ᠲᠠᠢ᠃     ᠦᠷ᠎ᠡ ᠪᠦᠲᠦᠮᠵᠢ ᠶᠢᠨ ᠳᠤᠮᠢᠶ᠎ᠠ      ᠠᠯᠢ ᠤᠯᠠᠨ ᠬᠦᠮᠦᠨ ᠤᠷᠳᠤ ᠬᠤᠭᠤᠴᠠᠭ᠎ᠠ ᠪᠠᠷ ᠠᠵᠢᠯ ᠨᠢ ᠬᠦᠨᠳᠦᠳᠡᠭᠰᠡᠨ ᠪᠠᠶᠢᠳᠠᠯ ᠢᠶᠠᠷ ᠠᠵᠢᠯᠯᠠᠵᠤ ᠪᠠᠶᠢᠳᠠᠭ᠂ ᠭᠡᠪᠡᠴᠦ ᠠᠵᠢᠯ ᠤᠨ ᠬᠦᠨᠳᠦ ᠨᠢ ᠦᠷ᠎ᠡ ᠪᠦᠲᠦᠮᠵᠢ ᠶᠢᠨ ᠦᠨᠳᠦᠷ ᠢ ᠬᠠᠷᠠᠭᠤᠯᠵᠤ ᠴᠢᠳᠠᠳᠠᠭ ᠦᠭᠡᠢ᠂ ᠬᠠᠮᠤᠭ ᠤᠨ ᠦᠷ᠎ᠡ ᠪᠦᠲᠦᠮᠵᠢ ᠲᠠᠢ ᠬᠦᠮᠦᠨ ᠨᠢ ᠬᠠᠮᠤᠭ ᠤᠨ ︽ᠠᠵᠢᠯᠰᠠᠭ︾ ᠬᠦᠮᠦᠨ ᠪᠢᠰᠢ ᠪᠠᠶᠢᠳᠠᠭ᠃ ᠠᠵᠢᠯ ᠤᠨ ᠦᠷ᠎ᠡ ᠪᠦᠲᠦᠮᠵᠢ = ᠠᠵᠢᠯ ᠤᠨ ᠬᠡᠮᠵᠢᠶ᠎ᠠ ÷ ᠵᠠᠷᠤᠴᠠᠭᠤᠯᠤᠭᠰᠠᠨ ᠴᠠᠭ᠃ ᠮᠦᠨ ᠠᠯᠢ ᠤᠯᠠᠨ ᠬᠦᠮᠦᠨ ᠦᠪᠡᠷ ᠤᠨ ᠵᠠᠷᠤᠴᠠᠭᠤᠯᠤᠭᠰᠠᠨ ᠴᠠᠭ ᠨᠢ ᠠᠷᠪᠢᠨ ᠤᠴᠢᠷ ᠠᠴᠠ ᠶᠠᠷᠢᠶᠠᠨ ᠦᠭᠡᠢ ᠨᠡᠩ ᠢᠯᠡᠭᠦᠦ ᠪᠦᠲᠦᠭᠡᠯ ᠭᠠᠷᠭᠠᠨ᠎ᠠ ᠭᠡᠵᠦ ᠦᠵᠡᠳᠡᠭ᠂ ᠡᠨᠡᠬᠦ ᠦᠵᠡᠯᠳᠡ ᠨᠢ ᠦᠪᠡᠷ ᠢ ᠪᠠᠨ ᠳᠤᠤᠷ᠎ᠠ ᠦᠷ᠎ᠡ ᠪᠦᠲᠦᠮᠵᠢ᠂ ᠦᠨᠳᠦᠷ ᠬᠤᠷᠤᠭᠳᠠᠯ ᠪᠦᠬᠦᠢ ᠮᠠᠭᠤ ᠤᠷᠴᠢᠯ ᠳᠤ ᠤᠷᠤᠭᠤᠯᠳᠠᠭ᠃ ᠠᠵᠢᠯ ᠤᠨ ᠦᠷ᠎ᠡ ᠪᠦᠲᠦᠮᠵᠢ ᠪᠠᠭᠤᠷᠠᠵᠤ᠂ ᠠᠵᠢᠯ ᠤᠨ ᠴᠠᠭ ᠭᠡᠳᠦ ᠤᠷᠳᠤᠰᠬᠤ ᠳᠤ ᠬᠦᠮᠦᠨ ᠤ ᠪᠡᠶ᠎ᠡ ᠤᠯᠠᠮ ᠭᠡᠴᠡᠭᠦᠦ ᠶᠠᠳᠠᠷᠠᠬᠤ ᠪᠠᠶᠢᠳᠠᠯ ᠳᠤ ᠤᠷᠤᠳᠠᠭ᠃ ᠳᠡᠶᠢᠮᠦ ᠠᠴᠠ ᠢᠢᠮᠦ ᠦᠶ᠎ᠡ ᠳᠤ 20~30 ᠮᠢᠨᠦ᠋ᠲ ᠠᠮᠠᠷᠠᠭᠠᠳ ᠠᠪᠬᠤ ᠶᠤᠮ ᠤᠤ᠂ ᠠᠵᠢᠯ ᠢᠶᠠᠨ ᠳᠦᠷ ᠵᠤᠬᠰᠤᠭᠠᠵᠤ᠂ ᠭᠡᠷ ᠲᠡᠭᠡᠨ ᠬᠠᠷᠢᠵᠤ ᠬᠠᠯᠠᠭᠤᠨ ᠤᠰᠤ ᠪᠠᠷ ᠪᠡᠶ᠎ᠡ ᠪᠠᠨ ᠤᠬᠢᠶᠠᠵᠤ᠂ ᠠᠮᠳᠠᠳᠠᠢ ᠳᠠᠭᠠᠳᠠᠢ ᠬᠤᠭᠤᠯᠠ ᠢᠳᠡᠵᠦ᠂ ᠬᠠᠨᠤᠳᠠᠯ᠎ᠠ ᠪᠠᠨ ᠤᠨᠳᠠᠵᠤ᠂ ᠪᠡᠶ᠎ᠡ ᠶᠢᠨ ᠳᠠᠮᠢᠷ ᠳᠡᠩᠭᠡᠭᠡ ᠪᠠᠨ ᠰᠡᠯᠪᠢᠵᠤ ᠳᠠᠷᠢᠬᠢ ᠳᠤᠯᠤᠭᠠᠢ ᠪᠠᠨ ᠰᠡᠷᠭᠦᠭᠡᠵᠦ᠂ ᠦᠷ᠎ᠠ ᠪᠦᠲᠦᠮᠵᠢ ᠪᠠᠨ ᠳᠡᠭᠡᠭᠰᠢᠯᠡᠭᠦᠯᠬᠦ ᠶᠢ ᠰᠠᠨᠠᠭᠤᠯᠵᠤ ᠪᠠᠶᠢᠨ᠎ᠠ᠃ ᠡᠭᠢᠯᠡᠵᠦ ᠠᠵᠢᠯᠯᠠᠬᠤ ᠠᠴᠠ ᠪᠠᠨ ᠡᠮᠦᠨ᠎ᠠ᠂ ᠠᠵᠢᠯ ᠤᠨ ᠳᠡᠰ ᠳᠠᠷᠠᠭ᠎ᠠ ᠭᠠᠷᠭᠠᠵᠤ᠂ ᠴᠠᠭ ᠢᠶᠠᠨ ᠳᠦᠯᠦᠪᠯᠡᠬᠦ ᠭᠡᠷᠡᠭᠳᠡᠢ᠃ ᠠᠮᠢᠳᠤ ᠪᠤᠳᠠᠰ ᠤᠨ ᠴᠠᠭ ᠢ ᠦᠨᠳᠦᠰᠦᠯᠡᠨ᠂ ᠠᠵᠢᠯ ᠤᠨ ᠦᠷ᠎ᠡ ᠪᠦᠲᠦᠮᠵᠢ ᠰᠠᠶᠢᠳᠠᠢ ᠴᠠᠭ ᠬᠤᠭᠤᠴᠠᠭᠠᠨ ᠤ ᠳᠠᠷᠠᠭᠠᠯᠠᠯ ᠢᠶᠠᠷ ᠬᠦᠨᠳᠦ ᠪᠤᠶᠤ ᠴᠢᠬᠤᠯᠠ ᠠᠴᠠ ᠬᠦᠩᠭᠡᠨ ᠪᠤᠶᠤ ᠠᠷᠰᠠᠷ ᠠᠵᠢᠯ ᠤᠨ ᠳᠠᠷᠠᠭᠠᠯᠠᠯ ᠢᠶᠠᠷ ᠠᠵᠢᠯᠯᠠᠬᠤ ᠴᠠᠭ ᠢᠶᠠᠨ ᠳᠤᠬᠢᠷᠠᠭᠤᠯᠵᠤ ᠪᠤᠯᠤᠨ᠎ᠠ᠃      ᠶᠠᠰᠤᠨ ᠤ ᠨᠢᠬᠳᠠᠴᠠ ᠶᠢᠨ ᠳᠤᠮᠢᠶ᠎ᠠ      ᠳ᠋ᠠᠢ ᠺᠧ ᠷᠦᠩ ︵ᠱᠠᠩᠬᠠᠢ ᠶᠢᠨ ᠵᠠᠮ ᠬᠠᠷᠢᠯᠴᠠᠭᠠᠨ ᠤ ᠶᠡᠭᠡ ᠰᠤᠷᠭᠠᠭᠤᠯᠢ ᠶᠢᠨ ᠬᠠᠷᠢᠶᠠᠳᠤ ᠶᠢᠰᠦᠳᠦᠭᠡᠷ ᠡᠮᠨᠡᠯᠭᠡ ᠶᠢᠨ ᠬᠤᠷᠢᠶᠠᠨ ᠤ ᠶᠠᠰᠤᠨ ᠤ ᠰᠠᠯᠠᠭᠠᠨ ᠤ ᠡᠷᠭᠢᠯᠡᠭᠴᠢ︶᠄ ᠶᠠᠫᠤᠨ ᠤ ᠬᠠᠮᠢᠶ᠎ᠠ ᠪᠦᠬᠦᠢ ᠰᠤᠳᠤᠯᠭᠠᠳᠠᠨ ᠤ ᠳ᠋ᠦᠩ ᠢ ᠦᠨᠳᠦᠰᠦᠯᠡᠪᠡᠯ᠂ ᠬᠦᠮᠦᠨ ᠤ ᠪᠡᠶ᠎ᠠ ᠶᠢᠨ ᠬᠦᠨᠳᠦ ᠪᠠ ᠨᠠᠰᠤ ᠵᠢᠯ ᠢᠶᠠᠷ ᠶᠠᠰᠤᠨ ᠤ ᠨᠢᠬᠳᠠᠴᠠ ᠪᠠ ᠶᠠᠰᠤ ᠬᠡᠪᠡᠷᠡᠭᠰᠢᠬᠦ ᠡᠪᠡᠳᠴᠢᠨ ᠤ ᠳᠦᠭᠰᠢᠭᠦᠷᠢ ᠶᠢ ᠪᠠᠷᠤᠭᠴᠠᠭᠠᠯᠠᠵᠤ ᠪᠤᠯᠤᠨ᠎ᠠ᠃ ᠶᠠᠰᠤᠨ ᠤ ᠨᠢᠬᠳᠠᠴᠠ = ︹ ᠪᠡᠶ᠎ᠡ ᠶᠢᠨ ᠬᠦᠨᠳᠦ ︵ᠺᠢᠯᠦᠭᠷᠡᠮ︶ - ᠨᠠᠰᠤ ︺ × 0.2᠃ ᠬᠡᠷᠪᠡ ᠳ᠋ᠦᠩ ᠨᠢ -4 ᠠᠴᠠ ᠪᠠᠭ᠎ᠠ ᠭᠠᠷᠪᠠᠯ ᠳᠦᠭᠰᠢᠭᠦᠷᠢ ᠶᠡᠭᠡ ᠲᠠᠢ︔ -4 ~ -1 ᠶᠢᠨ ᠬᠤᠭᠤᠷᠤᠨᠳᠤ ᠪᠠᠶᠢᠪᠠᠯ ᠳᠤᠮᠳᠠ ᠵᠡᠷᠭᠡ ᠶᠢᠨ ᠳᠦᠭᠰᠢᠭᠦᠷᠢ ᠲᠠᠢ︔ -1 ᠠᠴᠠ ᠶᠡᠭᠡ ᠪᠠᠶᠢᠪᠠᠯ ᠳᠦᠭᠰᠢᠭᠦᠷᠢ ᠪᠠᠭ᠎ᠠ ᠲᠠᠢ᠃ ᠵᠢᠱᠢᠶᠡᠯᠡᠪᠡᠯ᠂ ᠪᠡᠶ᠎ᠡ ᠶᠢᠨ ᠬᠦᠨᠳᠦ ᠨᠢ 45 ᠺᠢᠯᠦᠭᠷᠡᠮ᠂ 70 ᠨᠠᠰᠤ ᠲᠠᠢ ᠬᠦᠮᠦᠨ ᠤ ᠳᠦᠭᠰᠢᠭᠦᠷᠢ ᠶᠢᠨ ᠵᠢᠭᠠᠯᠳᠠ ᠳᠤᠭ᠎ᠠ ᠨᠢ ︵45 -70︶ × 0.2 = -5᠂ ᠳᠠᠷᠤᠢ ᠶᠠᠰᠤ ᠭᠡᠪᠡᠷᠡᠭᠰᠢᠬᠦ ᠡᠪᠡᠳᠴᠢᠨ ᠲᠠᠢ ᠪᠠᠶᠢᠬᠤ ᠪᠤᠯᠤᠮᠵᠢ ᠶᠡᠭᠡ ᠪᠠᠶᠢᠨ᠎ᠠ᠃ ᠳᠡᠶᠢᠮᠦ ᠠᠴᠠ ᠡᠮᠨᠡᠯᠭᠡ ᠳᠤ ᠤᠴᠢᠵᠤ ᠪᠠᠶᠢᠴᠠᠭᠠᠯᠭᠠᠬᠤ ᠴᠢᠬᠤᠯᠠᠳᠠᠢ᠃ ᠰᠠᠨᠠᠭᠤᠯᠭ᠎ᠠ᠄ ᠵᠠᠯᠠᠭᠤ ᠠᠴᠠ ᠪᠠᠨ ᠳᠠᠮᠢᠷ ᠤᠨ ᠪᠤᠯᠪᠠᠰᠤᠷᠠᠯ ᠢᠯᠡᠭᠦᠦ ᠬᠢᠨ᠎ᠠ᠂ ᠵᠢᠱᠢᠶᠡᠯᠡᠪᠡᠯ ᠤᠰᠤᠨ ᠳᠤ ᠤᠮᠪᠠᠭ᠋ᠤ᠂ ᠶᠠᠪᠠᠭᠠᠨ ᠰᠠᠭᠤᠵᠤ ᠪᠤᠰᠬᠤ ᠵᠡᠷᠭᠡ ᠨᠢ ᠶᠠᠰᠤᠨ ᠤ ᠨᠢᠬᠳᠠᠴᠠ ᠶᠢ ᠪᠠᠳᠤᠳᠬᠠᠬᠤ ᠦᠢᠯᠡᠳᠦᠯ ᠲᠠᠢ᠃ ᠡᠩ ᠤᠨ ᠦᠶ᠎ᠡ ᠳᠡᠭᠡᠨ ᠺᠠᠯᠽ ᠡᠯᠪᠡᠭ ᠠᠭᠤᠯᠤᠭᠰᠠᠨ ᠦᠨᠢᠶᠡᠨ ᠰᠦ᠂ ᠮᠠᠽᠢ ᠵᠡᠷᠭᠡ᠂ ᠸᠢᠲ᠋ᠠᠮᠢᠨ D ᠡᠯᠪᠡᠭ ᠠᠭᠤᠯᠤᠭᠰᠠᠨ ᠦᠨᠦᠷᠳᠦ ᠮᠦᠭᠦ᠂ ᠳᠠᠯᠠᠢ ᠶᠢᠨ ᠵᠢᠭᠠᠰᠤ ᠵᠡᠷᠭᠡ ᠶᠢ ᠢᠯᠡᠭᠦᠦ ᠢᠳᠡᠬᠦ ᠶᠢ ᠠᠩᠬᠠᠷᠴᠤ᠂ ᠦᠷᠭᠦᠯᠵᠢ ᠨᠠᠷᠠᠨ ᠳᠤ ᠡᠭᠡᠭᠡᠵᠦ ᠪᠠᠶᠢᠪᠠᠯ ᠰᠠᠶᠢᠨ᠃ ᠤᠨᠴᠠᠭᠠᠢᠢᠯᠠᠨ ᠡᠮᠡᠭᠳᠡᠶᠢᠴᠤᠳ ᠰᠠᠷ᠎ᠠ ᠶᠢᠨ ᠭᠭᠢᠷ ᠵᠤᠬᠰᠤᠬᠤ ᠠᠴᠠ ᠡᠮᠦᠨ᠎ᠠ ᠳᠠᠮᠢᠷ ᠤᠨ ᠪᠤᠯᠪᠠᠰᠤᠷᠠᠯ ᠢᠯᠡᠭᠦᠦ ᠬᠢᠬᠦ ᠶᠢᠨ ᠬᠠᠮᠳᠤ ᠵᠤᠬᠢᠰᠳᠠᠢ ᠪᠠᠷ ᠤᠭᠤᠷᠠᠭ ᠪᠠ ᠺᠠᠯᠽ ᠨᠦᠬᠦᠪᠦᠷᠢᠯᠡᠬᠦ ᠭᠡᠷᠡᠭᠳᠡᠢ︔ ᠰᠠᠷ᠎ᠠ ᠶᠢᠨ ᠭᠭᠢᠷ ᠵᠤᠬᠰᠤᠭᠰᠠᠨ ᠤ ᠳᠠᠷᠠᠭ᠎ᠠ ᠴᠠᠭ ᠳᠤᠬᠠᠢ ᠳᠤᠨᠢ ᠪᠠᠶᠢᠴᠠᠭᠠᠯᠳᠠ ᠬᠢᠵᠦ᠂ ᠴᠢᠬᠤᠯᠠᠳᠠᠢ ᠪᠤᠯ ᠡᠮᠴᠢ ᠶᠢᠨ ᠵᠢᠯᠤᠭᠤᠳᠤᠯᠭ᠎ᠠ ᠪᠠᠷ ᠡᠮ᠎ᠡ ᠪᠡᠯᠭᠡ ᠶᠢᠨ ᠬᠤᠷᠮᠤᠨ ᠢᠶᠠᠨ ᠳᠤᠬᠢᠷᠠᠭᠤᠯᠬᠤ ᠪᠤᠶᠤ ᠺᠠᠯᠽ ᠨᠦᠬᠦᠪᠦᠷᠢᠯᠡᠬᠦ ᠭᠡᠷᠡᠭᠳᠡᠢ᠃     ᠲᠠᠮᠢᠷ ᠤᠨ ᠬᠦᠳᠡᠯᠭᠡᠭᠡᠨ ᠤ ᠵᠢᠷᠦᠭᠡᠨ ᠴᠤᠬᠢᠯᠠᠭ᠎ᠠ ᠶᠢᠨ ᠳᠤᠮᠢᠶ᠎ᠠ      ᠳᠠᠮᠢᠷ ᠤᠨ ᠬᠦᠳᠡᠯᠭᠡᠭᠡᠨ ᠬᠢᠵᠦ ᠪᠠᠶᠢᠬᠤ ᠦᠶ᠎ᠡ ᠶᠢᠨ ᠵᠢᠷᠦᠬᠡᠨ ᠴᠤᠬᠢᠯᠠᠭ᠎ᠠ ᠶᠢᠨ ᠪᠠᠶᠢᠳᠠᠯ ᠨᠢ᠂ ᠬᠦᠳᠡᠯᠭᠡᠭᠡᠨ ᠤ ᠬᠦᠴᠦᠯᠡᠴᠡ ᠶᠢ ᠬᠡᠮᠵᠢᠶᠡᠯᠡᠬᠦ᠂ ᠵᠤᠬᠢᠰ ᠦᠭᠡᠢ ᠬᠦᠳᠡᠯᠭᠡᠭᠡᠨ ᠪᠤᠶᠤ ᠬᠡᠳᠦ ᠬᠦᠳᠡᠯᠭᠡᠭᠡᠨ ᠬᠢᠬᠦ ᠠᠴᠠ ᠰᠡᠷᠭᠡᠶᠢᠯᠡᠬᠦ ᠳᠤ ᠳᠤᠯᠢ ᠪᠤᠯᠳᠠᠭ᠃ ᠨᠠᠰᠤᠨ ᠳᠤ ᠬᠦᠷᠦᠭᠰᠡᠳ ᠲᠤ ᠠᠪᠴᠤ ᠬᠡᠯᠡᠪᠡᠯ᠂ ᠡᠷᠡᠭᠳᠡᠶᠢᠴᠤᠳ ᠤᠨ ᠬᠠᠮᠤᠭ ᠤᠨ ᠦᠨᠳᠦᠷ ᠬᠦᠳᠡᠯᠭᠡᠭᠡᠨ ᠤ ᠵᠢᠷᠦᠭᠡᠨ ᠴᠤᠬᠢᠯᠠᠭ᠎ᠠ = 205 - ᠨᠠᠰᠤ︔ ᠡᠮᠡᠭᠳᠡᠶᠢᠴᠤᠳ ᠤᠨ ᠬᠢ = 220 - ᠨᠠᠰᠤ᠃ ᠪᠤᠳᠠᠳᠠᠢ ᠵᠢᠷᠦᠭᠡᠨ ᠴᠤᠬᠢᠯᠠᠭ᠎ᠠ ᠨᠢ ᠬᠠᠮᠤᠭ ᠤᠨ ᠦᠨᠳᠦᠷ ᠬᠡᠮᠵᠢᠶᠡᠨ ᠤ 70% ᠬᠦᠷᠴᠦ ᠪᠠᠶᠢᠪᠠᠯ ᠦᠨᠳᠦᠷ ᠬᠦᠴᠦᠯᠡᠴᠡ ᠪᠦᠬᠦᠢ ᠬᠦᠳᠡᠯᠭᠡᠭᠡᠨ᠂ 55%~ 69% ᠬᠦᠷᠴᠦ ᠪᠠᠶᠢᠪᠠᠯ ᠳᠤᠮᠳᠠ ᠬᠦᠴᠦᠯᠡᠴᠡ ᠪᠦᠬᠦᠢ ᠬᠦᠳᠡᠯᠭᠡᠭᠡᠨ᠂ 40%~54% ᠬᠦᠷᠴᠦ ᠪᠠᠶᠢᠪᠠᠯ ᠳᠤᠤᠷ᠎ᠠ ᠭᠦᠴᠦᠯᠡᠴᠡ ᠪᠦᠬᠦᠢ ᠬᠦᠳᠡᠯᠭᠡᠭᠡᠨ ᠪᠤᠯᠤᠨ᠎ᠠ᠃ ᠨᠠᠰᠤᠳᠠᠶᠢᠴᠤᠳ ᠲᠤ ᠠᠪᠴᠤ ᠬᠡᠯᠡᠪᠡᠯ᠂ ᠵᠤᠬᠢᠰᠳᠠᠢ ᠬᠦᠳᠡᠯᠭᠡᠭᠡᠨ ᠤ ᠵᠢᠷᠤᠬᠡᠨ ᠴᠤᠬᠢᠯᠠᠭ᠎ᠠ = 170- ᠨᠠᠰᠤ᠃ ᠵᠢᠱᠢᠶᠡᠯᠡᠪᠡᠯ᠂ 70 ᠨᠠᠰᠤᠳᠠᠢ ᠨᠠᠰᠤᠳᠠᠨ ᠬᠦᠴᠢᠯᠳᠦ᠋ᠷᠦᠭᠴᠢᠳᠤ ᠬᠦᠳᠡᠯᠭᠡᠭᠡᠨ ᠬᠢᠬᠦ ᠳᠡᠭᠡᠨ᠂ ᠵᠢᠷᠦᠭᠡᠨ ᠴᠤᠬᠢᠯᠠᠭ᠎ᠠ ᠪᠠᠨ 170 -70=100 ᠤᠳᠠᠭ᠎ᠠ / ᠮᠢᠨᠦ᠋ᠲ ᠢᠶᠠᠷ ᠬᠢᠵᠠᠭᠠᠷᠯᠠᠬᠤ ᠴᠢᠬᠤᠯᠠᠳᠠᠢ᠃ ᠦᠨᠳᠦᠷ ᠨᠠᠰᠤᠳᠠᠨ ᠤ ᠠᠮᠤᠷ ᠳᠦᠪᠰᠢᠨ ᠢ ᠪᠠᠳᠤᠯᠠᠬᠤ ᠶᠢᠨ ᠳᠦᠯᠦᠭᠡ᠂ ︵170 - ᠨᠠᠰᠤ︶ × 0.9 ᠪᠠᠷ ᠬᠢᠵᠠᠭᠠᠷᠯᠠᠵᠤ ᠪᠤᠯᠤᠨ᠎ᠠ᠃     ᠪᠡᠶ᠎ᠡ ᠶᠢᠨ ᠦᠭᠡᠭᠦᠨ ᠤ ᠨᠤᠷᠮ᠎ᠠ ᠶᠢᠨ ᠳᠤᠮᠢᠶ᠎ᠠ      ᠪᠡᠶ᠎ᠡ ᠶᠢᠨ ᠦᠭᠡᠬᠦᠨ ᠤ ᠨᠤᠷᠮ᠎ᠠ ᠨᠢ ᠬᠦᠮᠦᠨ ᠤ ᠪᠡᠶ᠎ᠡ ᠳᠠᠬᠢ ᠦᠭᠡᠬᠦ ᠶᠢᠨ ᠠᠭᠤᠯᠤᠭᠳᠠᠴᠠ ᠶᠢ ᠳᠤᠰᠬᠠᠳᠠᠭ᠃ ᠡᠮᠡᠭᠳᠡᠶᠢᠴᠤᠳ ᠤᠨ ᠪᠡᠶ᠎ᠡ ᠶᠢᠨ ᠦᠭᠡᠬᠦᠨ ᠤ ᠨᠤᠷᠮ᠎ᠠ ᠶᠢᠨ ᠳᠤᠮᠢᠶ᠎ᠠ᠄ ᠵᠢᠭᠠᠯᠳᠠ ᠳᠤᠭ᠎ᠠ a= ᠪᠦᠰᠡᠯᠡᠭᠦᠷ ᠤᠨ ᠤᠷᠳᠤ ︵ᠰᠡᠨᠲ᠋ᠢᠮᠧᠳ᠋ᠷ︶ × 0.74︔ ᠵᠢᠭᠠᠯᠳᠠ ᠳᠤᠭ᠎ᠠ b = ᠪᠡᠶ᠎ᠡ ᠶᠢᠨ ᠬᠦᠨᠳᠦ ︵ᠺᠢᠯᠦᠭᠷᠡᠮ︶ × 0. 082+34.89︔ ᠪᠡᠶ᠎ᠡ ᠶᠢᠨ ᠦᠭᠡᠭᠦᠨ ᠤ ᠨᠤᠷᠮ᠎ᠠ = ︵a-b︶ ÷ ᠪᠡᠶ᠎ᠡ ᠶᠢᠨ ᠬᠦᠨᠳᠦ × 100%᠃ ᠡᠷᠡᠭᠳᠡᠶᠢᠴᠤᠳ ᠤᠨ ᠪᠡᠶ᠎ᠡ ᠶᠢᠨ ᠦᠭᠡᠭᠦᠨ ᠤ ᠨᠤᠷᠮ᠎ᠠ ᠶᠢ ᠪᠤᠳᠤᠬᠤ ᠳᠠᠭᠠᠨ᠂ ᠵᠢᠭᠠᠯᠳᠠ ᠳᠤᠭ᠎ᠠ b = ᠪᠡᠶ᠎ᠡ ᠶᠢᠨ ᠬᠦᠨᠳᠦ ︵ᠺᠢᠯᠦᠭᠷᠡᠮ︶ × 0.082+44.74᠃ ᠰᠠᠨᠠᠭᠤᠯᠭ᠎ᠠ᠄ ᠡᠷᠡᠭᠦᠯ ᠰᠠᠷᠠᠭᠤᠯ ᠨᠠᠰᠤᠨ ᠳᠤ ᠬᠦᠷᠦᠭᠰᠡᠳ ᠤᠨ ᠪᠡᠶ᠎ᠡ ᠶᠢᠨ ᠦᠭᠡᠭᠦᠨ ᠤ ᠨᠤᠷᠮ᠎ᠠ ᠨᠢ᠂ ᠡᠷᠡᠭᠳᠡᠶᠢᠴᠤᠳ ᠤᠨ ᠬᠢ 17%~23%᠂ ᠡᠮᠡᠭᠳᠡᠶᠢᠴᠤᠳ ᠤᠨ ᠬᠢ 20%~27% ᠪᠠᠶᠢᠳᠠᠭ᠃ ᠬᠡᠷᠪᠡ ᠡᠷᠡᠭᠳᠡᠶᠢᠴᠤᠳ ᠤᠨ ᠬᠢ 25%᠂ ᠡᠮᠡᠭᠳᠡᠶᠢᠴᠤᠳ ᠤᠨ ᠬᠢ 30 % ᠠᠴᠠ ᠳᠠᠪᠠᠭᠰᠠᠨ ᠪᠠᠶᠢᠪᠠᠯ᠂ ᠮᠠᠷᠢᠶᠠᠳᠠᠢ ᠬᠦᠮᠦᠨ ᠤ ᠳᠤᠭᠠᠨ ᠳᠤ ᠤᠷᠤᠵᠤ᠂ ᠯᠤᠬᠰᠢᠭᠤᠨ ᠰᠤᠳᠠᠯ ᠬᠠᠳᠠᠭᠤᠷᠠᠬᠤ᠂ ᠵᠢᠷᠦᠬᠡᠨ ᠳᠢᠳᠢᠮ ᠤᠨ ᠡᠪᠡᠳᠴᠢᠨ᠂ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠠᠶᠤᠯ ᠲᠠᠢ᠃ ᠢᠢᠮᠦ ᠪᠠᠶᠢᠳᠠᠯ ᠲᠠᠢ ᠬᠦᠮᠦᠰ ᠢᠳᠡᠰᠢᠨ ᠨᠤᠭᠤᠭ᠎ᠠ ᠪᠠ ᠵᠢᠮᠢᠰ ᠢᠯᠡᠭᠦᠦ ᠢᠳᠡᠵᠦ᠂ ᠬᠠᠷ᠎ᠠ ᠮᠢᠬ᠎ᠠ ᠬᠡᠮᠵᠢᠶ᠎ᠠ ᠲᠠᠢ ᠢᠳᠡᠨ᠂ ᠦᠭᠡᠬᠦ ᠳᠠᠪᠤᠰᠤ ᠳᠤᠰᠤ ᠶᠡᠬᠡᠳᠡᠢ ᠢᠳᠡᠭᠡᠨ ᠢᠳᠡᠬᠦ ᠦᠭᠡᠢ ᠪᠠᠶᠢᠵᠤ᠂ ᠵᠤᠬᠢᠬᠤ ᠳᠠᠮᠢᠷ ᠤᠨ ᠬᠦᠳᠡᠯᠭᠡᠭᠡᠨ ᠬᠢᠵᠦ ᠪᠡᠶ᠎ᠡ ᠶᠢᠨ ᠦᠭᠡᠬᠦ ᠪᠠᠨ ᠪᠠᠭᠤᠷᠠᠭᠤᠯᠬᠤ ᠶᠢ ᠬᠢᠴᠢᠶᠡᠪᠡᠯ ᠵᠤᠬᠢᠨ᠎ᠠ᠃ ᠬᠡᠷᠪᠡ ᠡᠷᠡᠭᠳᠡᠶᠢᠴᠤᠳ ᠤᠨ ᠪᠡᠶ᠎ᠡ ᠶᠢᠨ ᠦᠭᠡᠬᠦᠨ ᠤ ᠨᠤᠷᠮ᠎ᠠ 14%~20%᠂ ᠡᠮᠡᠭᠳᠡᠶᠢᠴᠤᠳ ᠤᠨ ᠬᠢ 17%~24% ᠪᠠᠶᠢᠪᠠᠯ᠂ ᠳᠤᠷᠠᠩᠬᠠᠢ ᠬᠦᠮᠦᠨ ᠤ ᠳᠤᠭᠠᠨ ᠳᠤ ᠤᠷᠤᠵᠤ᠂ ᠳᠠᠮᠢᠷ ᠤᠨ ᠬᠦᠳᠡᠯᠭᠡᠭᠡᠨ ᠢᠶᠠᠨ ᠴᠢᠩᠭᠠᠳᠬᠠᠵᠤ᠂ ᠤᠭᠤᠷᠠᠭ ᠵᠡᠷᠭᠡ ᠶᠢ ᠨᠦᠬᠦᠪᠦᠷᠢᠯᠡᠵᠦ᠂ ᠪᠡᠶ᠎ᠡ ᠶᠢᠨ ᠦᠬᠡᠭᠦᠨ ᠤ ᠨᠤᠷᠮ᠎ᠠ ᠪᠠᠨ ᠳᠡᠭᠡᠭᠰᠢᠯᠡᠭᠦᠯᠬᠦ ᠭᠡᠷᠡᠭᠳᠡᠢ᠃ ᠬᠡᠷᠪᠡ ᠡᠷᠡᠭᠳᠡᠶᠢᠴᠤᠳ ᠤᠨ ᠬᠢ 5% ᠠᠴᠠ ᠳᠤᠤᠷ᠎ᠠ᠂ ᠡᠮᠡᠭᠳᠡᠶᠢᠴᠤᠳ ᠤᠨ ᠬᠢ 15% ᠠᠴᠠ ᠳᠤᠤᠷ᠎ᠠ ᠪᠠᠶᠢᠪᠠᠯ᠂ ᠪᠡᠶ᠎ᠡ ᠶᠢᠨ ᠴᠢᠳᠠᠪᠬᠢ ᠪᠠᠨ ᠠᠯᠳᠠᠵᠤ ᠮᠡᠳᠡᠨ᠎ᠠ᠂ ᠡᠮᠨᠡᠯᠭᠡ ᠳᠤ ᠤᠴᠢᠵᠤ ᠪᠠᠶᠢᠴᠠᠭᠠᠯᠭᠠᠬᠤ ᠭᠡᠷᠡᠭᠳᠡᠢ᠃     ᠠᠵᠠ ᠵᠢᠷᠭᠠᠯᠳᠤ ᠳᠦᠷᠦᠭᠳᠡᠯ ᠤᠨ ᠳᠤᠮᠢᠶ᠎ᠠ      ᠳᠠᠩ ᠶᠦᠩ ᠯᠦᠩ ︵ᠪᠠᠷᠠᠭᠤᠨ ᠡᠮᠦᠨᠡᠳᠦ ᠶᠢᠨ ᠶᠡᠭᠡ ᠰᠤᠷᠭᠠᠭᠤᠯᠢ ᠶᠢᠨ ᠰᠡᠳᠬᠢᠴᠡ ᠵᠦᠢ ᠶᠢᠨ ᠰᠠᠯᠠᠭᠠᠨ ᠤ ᠳᠡᠳ᠋ ᠫᠷᠦᠹᠧᠰᠰᠤᠷ︶᠄ ᠨᠤᠫᠧᠯ ᠤᠨ ᠠᠵᠤ ᠠᠬᠤᠢ ᠶᠢᠨ ᠤᠬᠠᠭᠠᠨ ᠤ ᠱᠠᠩᠨᠠᠯᠳᠤ᠂ ᠠᠮᠧᠷᠢᠺᠠ ᠶᠢᠨ ᠠᠵᠤ ᠠᠬᠤᠢ ᠶᠢᠨ ᠤᠬᠠᠭᠠᠨᠳᠠᠨ ᠱᠠᠮᠦ᠋ᠷᠱᠧᠨ ᠨᠢᠭᠡᠨ ᠠᠵᠠ ᠵᠢᠷᠭᠠᠯ ᠤᠨ ᠳᠤᠮᠢᠶ᠎ᠠ ᠶᠢ ᠳᠤᠷᠠᠳᠴᠠᠢ᠄ ᠬᠤᠪᠢ ᠬᠦᠮᠦᠨ ᠤ ᠠᠵᠠ ᠵᠢᠷᠭᠠᠯ = ᠪᠤᠳᠠᠰ ÷ ᠬᠡᠷᠡᠭᠯᠡᠭᠡᠨ ᠤ ᠬᠦᠰᠡᠯ᠃ ᠡᠨᠡ ᠳᠤᠮᠢᠶ᠎ᠠ ᠠᠴᠠ ᠭᠤᠷᠪᠠᠨ ᠵᠦᠢᠯ ᠤᠨ ᠪᠠᠶᠢᠳᠠᠯ ᠬᠤᠪᠢᠷᠠᠨ ᠭᠠᠷᠴᠤ ᠪᠤᠯᠤᠨ᠎ᠠ᠄ 1. ᠬᠦᠰᠡᠯ ᠨᠢ ᠬᠤᠪᠢᠷᠠᠬᠤ ᠦᠭᠡᠢ ᠦᠶ᠎ᠡ ᠳᠤ᠂ ᠠᠵᠠ ᠵᠢᠷᠭᠠᠯ ᠪᠠ ᠪᠤᠳᠠᠰ ᠨᠢ ᠰᠢᠭᠤᠳ ᠬᠠᠷᠢᠴᠠᠭᠠᠳᠤ ᠪᠤᠯᠤᠨ᠎ᠠ᠃ 2. ᠪᠤᠳᠠᠰ ᠨᠢ ᠬᠤᠪᠢᠷᠠᠬᠤ ᠦᠭᠡᠢ ᠦᠶ᠎ᠠ ᠳᠤ᠂ ᠠᠵᠠ ᠵᠢᠷᠭᠠᠯ ᠪᠠ ᠬᠦᠰᠡᠯ ᠨᠢ ᠤᠷᠪᠠᠭᠤ ᠬᠠᠷᠢᠴᠠᠭᠠᠳᠤ ᠪᠤᠯᠤᠨ᠎ᠠ᠃ 3. ᠪᠤᠳᠠᠰ ᠪᠠ ᠬᠦᠰᠡᠯ ᠨᠢ ᠵᠡᠷᠭᠡ ᠪᠠᠷ ᠨᠡᠮᠡᠭᠳᠡᠬᠦ ᠦᠶ᠎ᠡ ᠳᠤ᠂ ᠬᠡᠷᠪᠡ ᠪᠤᠳᠠᠰ ᠤᠨ ᠨᠡᠮᠡᠭᠳᠡᠯ ᠤᠨ ᠬᠤᠷᠳᠤᠴᠠ ᠨᠢ ᠬᠦᠰᠡᠯ ᠤᠨ ᠨᠡᠮᠡᠭᠳᠡᠯ ᠤᠨ ᠬᠤᠷᠳᠤᠴᠠ ᠠᠴᠠ ᠬᠤᠷᠳᠤᠨ ᠪᠠᠶᠢᠪᠠᠯ᠂ ᠠᠵᠠ ᠵᠢᠷᠭᠠᠯᠳᠤ ᠳᠦᠷᠦᠭᠳᠡᠯ ᠨᠢ ᠮᠦᠨ ᠨᠡᠮᠡᠭᠳᠡᠨ᠎ᠠ︔ ᠡᠰᠡᠷᠭᠦ ᠪᠤᠯᠪᠠᠯ ᠠᠵᠠ ᠵᠢᠷᠭᠠᠯᠳᠤ ᠳᠦᠷᠦᠭᠳᠡᠯ ᠨᠢ ᠪᠠᠭᠤᠷᠠᠨ᠎ᠠ᠃ ᠰᠠᠨᠠᠭᠤᠯᠭ᠎ᠠ᠄ ᠤᠳᠤ ᠶᠢᠨ ᠬᠦᠮᠦᠨ ᠤ ᠠᠵᠠ ᠵᠢᠷᠭᠠᠯᠳᠤ ᠳᠦᠷᠦᠭᠳᠡᠯ ᠪᠠᠭᠤᠷᠠᠵᠤ ᠪᠠᠶᠢᠭ᠎ᠠ ᠨᠢ ᠳᠤᠤᠷᠠᠬᠢ ᠬᠡᠳᠦᠨ ᠵᠦᠢᠯ ᠤᠨ ᠰᠢᠯᠳᠠᠭᠠᠨ ᠠᠴᠠ ᠪᠤᠯᠵᠠᠢ᠄ ᠳᠡᠭᠡᠭᠰᠢ ᠪᠠᠨ ᠦᠭᠰᠦᠵᠦ ᠠᠳᠠᠯᠢᠳᠬᠠᠬᠤ ᠳᠤᠷᠠᠳᠠᠢ᠂ ᠤᠶᠤᠨ ᠰᠠᠨᠠᠭᠠᠨ ᠤ ᠬᠠᠷᠠᠯᠳᠠ ᠪᠠᠷ ᠳᠤᠳᠠᠮᠠᠭ᠂ ᠰᠠᠶᠢᠨ ᠰᠠᠶᠢᠬᠠᠨ ᠵᠦᠢᠯ ᠢ ᠤᠯᠵᠤ ᠦᠵᠡᠬᠦ ᠳᠡᠭᠡᠨ ᠮᠠᠭᠤ᠂ ᠵᠤᠷᠢᠭᠤᠯᠬᠤ ᠵᠤᠷᠢᠬ ᠰᠠᠨᠠᠭ᠎ᠠ ᠦᠭᠡᠢ᠂ ᠬᠠᠩᠬᠤ ᠦᠭᠡᠢ᠂ ᠳᠠᠷᠤᠯᠳᠠ ᠶᠡᠭᠡ᠂ ᠵᠤᠪᠠᠨᠢᠬᠤ ᠳᠤᠷᠠᠳᠠᠢ᠃ ᠦᠨᠡᠨᠳᠡᠭᠡᠨ ᠠᠵᠠ ᠵᠢᠷᠭᠠᠯ ᠭᠡᠵᠦ ᠳᠡᠭᠷᠢ ᠭᠠᠵᠠᠷ ᠢ ᠳᠤᠩᠰᠤᠯᠭᠠᠨ ᠢᠷᠡᠳᠡᠭ ᠪᠢᠰᠢ᠂ ᠮᠦᠨ ᠴᠤ ᠪᠠᠷᠢᠬᠳᠠᠰᠢ ᠦᠭᠡᠢ ᠬᠤᠯᠠ ᠶᠢᠨ ᠶᠠᠭᠤᠮ᠎ᠠ ᠪᠢᠰᠢ᠂ ᠬᠠᠷᠢᠨ ᠨᠢᠭᠡ ᠵᠦᠢᠯ ᠤᠨ ᠰᠠᠶᠢᠨ ᠰᠠᠶᠢᠬᠠᠨ ᠲᠦᠷᠦᠭᠳᠡᠯ ᠯᠡ ᠳᠡᠳᠦᠢ᠂ ᠪᠤᠰᠤᠳ ᠲᠤ ᠬᠠᠪᠰᠤᠷᠤᠮᠵᠢ ᠦᠵᠡᠭᠦᠯᠦᠭᠰᠡᠨ᠂ ᠤᠳᠤᠬᠢ ᠪᠠᠶᠢᠳᠠᠯ ᠳᠠᠭᠠᠨ ᠬᠠᠨᠤᠵᠤ ᠠᠮᠢᠳᠤᠷᠠᠬᠤ ᠪᠠᠶᠠᠷ ᠬᠦᠷ ᠶᠤᠮ᠃ ᠠᠵᠠ ᠵᠢᠷᠭᠠᠯᠳᠤ ᠳᠦᠷᠦᠭᠳᠡᠯ ᠢᠶᠠᠨ ᠨᠡᠮᠡᠭᠳᠡᠭᠦᠯᠦᠶ᠎ᠡ ᠭᠡᠪᠡᠯ ᠪᠠᠭ᠎ᠠ ᠵᠦᠢᠯ ᠠᠴᠠ ᠭᠠᠷᠳᠠᠬᠤ ᠭᠡᠷᠡᠭᠳᠡᠢ᠃ ᠬᠢᠳᠠᠯ ᠠᠯᠳᠠᠪᠠᠯ ᠨᠤᠮ ᠤᠩᠰᠢᠵᠤ ᠪᠤᠯᠤᠨ᠎ᠠ᠂ ᠨᠠᠶᠢᠵᠢ ᠨᠦᠬᠦᠳ ᠢᠶᠠᠨ ᠳᠠᠭᠤᠳᠠᠵᠤ ᠺᠢᠨᠣ᠋ ᠵᠦᠴᠦᠭᠡ ᠦᠵᠡᠬᠦ ᠭᠡᠬᠦ ᠮᠡᠳᠦ ᠶᠢᠨ ᠳᠦᠭᠦᠮ ᠳᠦᠳᠡ ᠵᠠᠮ ᠢ ᠬᠠᠶᠢᠵᠤ ᠪᠤᠯᠤᠨ᠎ᠠ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号