1. ᠰᠡᠳᠬᠢᠯ ᠤᠨ ᠪᠤᠬᠢᠨᠢᠳᠤᠯ᠂ ᠭᠤᠮᠤᠳᠠᠯ ᠢᠶᠠᠨ ᠬᠡᠯᠡ ᠶᠠᠷᠢᠶ᠎ᠠ ᠪᠠᠷ ᠭᠠᠳᠠᠭᠰᠢ ᠭᠠᠷᠭᠠᠵᠤ ᠰᠤᠷᠬᠤ᠂ | ᠡᠭᠦᠨ ᠳᠤ ᠰᠡᠳᠬᠢᠯ ᠤᠨ ᠪᠤᠬᠢᠨᠢᠳᠤᠯ᠂ ᠭᠤᠮᠤᠳᠠᠯ ᠢᠶᠠᠨ ᠬᠡᠨ ᠨᠢᠭᠡᠨ ᠬᠦᠮᠦᠨ ᠳᠤ ᠪᠤᠶᠤ ᠪᠠᠶᠢᠭᠠᠯᠢ ᠡᠭᠡ ᠳᠡᠭᠡᠨ | ᠭᠡᠯᠡᠵᠦ᠂ ᠶᠠᠷᠢᠵᠦ᠂ ᠤᠷᠢᠯᠠᠵᠤ᠂ ᠬᠠᠰᠭᠢᠷᠴᠦ᠂ ᠭᠠᠷᠭᠠᠵᠤ ᠰᠤᠷᠬᠤ ᠪᠤᠶᠤ ᠤᠬᠢᠯᠠᠵᠤ᠂ ᠨᠢᠯᠪᠤᠰᠦ ᠪᠠᠷ ᠢᠶᠠᠨ | ᠭᠠᠷᠭᠠᠵᠤ ᠰᠤᠷᠬᠤ ᠨᠢ ᠴᠢᠬᠤᠯᠠ ᠃ | 2. ᠬᠦᠳᠡᠯᠭᠡᠭᠡᠨ ᠬᠢᠵᠦ᠂ ᠬᠦᠯᠦᠰᠦ ᠪᠠᠷ ᠢᠶᠠᠨ ᠭᠠᠷᠭᠠᠵᠦ ᠰᠤᠷ᠃ ᠵᠤᠬᠢᠰ ᠲᠠᠢ ᠪᠡᠶ᠎ᠡ ᠶᠢᠨ ᠲᠠᠮᠢᠷ ᠤᠨ | ᠬᠦᠳᠡᠯᠭᠡᠭᠡᠨ ᠬᠢᠵᠦ᠂ ᠬᠦᠯᠦᠰᠦ ᠭᠠᠷᠬᠤ ᠨᠢ ᠰᠡᠳᠬᠢᠯ ᠰᠠᠨᠠᠭ᠎ᠠ ᠶᠢ ᠳᠠᠶᠢᠪᠤᠰᠢᠷᠠᠭᠤᠯᠳᠠᠭ᠃ | 3. ᠸᠢᠲ᠋ᠠᠮᠢᠨ᠂ ᠡᠷᠦᠳᠡᠰᠦ ᠪᠤᠳᠠᠰ ᠢᠶᠠᠷ ᠪᠠᠶᠠᠯᠢᠭ᠂ ᠬᠤᠭᠤᠯᠠ ᠬᠦᠨᠡᠰᠦ ᠶᠢ ᠬᠡᠷᠡᠭᠯᠡᠬᠦ᠃ ᠡᠭᠦᠨ ᠳᠤ | ᠸᠢᠲ᠋ᠠᠮᠢᠨ C᠂ B ᠶᠢᠨ ᠲᠦᠷᠦᠯ᠂ ᠡᠷᠦᠳᠡᠰᠦ ᠪᠤᠳᠠᠰ ᠨᠢ ᠤᠶᠤᠨ ᠮᠡᠳᠡᠷᠡᠯ ᠢ ᠳᠠᠶᠢᠪᠤᠰᠢᠷᠠᠭᠤᠯᠳᠠᠭ᠃ ᠬᠠᠷᠢᠨ | ᠠᠷᠢᠬᠢ᠂ ᠳᠠᠮᠠᠬᠢ ᠮᠢᠨᠴᠦᠷᠡᠭᠦᠯᠬᠦ ᠪᠤᠳᠠᠰ ᠢ ᠬᠡᠷᠡᠭᠯᠡᠵᠦ᠂ ᠰᠡᠳᠬᠢᠯ ᠰᠠᠨᠠᠭ᠎ᠠ ᠪᠠᠨ ᠳᠠᠶᠢᠪᠤᠰᠢᠷᠠᠭᠤᠯᠬᠤ ᠭᠡᠰᠡᠨ | ᠤᠶᠢᠯᠠᠭᠠᠯᠳᠠ ᠨᠢ ᠮᠠᠰᠢ ᠪᠤᠷᠤᠭᠤ ᠶᠤᠮ᠃ | 4. ᠦᠪᠡᠷ ᠢᠶᠠᠨ ᠦᠪᠡᠷ ᠢ ᠪᠠᠨ ᠡᠷᠡᠭᠦᠯᠵᠢᠭᠦᠯᠬᠦ ᠠᠷᠭ᠎ᠠ ᠶᠢ ᠰᠤᠷᠬᠤ ᠨᠢ ᠰᠡᠳᠬᠢᠯ ᠰᠠᠨᠠᠭ᠎ᠠ ᠪᠠᠨ | ᠳᠠᠶᠢᠪᠤᠷᠢᠰᠢᠭᠤᠯᠵᠤ ᠰᠤᠷᠬᠤ ᠠᠷᠭ᠎ᠠ ᠶᠢᠨ ᠨᠢᠭᠡ ᠶᠤᠮ᠃ | 5. ᠰᠡᠳᠬᠢᠯ ᠵᠦᠢ ᠶᠢᠨ ᠡᠮᠴᠢ ᠠᠴᠠ ᠵᠦᠪᠯᠡᠮᠵᠢ ᠳᠤᠰᠠᠯᠠᠮᠵᠢ ᠠᠪᠴᠦ ᠪᠠᠶᠢᠬᠤ ᠭᠡᠷᠡᠭᠳᠡᠢ᠃ | ᠰᠤᠳᠤᠯᠭᠠᠨ ᠠᠴᠠ ᠦᠵᠡᠬᠦ ᠳᠤ᠂ ᠨᠡᠶᠢᠳᠡ ᠬᠦᠮᠦᠨ ᠠᠮᠠ ᠶᠢᠨ 90.5% ᠬᠤᠪᠢ ᠨᠢ ᠶᠠᠮᠠᠷ ᠨᠢᠭᠡᠨ ᠴᠠᠭ | ᠦᠶ᠎ᠠ ᠳᠤ ᠰᠡᠳᠬᠢᠯ ᠤᠨ ᠬᠢᠮᠦᠷᠠᠯ ᠳᠤ ᠤᠷᠤᠳᠠᠭ ᠪᠠᠶᠢᠨ᠎ᠠ᠃ ᠲᠡᠷᠡ ᠦᠶ᠎ᠡ ᠳᠤ ᠰᠡᠳᠬᠢᠯ ᠵᠦᠢ ᠶᠢᠨ ᠡᠮᠴᠢ ᠠᠴᠠ | ᠳᠤᠰᠠᠯᠠᠮᠵᠢ ᠠᠪᠴᠦ᠂ ᠰᠡᠳᠬᠢᠯ ᠤᠨ ᠪᠤᠬᠢᠨᠢᠳᠤᠯ ᠢᠶᠠᠨ ᠵᠦᠪ ᠳᠠᠶᠢᠯᠬᠤ ᠤᠴᠢᠷ ᠲᠠᠢ ᠶᠤᠮ᠃ ᠰᠡᠳᠬᠢᠯ ᠤᠨ | ᠪᠤᠬᠢᠨᠢᠳᠤᠯ᠂ ᠭᠤᠮᠤᠳᠠᠯ ᠡᠭᠦᠰᠦᠭᠰᠡᠨ ᠲᠠᠷᠦᠢ ᠳᠤᠨᠢ ᠵᠦᠪ ᠠᠷᠭ᠎ᠠ ᠪᠠᠷ ᠳᠠᠶᠢᠯᠬᠤ ᠭᠡᠷᠡᠭᠳᠡᠢ᠃ ᠬᠠᠳᠠᠭᠠᠯᠠᠭᠠᠳ | ᠪᠠᠶᠢᠪᠠᠯ ᠬᠤᠤᠷ ᠪᠤᠯᠵᠤ᠂ ᠪᠡᠶ᠎ᠡ ᠰᠡᠳᠬᠢᠯ ᠢ ᠡᠪᠡᠳᠴᠢᠯᠡᠭᠦᠯᠦᠨ᠎ᠡ᠃ |