ᠬᠥᠮᠥᠰ ᠶᠡᠷᠤ ᠨᠢ ᠥᠪᠡᠷ ᠤᠨ ᠬᠠᠮᠤᠭ ᠤᠨ ᠬᠠᠶᠢᠷᠠᠳᠠᠢ᠂ ᠬᠠᠮᠤᠭ ᠤᠨ ᠴᠢᠬᠤᠯᠠᠴᠢᠯᠠᠨ ᠥᠵᠡᠳᠡᠭ | ᠵᠥᠢᠯ ᠢᠶᠠᠨ ︽ᠬᠠᠷᠠᠬᠤ ᠨᠢᠳᠤᠨ ᠤ ᠴᠡᠴᠡᠬᠡᠢ ᠰᠢᠭ ᠢᠶᠠᠨ ᠬᠠᠶᠢᠷᠠᠯᠠᠳᠠᠭ︾ ᠭᠡᠵᠤ ᠬᠡᠯᠡᠳᠡᠭ᠃ ᠨᠢᠳᠤ ᠪᠤᠯ | ᠬᠥᠮᠥᠨ ᠤ ᠪᠡᠶ᠎ᠠ ᠳᠤ ᠬᠢ ᠴᠢᠬᠤᠯᠠ ᠡᠷᠬᠡᠳᠡᠨ ᠪᠤᠯᠬᠤ ᠮᠥᠷᠳᠡᠭᠡᠨ ᠳᠤᠩ ᠴᠤ ᠵᠥᠭᠡᠯᠡᠨ ᠪᠤᠯᠪᠠᠷᠠᠢ ᠪᠠᠶᠢᠳᠠᠭ᠂ ᠬᠡᠷᠪᠡ | ᠰᠠᠶᠢᠳᠤᠷ ᠬᠠᠶᠢᠷᠠᠯᠠᠨ ᠬᠠᠮᠠᠭᠠᠯᠠᠬᠤ ᠥᠭᠡᠢ ᠪᠤᠯ ᠨᠢᠳᠤᠨ ᠡᠪᠡᠳᠴᠢᠨ ᠳᠤ ᠨᠡᠷᠪᠡᠭᠳᠡᠬᠦ ᠪᠤᠶᠤ ᠰᠢᠷᠬ᠎ᠠ ᠤᠯᠵᠤ᠂ | ᠬᠠᠷᠠᠭ᠎ᠠ ᠶᠢ ᠨᠥᠯᠥᠭᠡᠯᠡᠬᠦ ᠪᠠᠷ ᠪᠠᠷᠠᠬᠤ ᠥᠭᠡᠢ ᠨᠡᠩ ᠴᠢᠨᠠᠭᠰᠢᠯᠠᠨ ᠬᠠᠷᠠᠭ᠎ᠠ ᠪᠠᠨ ᠠᠯᠳᠠᠵᠤ᠂ ᠠᠵᠢᠯ ᠠᠮᠢᠳᠤᠷᠠᠯ ᠤᠨ | ᠴᠢᠨᠠᠷ ᠴᠢᠨᠰᠠᠭ᠎ᠠ ᠶᠢ ᠨᠥᠯᠥᠭᠡᠯᠡᠨ᠎ᠠ᠃ ᠡᠶᠢᠮᠤ ᠠᠴᠠ ᠨᠢᠳᠤ ᠪᠠᠨ ᠰᠠᠶᠢᠳᠤᠷ ᠬᠠᠮᠠᠭᠠᠯᠠᠬᠤ ᠬᠡᠷᠡᠭᠳᠡᠢ᠃ | ᠬᠡᠤᠬᠡᠳ ᠪᠠᠭᠠᠴᠤᠤᠯ ᠤᠨ ᠥᠶ᠎ᠠ ︵0 — 14 ᠨᠠᠰᠤ︶ ᠥᠢᠷ᠎ᠠ ᠬᠠᠷᠠᠭ᠎ᠠ ᠶᠢ ᠰᠡᠷᠭᠡᠶᠢᠯᠡᠬᠦ ᠨᠢ | ᠵᠠᠩᠬᠢᠯᠠᠭ᠎ᠠ | 14 ᠨᠠᠰᠤᠨ ᠠᠴᠠ ᠡᠮᠤᠨᠡᠬᠢ ᠡᠨᠡ ᠬᠦ ᠬᠤᠭᠤᠴᠠᠭ᠎ᠠ ᠪᠤᠯ ᠬᠥᠮᠥᠨ ᠤ ᠨᠢᠳᠤᠨ ᠤ ᠪᠤᠶᠢᠵᠢᠯᠳᠠ ᠶᠢᠨ | ᠬᠠᠮᠤᠭ ᠤᠨ ᠴᠢᠬᠤᠯᠠ ᠴᠠᠭ ᠥᠶ᠎ᠠ ᠪᠤᠯᠤᠨ᠎ᠠ᠃ ᠳᠤᠰ ᠬᠤᠭᠤᠴᠠᠭᠠᠨ ᠳᠤ ᠬᠢ ᠡᠷᠡᠭᠦᠯ ᠮᠡᠨᠳᠤ ᠬᠢᠭᠡᠳ ᠨᠢᠳᠤ ᠪᠠᠨ | ᠬᠡᠷᠡᠭᠯᠡᠬᠦ ᠳᠠᠳᠬᠠᠯ ᠨᠢ ᠬᠥᠮᠥᠨ ᠤ ᠨᠢᠭᠡ ᠨᠠᠰᠤᠨ ᠤ ᠴᠢᠬᠤᠯᠠ ᠡᠷᠡᠭᠦᠯ ᠮᠡᠨᠳᠤ ᠶᠢᠨ ᠰᠠᠭᠤᠷᠢ ᠪᠤᠯᠤᠨ᠎ᠠ᠃ ᠡᠷᠳᠡ | ᠬᠥᠩᠭᠡᠵᠢᠭᠰᠡᠨ ᠪᠤᠶᠤ ᠪᠡᠶ᠎ᠠ ᠬᠦ᠋ᠨᠳᠤᠴᠡ ᠬᠥᠷᠬᠦ ᠥᠭᠡᠢ ᠬᠡᠤᠬᠡᠳ ᠢ ᠲᠥᠷᠥᠭᠰᠡᠨ ᠳᠠᠷᠤᠢ ᠳᠤ ᠨᠢ ᠨᠢᠳᠤᠨ ᠤ | ᠳᠤᠤᠷᠯᠢᠭ ᠪᠥᠷᠬᠦᠪᠴᠢ ᠶᠢᠨ ᠡᠪᠡᠳᠴᠢᠨ ᠤ ᠪᠠᠶᠢᠴᠠᠭᠠᠯᠳᠠ ᠬᠢᠬᠦ ᠴᠢᠬᠤᠯᠠᠳᠠᠢ᠂ ᠤᠴᠢᠷ ᠨᠢ ᠡᠨᠡ ᠥᠶ᠎ᠠ ᠳᠤ | ᠨᠢᠳᠤᠨ ᠤ ᠡᠪᠡᠳᠴᠢᠨ ᠬᠥᠷᠬᠦ ᠨᠤᠷᠮ᠎ᠠ ᠨᠢ ᠪᠠᠷᠤᠭ 15% ᠠᠴᠠ 30% ᠪᠠᠶᠢᠳᠠᠭ᠃ ᠨᠢᠯᠬ᠎ᠠ ᠬᠡᠤᠬᠡᠳ ᠤᠨ | ᠭᠡᠷᠡᠯ ᠤᠨ ᠰᠡᠷᠡᠯ ᠪᠠᠶᠢᠬᠤ ᠡᠰᠡᠬᠦ᠂ ᠭᠡᠷᠡᠯ ᠢ ᠡᠷᠢᠬᠦ ᠪᠤᠶᠤ ᠭᠡᠷᠡᠯ ᠠᠴᠠ ᠵᠠᠶᠢᠯᠠᠵᠤ ᠴᠢᠳᠠᠬᠤ ᠡᠰᠡᠬᠦ ᠶᠢ ᠠᠵᠢᠭᠯᠠᠬᠤ | ᠴᠢᠬᠤᠯᠠᠳᠠᠢ᠃ ᠬᠡᠷᠪᠡ ᠡᠶᠢᠮᠤ ᠭᠡᠮ ᠰᠤᠭᠤᠭ ᠮᠡᠳᠡᠭᠳᠡᠪᠡᠯ ᠳᠠᠷᠦ᠋ᠢᠬᠠᠨ ᠡᠮᠨᠡᠭᠦᠯᠬᠦ ᠬᠡᠷᠡᠭᠳᠡᠢ᠃ | 0 — 3 ᠨᠠᠰᠤᠨ ᠤ ᠨᠢᠯᠬ᠎ᠠ ᠬᠡᠤᠬᠡᠳ ᠤᠨ ᠬᠢᠯᠠᠷ ᠬᠠᠷᠠᠭ᠎ᠠ ᠶᠢ ᠰᠡᠷᠭᠡᠶᠢᠯᠡᠬᠦ ᠬᠡᠷᠡᠭᠳᠡᠢ᠃ ᠭᠡᠷ ᠤᠨ | ᠠᠬᠠᠮᠠᠳ ᠬᠡᠷᠪᠡ ᠨᠠᠭᠠᠳᠤᠮ ᠤᠨ ᠵᠥᠢᠯ ᠢ ᠥᠷᠭᠦᠯᠵᠢ ᠬᠡᠤᠬᠡᠳ ᠤᠨ ᠨᠢᠳᠤᠨ ᠳᠤᠤᠷ᠎ᠠ ᠳᠠᠯᠪᠢᠵᠤ᠂ ᠨᠢᠳᠤᠨ ᠠᠴᠠ ᠨᠢ | ᠬᠡᠳᠤᠷᠬᠡᠢ ᠥᠢᠷ᠎ᠠ ᠪᠠᠶᠢᠯᠭᠠᠪᠠᠯ ᠤᠳᠠᠭᠠᠨ ᠳᠤ ᠪᠠᠨ ᠬᠢᠯᠠᠷ ᠬᠠᠷᠠᠭ᠎ᠠ ᠲᠠᠢ ᠪᠤᠯᠵᠤ ᠮᠡᠳᠡᠨ᠎ᠠ᠃ ᠨᠢᠳᠤ ᠪᠤᠯᠤᠨ | ᠨᠠᠭᠠᠳᠤᠮ ᠤᠨ ᠵᠥᠢᠯ ᠤᠨ ᠵᠠᠢ ᠶᠢ 33cm ᠤᠷᠴᠢᠮ ᠪᠠᠶᠢᠯᠭᠠᠪᠠᠯ ᠵᠤᠬᠢᠨ᠎ᠠ᠃ | ᠬᠡᠤᠬᠡᠳ ᠤᠨ ᠨᠢᠳᠤᠨ ᠬᠠᠷᠠᠭ᠎ᠠ 3 — 6 ᠨᠠᠰᠤᠨ ᠤ ᠬᠤᠭᠤᠷᠤᠨᠳᠤ ᠠᠯᠭᠤᠷ ᠪᠤᠶᠢᠵᠢᠵᠤ᠂ 15 | ᠨᠠᠰᠤᠨ ᠤ ᠤᠷᠴᠢᠮ ᠳᠤ ᠥᠨᠳᠤᠰᠤᠨ ᠳᠤ ᠪᠠᠨ ᠳᠤᠭᠳᠠᠪᠤᠷᠢᠵᠢᠳᠠᠭ᠃ ᠡᠶᠢᠮᠤ ᠠᠴᠠ 3 ᠨᠠᠰᠤᠨ ᠠᠴᠠ ᠬᠤᠶᠢᠰᠢ | ᠬᠡᠤᠬᠡᠳ ᠤᠨ ᠬᠠᠷᠠᠭ᠎ᠠ ᠶᠢ ᠴᠠᠭ ᠳᠠᠷᠤᠢ ᠳᠤ ᠨᠢ ᠪᠠᠶᠢᠴᠠᠭᠠᠵᠤ ᠪᠠᠶᠢᠬᠤ ᠬᠡᠷᠡᠭᠳᠡᠢ᠃ ᠡ᠊ᠩ ᠤᠨ ᠪᠠᠶᠢᠳᠠᠯ ᠳᠤᠤᠷ᠎ᠠ | ᠨᠢᠳᠤᠨ ᠤ ᠡᠪᠡᠳᠴᠢᠨ ᠢ ᠡᠮᠨᠡᠨ ᠵᠠᠰᠠᠬᠤ ᠬᠠᠮᠤᠭ ᠤᠨ ᠳᠤᠬᠢᠷᠠᠮᠵᠢᠳᠡᠢ ᠴᠠᠭ ᠪᠤᠯ 6 ᠨᠠᠰᠤᠨ ᠠᠴᠠ ᠡᠮᠤᠨ᠎ᠠ ᠪᠠᠶᠢᠳᠠᠭ | ᠂ ᠬᠡᠷᠪᠡ ᠡᠨᠡ ᠨᠠᠰᠤᠨ ᠠᠴᠠ ᠥᠩᠭᠡᠷᠡᠪᠡᠯ ᠡᠮᠨᠡᠨ ᠵᠠᠰᠠᠬᠤ ᠳᠤ ᠲᠥᠪᠡᠭᠳᠡᠢ ᠪᠤᠯᠤᠨ᠎ᠠ᠃ | 7 ᠨᠠᠰᠤᠨ ᠠᠴᠠ ᠬᠤᠶᠢᠰᠢ ᠨᠤᠮ ᠥᠵᠡᠬᠦ ᠴᠠᠭ ᠤᠷᠳᠤ ᠪᠤᠯᠬᠤ ᠳᠤᠯᠠ ᠡᠨᠡ ᠬᠦ ᠬᠤᠭᠤᠴᠠᠭᠠᠨ ᠳᠤ ᠥᠢᠷ᠎ᠠ | ᠬᠠᠷᠠᠭ᠎ᠠ ᠶᠢ ᠠᠮᠠᠷᠬᠠᠨ ᠪᠤᠢ ᠪᠤᠯᠭᠠᠨ᠎ᠠ᠃ | ᠪᠥᠷᠢᠳᠬᠡᠯ ᠢᠶᠠᠷ᠂ ᠮᠠᠨ ᠤ ᠤᠯᠤᠰ ᠤᠨ ᠵᠠᠯᠠᠭᠤ ᠪᠠᠭᠠᠴᠤᠳ ᠤᠨ ᠳᠤᠳᠤᠷ᠎ᠠ ᠥᠢᠷ᠎ᠠ ᠬᠠᠷᠠᠭ᠎ᠠ ᠲᠠᠢ ᠬᠡᠤᠬᠡᠳ | 60% — 70% ᠲᠤ ᠬᠥᠷᠴᠤ ᠪᠤᠢ᠂ ᠡᠶᠢᠮᠤ ᠠᠴᠠ ᠳᠤᠬᠢᠷᠠᠮᠵᠢᠳᠡᠢ ᠥᠢᠷ᠎ᠠ ᠬᠠᠷᠠᠭᠠᠨ ᠤ ᠨᠢᠳᠤᠨ ᠰᠢᠯ ᠵᠡᠭᠦᠬᠦ | ᠪᠤᠯ ᠨᠢᠳᠤᠨ ᠬᠠᠷᠠᠭ᠎ᠠ ᠶᠢ ᠵᠠᠰᠠᠬᠤ ᠬᠠᠮᠤᠭ ᠤᠨ ᠳᠤᠬᠢᠷᠠᠮᠵᠢᠳᠡᠢ ᠠᠷᠭ᠎ᠠ ᠪᠤᠯᠤᠨ᠎ᠠ᠃ ᠡᠭᠦᠨ ᠠᠴᠠ ᠭᠠᠳᠠᠨ᠎ᠠ 9 | ᠨᠠᠰᠤᠨ ᠠᠴᠠ ᠡᠮᠤᠨᠡᠬᠢ ᠬᠡᠤᠬᠡᠳ ᠪᠤᠯ ᠬᠠᠷᠠᠭ᠎ᠠ ᠠᠯᠳᠠᠭᠤᠯᠬᠤ ᠴᠢᠨᠠᠷᠳᠡᠢ ᠬᠥᠰᠢᠶᠠ ᠡᠪᠡᠳᠴᠢᠨ ᠳᠤ ᠭᠢᠯᠪᠠᠷᠬᠠᠨ | ᠨᠡᠷᠪᠡᠭᠳᠡᠵᠤ ᠮᠡᠳᠡᠬᠦ ᠳᠤᠯᠠ ᠬᠤᠪᠢ ᠡᠷᠡᠭᠦᠯ ᠬᠠᠮᠠᠭᠠᠯᠠᠯ ᠢᠶᠠᠨ ᠠᠩᠬᠠᠷᠴᠤ᠂ ᠴᠡᠪᠡᠷ ᠤᠰᠤ ᠪᠠᠷ ᠨᠢᠭᠤᠷ ᠢᠶᠠᠨ | ᠤᠬᠢᠶᠠᠵᠤ᠂ ᠭᠠᠳᠤᠷ᠎ᠠ ᠪᠤᠯᠤᠨ ᠠᠯᠴᠢᠭᠤᠷ ᠢ ᠪᠤᠰᠤᠳ ᠲᠠᠢ ᠬᠠᠮᠳᠤ ᠬᠡᠷᠡᠭᠯᠡᠬᠦ ᠶᠢ ᠴᠡᠭᠡᠷᠯᠡᠬᠦ ᠬᠡᠷᠡᠭᠳᠡᠢ᠃ | ᠵᠠᠯᠠᠭᠤ ᠨᠠᠰᠤᠨ ᠤ ᠥᠶ᠎ᠠ ︵14 — 40 ᠨᠠᠰᠤ︶ ᠭᠠᠳᠠᠷ ᠰᠢᠷᠬ᠎ᠠ ᠪᠤᠯᠤᠨ ᠨᠢᠳᠤ ᠬᠠᠳᠠᠬᠤ | ᠡᠪᠡᠳᠴᠢᠨ ᠢ ᠰᠡᠷᠭᠡᠶᠢᠯᠡᠬᠦ ᠬᠡᠷᠡᠭᠳᠡᠢ | ᠡᠨᠡ ᠨᠠᠰᠤᠨ ᠤ ᠬᠥᠮᠥᠰ ᠤᠨ ᠳᠤᠳᠤᠷᠠᠬᠢ ᠴᠥᠭᠡᠨ ᠪᠤᠰᠤ ᠨᠢ ᠨᠢᠳᠤᠨ ᠤ ᠶᠠᠳᠠᠷᠠᠭ᠎ᠠ ᠭᠡᠴᠡᠭᠦᠳᠡᠵᠤ᠂ ᠥᠢᠷ᠎ᠠ | ᠬᠠᠷᠠᠭ᠎ᠠ ᠶᠢᠨ ᠭᠷᠠᠳᠦ᠋ᠰ ᠤᠨ ᠳᠤᠭ᠎ᠠ ᠨᠢ ᠨᠡᠮᠡᠭᠳᠡᠭᠡᠳ᠂ ᠡᠪᠡᠳᠴᠢᠨ ᠤ ᠰᠢᠨᠵᠢᠳᠡᠢ ᠥᠢᠷ᠎ᠠ ᠬᠠᠷᠠᠭ᠎ᠠ ᠪᠤᠯᠳᠠᠭ᠃ | ᠪᠠᠰᠠ ᠭᠠᠳᠠᠷ ᠰᠢᠷᠬ᠎ᠠ ᠪᠤᠯᠤᠨ ᠨᠢᠳᠤ ᠬᠠᠳᠠᠬᠤ ᠡᠪᠡᠳᠴᠢᠨ ᠢ ᠰᠡᠷᠭᠡᠶᠢᠯᠡᠬᠦ ᠬᠡᠷᠡᠭᠳᠡᠢ᠃ ᠵᠠᠯᠠᠭᠤᠴᠤᠳ | ᠪᠠᠭᠠᠴᠤᠳ ᠤᠨ ᠥᠪᠡᠷ ᠢ ᠪᠠᠨ ᠬᠠᠮᠠᠭᠠᠯᠠᠬᠤ ᠤᠬᠠᠮᠰᠠᠷ ᠳᠤᠷᠤᠢ ᠪᠠᠶᠢᠳᠠᠭ ᠪᠤᠯᠬᠤᠷ ᠨᠢᠳᠤᠨ ᠤ ᠭᠠᠳᠠᠷ ᠰᠢᠷᠬ᠎ᠠ | ᠤᠯᠬᠤ ᠠᠴᠠ ᠬᠢᠴᠢᠶᠡᠬᠦ ᠬᠡᠷᠡᠭᠳᠡᠢ᠃ ᠨᠢᠳᠤᠨ ᠤ ᠴᠡᠴᠡᠬᠡᠢ ᠪᠤᠯ ᠬᠥᠮᠥᠨ ᠤ ᠪᠡᠶ᠎ᠠ ᠳᠤ ᠬᠢ ᠢᠯᠡ ᠬᠠᠷᠠᠭᠳᠠᠵᠤ | ᠪᠠᠶᠢᠭ᠎ᠠ ᠡᠷᠬᠡᠳᠡᠨ ᠪᠤᠯᠬᠤ ᠮᠥᠷᠳᠡᠭᠡᠨ ᠬᠥᠮᠥᠨ ᠤ ᠪᠡᠶ᠎ᠠ ᠳᠤ ᠬᠢ ᠬᠠᠮᠤᠭ ᠤᠨ ᠨᠢᠭᠳᠠᠯᠢᠭ᠂ ᠬᠠᠮᠤᠭ ᠤᠨ ᠬᠡᠪᠡᠷᠡᠭ | ᠡᠷᠬᠡᠳᠡᠨ ᠪᠤᠯᠬᠤ ᠤᠴᠢᠷ ᠠᠴᠠ ᠭᠠᠳᠠᠷ ᠰᠢᠷᠬ᠎ᠠ ᠠᠴᠠ ᠪᠤᠯᠵᠤ ᠨᠢᠳᠤᠨ ᠬᠠᠷᠠᠭ᠎ᠠ ᠶᠢ ᠠᠯᠳᠠᠭᠤᠯᠵᠤ ᠮᠡᠳᠡᠨ᠎ᠠ᠃ ᠡᠨᠡ | ᠨᠠᠰᠤᠨ ᠳᠤ ᠰᠤᠷᠤᠯᠭ᠎ᠠ᠂ ᠠᠵᠢᠯ ᠤᠨ ᠳᠠᠷᠤᠭᠠᠰᠤ ᠬᠥᠨᠳᠤ᠂ ᠨᠢᠳᠤ ᠬᠡᠷᠡᠭᠯᠡᠬᠦ ᠴᠠᠭ ᠤᠷᠳᠤ ᠪᠠᠶᠢᠳᠠᠭ᠃ | ᠡᠭᠦᠨ ᠠᠴᠠ ᠭᠠᠳᠠᠨ᠎ᠠ᠂ ᠠᠵᠢᠯᠯᠠᠵᠤ ᠠᠮᠠᠷᠠᠬᠤ ᠠᠮᠢᠳᠤᠷᠠᠯ ᠤᠨ ᠵᠢᠮ᠎ᠠ ᠥᠭᠡᠢ ᠠᠴᠠ ᠪᠤᠯᠵᠤ᠂ ᠨᠢᠳᠤ ᠬᠠᠳᠠᠬᠤ᠂ | ᠨᠢᠳᠤ ᠤᠯᠠᠶᠢᠬᠤ᠂ ᠬᠠᠭᠤᠷᠠᠢ ᠪᠠᠷ ᠵᠠᠭᠠᠳᠤᠨᠠᠬᠤ᠂ ᠨᠢᠳᠤᠨ ᠳᠤ ᠶᠠᠭᠤᠮ᠎ᠠ ᠤᠷᠤᠭᠰᠠᠨ ᠰᠢᠬ ᠰᠠᠨᠠᠭᠳᠠᠭᠤᠯᠬᠤ ᠵᠡᠷᠭᠡ | ᠢᠯᠡᠷᠡᠯ ᠲᠠᠢ ᠪᠠᠶᠢᠳᠠᠭ᠃ ᠳᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠂ ᠠᠵᠢᠯᠯᠠᠵᠤ ᠰᠤᠷᠤᠯᠴᠠᠭᠠᠳ ᠬᠡᠰᠡᠭ | ᠬᠤᠭᠤᠴᠠᠭ᠎ᠠ ᠪᠤᠯᠪᠠᠯ ᠬᠤᠯᠠ ᠶᠢ ᠬᠠᠷᠠᠵᠤ ᠨᠢᠳᠤ ᠪᠠᠨ ᠠᠮᠠᠷᠠᠭᠤᠯᠤᠨ᠎ᠠ︔ ᠺᠤᠮᠫᠢᠦ᠋ᠲ᠋ᠧᠷ ᠢᠶᠠᠨ ᠨᠢᠳᠤᠨ ᠬᠠᠷᠠᠴᠠ ᠲᠠᠢ | ᠵᠡᠷᠭᠡᠴᠡᠭᠡ ᠲᠥᠪᠰᠢᠨ ᠳᠤ ᠳᠠᠯᠪᠢᠵᠤ᠂ ᠨᠢᠳᠤᠨ ᠬᠠᠷᠠᠭ᠎ᠠ ᠪᠠᠨ 15 ᠭᠷᠠᠳᠦ᠋ᠰ ᠠᠴᠠ 20 ᠭᠷᠠᠳᠦ᠋ᠰ ᠤᠨ ᠥᠩᠭᠡᠶᠢᠬᠦ | ᠴᠡᠭ ᠲᠤ ᠪᠠᠶᠢᠯᠭᠠᠪᠠᠯ᠂ ᠨᠢᠳᠤᠨ ᠴᠡᠴᠡᠬᠡᠢ ᠶᠢᠨ ᠥᠩᠭᠡᠨ ᠳᠠᠯ᠎ᠠ ᠶᠢᠨ ᠨᠢᠯᠪᠤᠰᠤ ᠶᠢᠨ ᠠᠭᠤᠷᠰᠢᠯᠳᠠ ᠶᠢ ᠪᠠᠭᠠᠰᠬᠠᠳᠠᠭ | ︔ ᠬᠤᠷᠴᠠ ᠭᠡᠷᠡᠯ ᠤᠨ ᠳᠤᠤᠷ᠎ᠠ ᠴᠢᠳᠠᠬᠤ ᠶᠢᠨ ᠬᠢᠷᠢ ᠪᠠᠷ ᠬᠥᠷᠢᠨ ᠤ ᠭᠠᠳᠠᠨᠠᠬᠢ ᠳᠤᠶᠠᠭ᠎ᠠ ᠶᠢ ᠰᠡᠷᠭᠡᠶᠢᠯᠡᠬᠦ ᠬᠠᠷ᠎ᠠ | ᠰᠢᠯ ᠵᠡᠭᠦᠪᠡᠯ ᠰᠠᠶᠢᠨ︔ ᠨᠢᠳᠤᠨ ᠡᠮ ᠢ ᠳᠤᠷ᠎ᠠ ᠪᠠᠷ ᠬᠡᠷᠡᠭᠯᠡᠵᠤ ᠪᠤᠯᠬᠤ ᠥᠭᠡᠢ᠂ ᠬᠡᠷᠪᠡ ᠨᠢᠭᠤᠴᠠᠭᠠᠢ ᠨᠢᠳᠤᠨ ᠰᠢᠯ | ᠵᠡᠭᠦᠵᠤ ᠪᠠᠶᠢᠪᠠᠯ ᠵᠢᠯ ᠪᠥᠷᠢ ᠨᠢᠭᠡ ᠤᠳᠠᠭ᠎ᠠ ᠪᠠᠶᠢᠴᠠᠭᠠᠯᠭᠠᠪᠠᠯ ᠬᠠᠮᠤᠭ ᠤᠨ ᠰᠠᠶᠢᠨ᠃ | ᠢᠳᠡᠷ ᠨᠠᠰᠤᠨ ᠤ ᠥᠶ᠎ᠠ ︵40 — 60 ᠨᠠᠰᠤ︶ ᠬᠥᠭᠰᠢᠨ ᠬᠠᠷᠠᠭ᠎ᠠ ᠶᠢ ᠭᠤᠤᠯᠳᠠᠯᠭ᠎ᠠ ᠲᠠᠢ | ᠰᠡᠷᠭᠡᠶᠢᠯᠡᠬᠦ ᠬᠡᠷᠡᠭᠳᠡᠢ | ᠢᠳᠡᠷ ᠨᠠᠰᠤᠨ ᠳᠤ ᠤᠷᠤᠪᠠᠯ ᠤᠯᠠᠨ ᠵᠥᠢᠯ ᠤᠨ ᠨᠢᠳᠤᠨ ᠡᠪᠡᠳᠴᠢᠨ ᠤ ᠢᠯᠡᠷᠡᠯ ᠭᠠᠷᠴᠤ ᠡᠬᠢᠯᠡᠳᠡᠭ᠂ ᠡᠨᠡ | ᠨᠠᠰᠤᠨ ᠤ ᠬᠥᠮᠥᠰ ᠤᠨ ᠨᠢᠳᠤᠨ ᠴᠡᠴᠡᠬᠡᠢ ᠶᠢᠨ ᠳᠠᠯᠠᠰᠳᠤ ᠶᠢᠨ ᠬᠠᠷᠢᠮᠠᠬᠠᠢ ᠴᠢᠨᠠᠷ ᠨᠢ ᠰᠤᠯᠠᠷᠠᠵᠤ᠂ ᠬᠥᠭᠰᠢᠨ | ᠬᠠᠷᠠᠭ᠎ᠠ ︵ᠬᠤᠯᠠ ᠬᠠᠷᠠᠭ᠎ᠠ︶ ᠡᠬᠢᠯᠡᠵᠤ ᠪᠤᠢ ᠪᠤᠯᠳᠠᠭ᠃ ᠡᠨᠡ ᠨᠠᠰᠤᠨ ᠤ ᠬᠥᠮᠥᠰ ᠪᠡᠶ᠎ᠠ ᠶᠢᠨ ᠠᠮᠠᠷ ᠢ ᠪᠤᠳᠤᠭᠠᠳ | ᠵᠡᠭᠡᠯᠢ ᠳᠡᠭᠡᠷ᠎ᠠ ᠳᠤᠷ᠎ᠠ ᠶᠢᠨ ᠨᠢᠭᠡᠨ ᠬᠥᠭᠰᠢᠨ ᠬᠠᠷᠠᠭᠠᠨ ᠤ ᠰᠢᠯ ᠬᠤᠳᠠᠯᠳᠤᠨ ᠠᠪᠤᠭᠠᠳ ᠵᠡᠭᠦᠵᠤ ᠪᠤᠯᠬᠤ ᠥᠭᠡᠢ᠃ | ᠤᠴᠢᠷ ᠨᠢ ᠬᠥᠭᠰᠢᠨ ᠬᠠᠷᠠᠭᠠᠨ ᠳᠤ ᠥᠢᠷ᠎ᠠ ᠬᠠᠷᠠᠭ᠎ᠠ᠂ ᠬᠤᠯᠠ ᠬᠠᠷᠠᠭ᠎ᠠ᠂ ᠬᠠᠷᠠᠭ᠎ᠠ ᠰᠠᠷᠨᠢᠯ ᠵᠡᠷᠭᠡ ᠪᠠᠶᠢᠳᠠᠭ | ᠮᠥᠷᠳᠡᠭᠡᠨ ᠬᠤᠶᠠᠷ ᠨᠢᠳᠤᠨ ᠤ ᠬᠥᠭᠰᠢᠨ ᠬᠠᠷᠠᠭ᠎ᠠ ᠶᠢᠨ ᠬᠡᠮᠵᠢᠶ᠎ᠠ ᠠᠳᠠᠯᠢ ᠥᠭᠡᠢ᠂ ᠬᠡᠤᠬᠡᠨ ᠬᠠᠷᠠᠭ᠎ᠠ ᠶᠢᠨ ᠵᠠᠢ ᠨᠢ | ᠴᠤ ᠠᠳᠠᠯᠢ ᠥᠭᠡᠢ ᠪᠠᠶᠢᠳᠠᠭ᠃ ᠬᠡᠷᠪᠡ ᠳᠤᠷ᠎ᠠ ᠪᠠᠷ ᠨᠢᠳᠤᠨ ᠰᠢᠯ ᠵᠡᠭᠦᠪᠡᠯ ᠨᠢᠳᠤᠨ ᠤ ᠶᠠᠳᠠᠷᠠᠭ᠎ᠠ ᠶᠢ ᠬᠡᠳᠤᠷᠡᠭᠦᠯᠵᠤ | ᠂ ᠬᠠᠷᠠᠭᠠᠨ ᠳᠤ ᠥᠷᠳᠤᠬᠦ ᠵᠥᠢᠯ ᠨᠢ ᠪᠠᠯᠠᠷᠬᠠᠢ ᠪᠤᠯᠳᠠᠭ ᠪᠠᠶᠢᠨ᠎ᠠ᠃ ᠡᠨᠡ ᠨᠠᠰᠤᠨ ᠳᠤ ᠡᠮᠨᠡᠯᠭᠡ ᠶᠢᠨ ᠬᠤᠷᠢᠶᠠᠨ ᠳᠤ | ᠤᠴᠢᠵᠤ ᠨᠢᠳᠤ ᠪᠠᠨ ᠰᠠᠶᠢᠳᠤᠷ ᠪᠠᠶᠢᠴᠠᠭᠠᠯᠭᠠᠨ᠂ ᠴᠠᠭᠠᠨ ᠬᠠᠷᠠᠩ᠂ ᠴᠡᠩᠬᠡᠷ ᠬᠠᠷᠠᠩ ᠵᠢᠴᠢ ᠵᠠᠷᠢᠮ ᠨᠢᠳᠤᠨ ᠤ | ᠡᠪᠡᠳᠴᠢᠨ ᠪᠠᠶᠢᠬᠤ ᠡᠰᠡᠬᠦ ᠶᠢ ᠳᠤᠳᠤᠯᠠᠭᠰᠠᠨ ᠤ ᠳᠠᠷᠠᠭ᠎ᠠ ᠰᠠᠶ᠋ᠢ ᠳᠤᠬᠢᠷᠠᠭᠰᠠᠨ ᠰᠢᠯ ᠵᠡᠭᠦᠬᠦ ᠬᠡᠷᠡᠭᠳᠡᠢ᠃ ᠬᠥᠭᠰᠢᠨ | ᠬᠠᠷᠠᠭᠠᠨ ᠤ ᠰᠢᠯ ᠢᠶᠠᠨ ᠳᠤᠭᠳᠠᠭᠰᠠᠨ ᠬᠤᠭᠤᠴᠠᠭ᠎ᠠ ᠲᠠᠢ ᠰᠤᠯᠢᠬᠤ ᠴᠢᠬᠤᠯᠠ ᠲᠠᠢ᠂ ᠤᠴᠢᠷ ᠨᠢ ᠨᠠᠰᠤ ᠨᠡᠮᠡᠭᠳᠡᠬᠦ ᠶᠢ | ᠳᠠᠭᠠᠯᠳᠤᠨ᠂ ᠨᠢᠳᠤᠨ ᠤ ᠳᠠᠯᠠᠰᠯᠢᠭ ᠪᠡᠶ᠎ᠠ ᠶᠢᠨ ᠥᠳᠡᠯᠬᠦ ᠬᠡᠮᠵᠢᠶ᠎ᠠ ᠨᠢ ᠪᠠᠰᠠ ᠨᠡᠮᠡᠭᠳᠡᠳᠡᠭ ᠤᠴᠢᠷ ᠠᠴᠠ ᠨᠢᠳᠤᠨ | ᠰᠢᠯ ᠤᠨ ᠭᠷᠠᠳᠦ᠋ᠰ ᠤᠨ ᠳᠤᠭ᠎ᠠ ᠨᠢ ᠴᠤ ᠨᠡᠮᠡᠭᠳᠡᠨ᠎ᠠ᠃ ᠰᠤᠨᠢᠨ ᠰᠡᠳᠬᠦᠯ ᠥᠵᠡᠬᠦ ᠳᠤ ᠬᠥᠴᠢᠷᠳᠡᠬᠦ ᠪᠤᠶᠤ ᠨᠢᠳᠤ | ᠱᠠᠷᠬᠢᠷᠠᠵᠤ ᠳᠡᠯᠡᠭᠳᠡᠬᠦ ᠥᠶᠡᠰ ᠨᠢᠳᠤᠨ ᠰᠢᠯ ᠢᠶᠠᠨ ᠳᠠᠷᠤᠢ ᠳᠤ ᠨᠢ ᠰᠤᠯᠢᠬᠤ ᠬᠡᠷᠡᠭᠳᠡᠢ᠃ | ᠥᠳᠡᠯᠥᠭᠡ ᠨᠠᠰᠤ ︵60 ᠨᠠᠰᠤᠨ ᠠᠴᠠ ᠬᠤᠶᠢᠰᠢ︶ ᠳᠠᠯᠠᠰᠳᠤ ᠪᠡᠶ᠎ᠠ ᠶᠢ ᠬᠠᠮᠠᠭᠠᠯᠠᠬᠤ ᠨᠢ ᠬᠠᠮᠤᠭ ᠴᠢᠬᠤᠯᠠ | | ᠥᠳᠡᠯᠥᠭᠡ ᠨᠠᠰᠤᠨ ᠤ ᠴᠢᠨᠠᠷᠳᠡᠢ ᠴᠠᠭᠠᠨ ᠬᠠᠷᠠᠩ ᠪᠤᠯ ᠨᠠᠰᠤᠳᠠᠶᠢᠴᠤᠳ ᠤᠨ ᠳᠤᠮᠳᠠ ᠥᠷᠭᠦᠯᠵᠢ | ᠳᠤᠬᠢᠶᠠᠯᠳᠤᠳᠠᠭ ᠨᠢᠳᠤᠨ ᠤ ᠡᠪᠡᠳᠴᠢᠨ ᠪᠤᠯᠤᠨ᠎ᠠ᠂ ᠳᠡᠷᠡ ᠨᠢ ᠨᠢᠭᠡ ᠵᠥᠢᠯ ᠤᠨ ᠨᠢᠳᠤᠨ ᠤ ᠴᠡᠴᠡᠬᠡᠢ ᠶᠢᠨ ᠳᠠᠯᠠᠰᠳᠤ | ᠪᠡᠶ᠎ᠠ ᠳᠤ ᠬᠢ ᠡᠪᠡᠳᠴᠢᠨ ᠪᠤᠯᠤᠨ᠎ᠠ᠂ ᠪᠤᠢ ᠪᠥᠬᠦᠢ ᠨᠢᠳᠤᠨ ᠳᠠᠯᠠᠰᠳᠤ ᠶᠢᠨ ᠪᠤᠷᠵᠠᠩ ᠢ ᠪᠥᠷ ᠴᠠᠭᠠᠨ ᠬᠠᠷᠠᠩ ᠭᠡᠳᠡᠭ | ᠃ ᠨᠢᠳᠤᠨ ᠴᠡᠴᠡᠬᠡᠢ ᠳᠤ ᠳᠤᠰᠬᠤ ᠬᠡᠷᠡᠯ ᠨᠢ ᠪᠤᠷᠵᠠᠩᠳᠠᠨ ᠳᠠᠯᠠᠰᠳᠤ ᠪᠡᠶ᠎ᠠ ᠳᠤ ᠬᠠᠯᠬᠠᠯᠠᠭᠳᠠᠭᠠᠳ᠂ ᠨᠢᠳᠤᠨ ᠤ | ᠳᠤᠤᠷᠯᠢᠭ ᠪᠥᠷᠬᠦᠪᠴᠢ ᠳᠡᠭᠡᠷ᠎ᠠ ᠳᠤᠰᠬᠤ ᠶᠢᠨ ᠠᠷᠭ᠎ᠠ ᠥᠭᠡᠢ ᠪᠤᠯᠵᠤ᠂ ᠶᠠᠭᠤᠮ᠎ᠠ ᠳᠤᠳᠤ ᠬᠠᠷᠠᠭᠳᠠᠬᠤ ᠥᠭᠡᠢ᠂ | ᠳᠡᠷᠡᠴᠢᠯᠡᠨ ᠬᠠᠷᠠᠭ᠎ᠠ ᠪᠠᠨ ᠠᠯᠳᠠᠳᠠᠭ ᠨᠢ ᠪᠤᠢ᠃ ᠴᠠᠭᠠᠨ ᠬᠠᠷᠠᠩ ᠪᠤᠯ ᠮᠠᠨ ᠤ ᠤᠯᠤᠰ ᠤᠨ ᠬᠠᠷᠠᠭ᠎ᠠ ᠠᠯᠳᠠᠭᠤᠯᠬᠤ | ᠬᠠᠮᠤᠭ ᠤᠨ ᠭᠡᠴᠡᠭᠦᠥ ᠨᠢᠳᠤᠨ ᠤ ᠡᠪᠡᠳᠴᠢᠨ ᠪᠤᠯᠤᠨ᠎ᠠ᠂ ᠴᠠᠭᠠᠨ ᠬᠠᠷᠠᠩ ᠢ ᠮᠠᠰᠠ ᠵᠠᠰᠠᠯ ᠢᠶᠠᠷ ᠳᠠᠮᠵᠢᠨ ᠡᠮᠨᠡᠵᠤ | ᠪᠤᠯᠳᠠᠭ᠃ ᠴᠠᠭᠠᠨ ᠬᠠᠷᠠᠩ ᠡᠪᠡᠳᠴᠢᠨ ᠤᠯᠬᠤ ᠨᠢ ᠬᠥᠷᠢᠨ ᠤ ᠭᠠᠳᠠᠨᠠᠬᠢ ᠳᠤᠶᠠᠭ᠎ᠠ ᠲᠠᠢ ᠨᠢᠭᠳᠠ ᠬᠠᠷᠢᠴᠠᠭ᠎ᠠ ᠲᠠᠢ᠃ | ᠨᠠᠰᠤᠳᠠᠶᠢᠴᠤᠳ ᠭᠡᠷ ᠤᠨ ᠭᠠᠳᠠᠨ᠎ᠠ ᠨᠠᠷᠠᠨ ᠤ ᠬᠤᠷᠴᠠ ᠭᠡᠷᠡᠯ ᠳᠤᠤᠷ᠎ᠠ ᠬᠥᠳᠡᠯᠭᠡᠭᠡᠨ ᠬᠢᠬᠦ ᠳᠤ ᠪᠠᠨ ᠬᠠᠮᠤᠭ | ᠰᠠᠶᠢᠨ ᠨᠢ ᠬᠠᠷ᠎ᠠ ᠰᠢᠯ ᠵᠡᠭᠦᠬᠦ ᠪᠤᠶᠤ ᠰᠠᠷᠠᠪᠴᠢᠳᠤ ᠮᠠᠯᠠᠭᠠᠢ ᠵᠡᠭᠦᠵᠤ᠂ ᠳ᠋ᠧᠩ ᠤᠨ ᠭᠡᠷᠡᠯ ᠳᠤᠤᠷ᠎ᠠ ᠨᠤᠮ ᠤᠩᠰᠢᠵᠤ | ᠠᠵᠢᠯ ᠬᠢᠳᠡᠯ ᠬᠢᠬᠦ ᠶᠢ ᠪᠠᠭᠠᠰᠬᠠᠪᠠᠯ ᠵᠤᠬᠢᠨ᠎ᠠ᠃ ᠡᠭᠦᠨ ᠤ ᠬᠠᠮᠳᠤ ᠰᠢᠬᠢᠷᠯᠢᠭ ᠥᠭᠡᠬᠦᠯᠢᠭ ᠢᠳᠡᠭᠡᠨ ᠤᠮᠳᠠᠭᠠᠨ | ᠢᠳᠡᠬᠦ ᠶᠢ ᠴᠡᠭᠡᠷᠯᠡᠨ᠂ ᠴᠢᠰᠤᠨ ᠰᠢᠬᠢᠷ ᠪᠤᠯᠤᠨ ᠴᠢᠰᠤᠨ ᠳᠠᠷᠤᠯᠳᠠ ᠪᠠᠨ ᠳᠤᠭᠳᠠᠭᠤᠨ ᠪᠠᠶᠢᠯᠭᠠᠬᠤ ᠬᠡᠷᠡᠭᠳᠡᠢ᠃ | ᠨᠠᠰᠤᠳᠠᠶᠢᠴᠤᠳ ᠤᠨ ᠰᠢᠷ᠎ᠠ ᠳᠤᠯᠪᠤᠳᠤ ᠡᠪᠡᠳᠴᠢᠨ ᠪᠤᠯ ᠪᠠᠰᠠ ᠨᠡᠯᠢᠶᠡᠳ ᠲᠥᠭᠡᠮᠡᠯ ᠨᠢᠳᠤᠨ ᠡᠪᠡᠳᠴᠢᠨ ᠪᠤᠯᠤᠨ᠎ᠠ᠃ | ᠬᠠᠷᠠᠭ᠎ᠠ ᠪᠠᠯᠠᠷᠳᠠᠬᠤ᠂ ᠬᠠᠷᠠᠭᠠᠨ ᠳᠤ ᠬᠠᠷ᠎ᠠ ᠳᠤᠯᠪᠤ ᠬᠠᠷᠠᠭᠳᠠᠬᠤ ᠪᠤᠶᠤ ᠪᠤᠳᠠᠰ ᠤᠨ ᠬᠡᠯᠪᠡᠷᠢ ᠨᠢ ᠬᠤᠪᠢᠷᠠᠵᠤ | ᠬᠠᠷᠠᠭᠳᠠᠬᠤ ᠪᠠᠶᠢᠳᠠᠯ ᠢᠯᠡᠷᠡᠪᠡᠯ ᠳᠠᠷᠤᠢ ᠳᠤ ᠨᠢ ᠡᠮᠨᠠᠭᠦᠯᠬᠦ ᠴᠢᠬᠤᠯᠠᠳᠠᠢ᠃ |