ᠤᠳᠤᠬᠠᠨ ᠳᠤ ᠬᠦᠮᠦᠰ ᠪᠡᠶ᠎ᠠ ᠳᠠᠬᠢ ᠬᠤᠤᠷ ᠢᠶᠠᠨ ᠬᠡᠷᠬᠢᠨ ᠭᠠᠳᠠᠭᠰᠢᠯᠠᠭᠤᠯᠬᠤ ᠲᠤᠬᠠᠢ ᠤᠯᠠᠮ ᠠᠩᠬᠠᠷᠬᠤ | ᠪᠤᠯᠵᠠᠢ᠂ ᠨᠡᠩ ᠴᠦ ᠵᠠᠯᠠᠭᠤ ᠡᠮᠡᠭᠳᠡᠶᠢᠴᠤᠳ ᠠᠷᠭ᠎ᠠ ᠪᠦᠬᠦᠨ ᠢ ᠰᠦᠪᠡᠭᠴᠢᠯᠡᠨ᠂ ᠲᠡᠷᠡᠴᠢᠯᠡᠨ ᠡᠷᠡᠭᠦᠯ ᠡᠩᠭᠡ ᠪᠠᠨ | ᠦᠷᠡᠭᠳᠡᠭᠦᠯᠵᠦ ᠪᠠᠶᠢᠭᠠᠳ ᠴᠦ ᠬᠤᠤᠷ ᠭᠠᠳᠠᠭᠰᠢᠯᠠᠭᠤᠯᠬᠤ ᠠᠷᠭ᠎ᠠ ᠠᠪᠴᠤ ᠪᠤᠢ᠂ ᠦᠨᠡᠨᠳᠡᠭᠡᠨ ᠡᠳᠦᠷ ᠲᠤᠳᠤᠮ ᠤᠨ | ᠢᠳᠡᠭᠡᠨ ᠤᠮᠳᠠᠭᠠᠨ ᠳᠠᠭᠠᠨ ᠬᠤᠤᠷ ᠭᠠᠳᠠᠭᠰᠢᠯᠠᠭᠤᠯᠬᠤ ᠦᠢᠯᠡᠳᠦᠯ ᠲᠠᠢ ᠢᠳᠡᠭᠡᠨ ᠢ ᠢᠯᠡᠭᠦᠭᠡᠨ ᠢᠳᠡᠪᠡᠯ ᠡᠷᠡᠭᠦᠯ | ᠴᠢᠬᠢᠷᠠᠭ ᠪᠦᠭᠡᠳ ᠵᠤᠭᠤᠰ ᠮᠦᠩᠭᠦᠨ ᠳᠤ ᠴᠦ ᠠᠷᠪᠢᠳᠠᠢ ᠪᠠᠶᠢᠳᠠᠭ᠃ | ᠪᠡᠶ᠎ᠠ ᠳᠤ ᠬᠤᠤᠷ ᠪᠠᠶᠢᠬᠤ ᠡᠰᠡᠬᠦ ᠶᠢᠨ 5 ᠢᠯᠡᠷᠡᠯ᠂ ᠲᠠ ᠤᠨᠤᠭᠳᠠᠪᠠᠦ︖ | ᠬᠠᠴᠠᠷ ᠤᠨ ᠬᠤᠶᠠᠷ ᠬᠠᠪᠢ ᠪᠠᠷ ᠪᠤᠳᠤ ᠭᠠᠷᠬᠤ᠄ ᠬᠠᠴᠠᠷ ᠤᠨ ᠬᠤᠶᠠᠷ ᠬᠠᠪᠢ ᠪᠤᠯ ᠡᠯᠢᠭᠡᠨ ᠤ ᠬᠠᠷᠢᠶ᠎ᠠ | ᠭᠠᠵᠠᠷ ᠪᠤᠯᠤᠨ᠎ᠠ᠂ ᠡᠯᠢᠭᠡᠨ ᠳᠠᠬᠢ ᠬᠤᠤᠷ ᠢᠯᠭᠤᠮ ᠭᠠᠳᠠᠭᠰᠢᠯᠠᠭᠳᠠᠬᠤ ᠦᠭᠡᠢ ᠪᠤᠯ ᠬᠠᠴᠠᠷ ᠤᠨ ᠬᠤᠶᠠᠷ ᠬᠠᠪᠢ ᠪᠠᠷ | ᠪᠤᠳᠤ ᠢᠯᠡᠷᠡᠨ᠎ᠠ᠃ | ᠬᠡᠯᠡ ᠰᠢᠷᠬᠠᠯᠠᠬᠤ᠄ ᠬᠢᠳᠠᠳ ᠡᠮᠴᠢ ᠶᠢᠨ ᠦᠵᠡᠬᠦ ᠪᠠᠷ᠂ ᠬᠡᠯᠡ ᠪᠤᠯᠤᠨ ᠵᠢᠷᠦᠭᠡ ᠨᠢᠭᠳᠠ ᠬᠠᠷᠢᠴᠠᠭ᠎ᠠ ᠲᠠᠢ᠂ | ᠬᠡᠯᠡ ᠰᠢᠷᠬᠠᠯᠠᠬᠤ ᠨᠢ ᠶᠡᠷᠦᠳᠡᠭᠡᠨ ᠵᠢᠷᠦᠭᠡᠨ ᠬᠠᠯᠠᠭᠤᠨ ᠶᠡᠬᠡᠳᠦᠭᠰᠡᠨ ᠠᠴᠠ ᠪᠤᠯᠵᠠᠢ᠃ | ᠬᠠᠴᠠᠷ ᠲᠤ ᠦᠩᠭᠡᠨ ᠲᠤᠯᠪᠤ ᠭᠠᠷᠬᠤ᠄ ᠲᠡᠯᠢᠭᠦᠦ ᠪᠡᠶ᠎ᠠ ᠳᠠᠬᠢ ᠴᠢᠬᠢᠭ ᠢ ᠭᠠᠳᠠᠭᠰᠢᠯᠠᠭᠤᠯᠬᠤ ᠴᠢᠳᠠᠮᠵᠢ ᠲᠠᠢ᠂ | ᠲᠡᠯᠢᠭᠦᠦ ᠬᠤᠤᠷᠳᠠᠭᠳᠠᠪᠠᠯ ᠬᠤᠤᠷ ᠭᠠᠳᠠᠭᠰᠢᠯᠠᠭᠤᠯᠬᠤ ᠶᠢᠨ ᠠᠷᠭ᠎ᠠ ᠦᠭᠡᠢ ᠪᠠᠶᠢᠵᠤ᠂ ᠬᠤᠷᠠᠮᠳᠤᠭᠰᠠᠨ ᠬᠤᠤᠷ ᠨᠢ | ᠨᠦᠭᠦᠴᠡᠯ ᠡᠷᠢᠵᠦ ᠭᠠᠳᠠᠭᠰᠢᠯᠠᠳᠠᠭ᠃ | ᠦᠷᠭᠦᠯᠵᠢ ᠬᠤᠷᠭᠤᠰᠤᠯᠠᠬᠤ᠄ ᠠᠭᠤᠰᠬᠢ ᠪᠤᠯᠤᠨ ᠪᠦᠳᠦᠭᠦᠨ ᠭᠡᠳᠡᠰᠦ ᠪᠤᠯ ᠲᠦᠭᠦᠷ ᠰᠢᠰᠲ᠋ᠧᠮ ᠪᠤᠯᠤᠨ᠎ᠠ᠂ | ᠠᠭᠤᠰᠬᠢᠨ ᠳᠤ ᠬᠤᠤᠷ ᠪᠠᠶᠢᠬᠤ ᠦᠶᠡᠰ ᠪᠦᠳᠦᠭᠦᠨ ᠭᠡᠳᠡᠰᠦᠨ ᠳᠤ ᠴᠦ ᠬᠡᠪ ᠤᠨ ᠪᠤᠰᠤ ᠬᠤᠷᠠᠮᠳᠤᠯ ᠢᠯᠡᠷᠡᠵᠦ᠂ | ᠬᠤᠷᠭᠤᠰᠤᠯᠠᠬᠤ ᠦᠵᠡᠭᠳᠡᠯ ᠭᠠᠷᠤᠨ᠎ᠠ᠃ | ᠠᠮᠠᠷᠬᠠᠨ ᠶᠠᠳᠠᠷᠠᠬᠤ᠄ ᠪᠡᠶ᠎ᠠ ᠲᠤᠳᠤᠷᠠᠬᠢ ᠬᠤᠤᠷ ᠨᠢ ᠪᠦᠭᠡᠷ᠎ᠠ ᠶᠢᠨ ᠡᠨᠧᠷᠬᠢ ᠶᠢ ᠬᠤᠷᠤᠭᠳᠠᠭᠤᠯᠤᠨᠠ᠂ | ᠪᠦᠭᠡᠷ᠎ᠠ ᠶᠢᠨ ᠬᠠᠩᠭᠠᠬᠤ ᠡᠨᠧᠷᠬᠢ ᠪᠠᠭᠠᠰᠬᠤ ᠶᠢ ᠲᠠᠭᠠᠯᠳᠤᠨ ᠪᠡᠶ᠎ᠠ ᠮᠠᠬᠠᠪᠤᠳ ᠶᠠᠳᠠᠷᠠᠵᠤ ᠲᠦᠢᠯᠳᠠᠬᠤ ᠢᠯᠡᠷᠡᠯ | ᠭᠠᠷᠤᠨ᠎ᠠ᠃ | ᠲᠤᠤᠷᠠᠬᠢ ᠲᠦᠷᠪᠡᠨ ᠵᠦᠢᠯ ᠤᠨ ᠢᠳᠡᠭᠡᠨ ᠬᠤᠤᠷ ᠢ ᠭᠠᠳᠠᠭᠰᠢᠯᠠᠭᠤᠯᠬᠤ ᠳᠤ ᠲᠤᠰᠠᠳᠠᠢ᠄ | ᠲᠠᠯᠠᠢ ᠶᠢᠨ ᠵᠠᠮᠠᠭ ᠤᠨ ᠲᠦᠷᠦᠯ | ᠲᠠᠯᠠᠢ ᠶᠢᠨ ᠵᠠᠮᠠᠭ ᠤᠨ ᠲᠦᠷᠦᠯ ᠤᠨ ᠢᠳᠡᠭᠡᠨ ᠳᠤ ᠬᠠᠶᠢᠳᠠᠢ᠂ ᠤᠯᠠᠭᠠᠨ ᠨᠤᠭᠤᠭ᠎ᠠ ᠵᠡᠷᠭᠡ ᠪᠠᠭᠳᠠᠨ᠎ᠠ᠂ | ᠡᠳᠡᠭᠡᠷ ᠨᠢ ᠰᠠᠴᠤᠷᠠᠮᠠᠬᠠᠢ ᠪᠤᠳᠠᠰ ᠢ ᠪᠠᠭᠠᠰᠬᠠᠳᠠᠭ᠂ ᠡᠭᠦᠨ ᠤ ᠲᠤᠳᠤᠷᠠᠬᠢ ᠴᠠᠪᠠᠤᠯᠢᠭ ᠡᠳ᠋ ᠨᠢ ᠪᠡᠶ᠎ᠠ ᠲᠤᠳᠤᠷᠠᠬᠢ | ᠰᠠᠴᠤᠷᠠᠮᠠᠬᠠᠢ ᠪᠤᠳᠠᠰ ᠢ ᠦᠳᠭᠡᠨ ᠮᠦᠷ ᠲᠠᠢ ᠬᠠᠮᠳᠤ ᠪᠡᠶ᠎ᠠ ᠶᠢᠨ ᠭᠠᠳᠠᠨ᠎ᠠ ᠭᠠᠳᠠᠭᠰᠢᠯᠠᠭᠤᠯᠬᠤ ᠠᠴᠠ ᠪᠤᠯᠵᠤ | ᠰᠠᠴᠤᠷᠠᠮᠠᠬᠠᠢ ᠪᠤᠳᠠᠰ ᠤᠨ ᠪᠡᠶ᠎ᠠ ᠳᠤ ᠬᠤᠷᠠᠮᠳᠤᠬᠤ ᠠᠴᠠ ᠰᠡᠷᠭᠡᠶᠢᠯᠡᠵᠦ᠂ ᠰᠠᠴᠤᠷᠠᠭ ᠤᠨ ᠴᠢᠨᠠᠷᠳᠠᠢ ᠡᠪᠡᠳᠴᠢᠨ | ᠬᠢᠵᠢᠭ ᠡᠭᠦᠰᠬᠦ ᠨᠤᠷᠮ᠎ᠠ ᠶᠢ ᠲᠤᠷᠤᠭᠰᠢᠯᠠᠭᠤᠯᠳᠠᠭ᠃ | ᠪᠤᠷᠴᠠᠭ ᠤᠨ ᠲᠦᠷᠦᠯ ᠤᠨ ᠱᠦᠯᠦ | ᠪᠤᠷᠴᠠᠭ ᠤᠨ ᠲᠦᠷᠦᠯ ᠤᠨ ᠱᠦᠯᠦ ᠨᠢ ᠪᠡᠶ᠎ᠠ ᠲᠤᠳᠤᠷᠠᠬᠢ ᠤᠯᠠᠨ ᠵᠦᠢᠯ ᠤᠨ ᠬᠤᠤᠷ ᠢ | ᠭᠠᠳᠠᠭᠰᠢᠯᠠᠭᠤᠯᠬᠤ ᠳᠤ ᠬᠠᠪᠰᠤᠷᠴᠤ᠂ ᠪᠡᠶ᠎ᠠ ᠮᠠᠬᠠᠪᠤᠳ ᠤᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠳᠠᠭ᠃ | ᠡᠭᠦᠨ ᠠᠴᠠ ᠭᠠᠳᠠᠨ᠎ᠠ᠂ ᠰᠢᠷ᠎ᠠ ᠪᠤᠷᠴᠠᠭ ᠲᠤ ᠤᠷᠭᠤᠮᠠᠯ ᠤᠨ ᠡᠮ᠎ᠠ ᠬᠤᠷᠮᠤᠨ ᠠᠭᠤᠯᠤᠭᠳᠠᠵᠤ᠂ ᠪᠡᠶ᠎ᠠ ᠲᠤᠳᠤᠷᠠᠬᠢ | ᠡᠷᠡᠮᠳᠡᠭ ᠪᠤᠯᠭᠠᠬᠤ ᠪᠤᠳᠠᠰ ᠢ ᠠᠷᠢᠯᠭᠠᠵᠤ᠂ ᠡᠮᠡᠭᠳᠡᠶᠢᠴᠤᠳ ᠤᠨ ᠭᠤᠸ᠎ᠠ ᠭᠠᠯᠪᠢᠷ ᠢᠶᠠᠨ ᠬᠠᠳᠠᠭᠠᠯᠠᠬᠤ ᠳᠤ | ᠲᠤᠰᠠᠯᠠᠮᠵᠢ ᠪᠤᠯᠳᠠᠭ᠃ | ᠮᠦᠬᠦ ᠶᠢᠨ ᠲᠦᠷᠦᠯ ᠤᠨ ᠤᠷᠭᠤᠮᠠᠯ | ᠮᠦᠬᠦ ᠶᠢᠨ ᠲᠦᠷᠦᠯ ᠤᠨ ᠢᠳᠡᠭᠡᠨ ᠢ ᠦᠷᠭᠦᠯᠵᠢ ᠢᠳᠡᠪᠡᠯ ᠪᠡᠶ᠎ᠠ ᠭᠠᠯᠪᠢᠷ ᠢᠶᠠᠨ ᠭᠤᠸ᠎ᠠ ᠰᠠᠶᠢᠬᠠᠨ | ᠪᠠᠶᠢᠯᠭᠠᠬᠤ ᠳᠤ ᠲᠤᠰᠠᠳᠠᠢ᠂ ᠤᠨᠴᠭᠠᠠᠶᠢᠯᠠᠨ ᠬᠠᠷ᠎ᠠ ᠲᠡᠯᠳᠡᠦ ᠪᠤᠯᠤᠨ ᠦᠨᠦᠷᠳᠦ ᠮᠦᠬᠦ ᠶᠢᠨ ᠤᠨᠴᠠᠭᠠᠢ | ᠪᠦᠷᠢᠯᠳᠦᠭᠦᠨ ᠨᠢ ᠴᠢᠰᠤ ᠶᠢ ᠴᠡᠪᠡᠷᠰᠢᠭᠦᠯᠦᠨ ᠬᠤᠤᠷ ᠢ ᠲᠠᠶᠢᠯᠬᠤ ᠦᠢᠯᠡᠳᠦᠯ ᠲᠠᠢ᠃ ᠡᠭᠦᠨ ᠠᠴᠠ ᠭᠠᠳᠠᠨ᠎ᠠ᠂ | ᠮᠦᠬᠦ ᠶᠢᠨ ᠲᠦᠷᠦᠯ ᠢ ᠦᠷᠭᠦᠯᠵᠢ ᠢᠳᠡᠪᠡᠯ ᠴᠢᠰᠤᠨ ᠲᠠᠷᠤᠯᠳᠠ ᠪᠤᠯᠤᠨ ᠰᠦᠰᠦᠨ ᠤ ᠭᠤᠨᠠᠨ ᠠᠯᠺᠤᠤᠯ ᠢ | ᠪᠠᠭᠤᠷᠠᠭᠤᠯᠤᠨ᠂ ᠴᠢᠰᠤᠨ ᠰᠤᠳᠠᠯ ᠬᠠᠳᠠᠭᠤᠷᠠᠬᠤ ᠠᠴᠠ ᠰᠡᠷᠭᠡᠶᠢᠯᠡᠨ᠂ ᠪᠡᠶ᠎ᠠ ᠮᠠᠬᠠᠪᠤᠳ ᠤᠨ ᠡᠭᠡᠯᠢᠯᠡᠭᠡ ᠶᠢᠨ | ᠴᠢᠳᠠᠪᠤᠷᠢ ᠶᠢ ᠲᠡᠭᠡᠭᠰᠢᠯᠡᠭᠦᠯᠦᠨ᠎ᠠ᠂ ᠴᠢᠮᠦᠭᠡᠨ ᠤ ᠴᠢᠰᠤ ᠪᠦᠳᠦᠭᠡᠬᠦ ᠴᠢᠳᠠᠪᠤᠷᠢ ᠶᠢ ᠨᠡᠮᠡᠭᠳᠡᠭᠦᠯᠳᠡᠭ᠃ | ᠨᠤᠭᠤᠭ᠎ᠠ ᠵᠢᠮᠢᠰ ᠢ ᠲᠦᠭᠦᠭᠡᠢ ᠪᠠᠷ ᠢᠳᠡᠬᠦ | ᠨᠤᠭᠤᠭ᠎ᠠ ᠵᠢᠮᠢᠰ ᠲᠤ ᠬᠤᠤᠷ ᠲᠠᠶᠢᠯᠬᠤ ᠡᠳ᠋ ᠡᠯᠪᠡᠭ ᠠᠭᠤᠯᠤᠭᠳᠠᠳᠠᠭ᠃ ᠵᠢᠱᠢᠶᠡᠯᠡᠪᠡᠯ ᠬᠤᠯᠤᠤᠪᠠᠩ ᠨᠢ | ᠬᠦᠨᠳᠦ ᠲᠡᠮᠦᠷᠯᠢᠭ ᠮᠦᠩᠭᠦᠨ ᠤᠰᠤ ᠲᠠᠢ ᠨᠡᠶᠢᠯᠡᠭᠡᠳ ᠰᠢᠨ᠎ᠠ ᠪᠤᠳᠠᠰ ᠪᠤᠯᠵᠤ ᠪᠡᠶ᠎ᠠ ᠠᠴᠠ ᠭᠠᠳᠠᠭᠰᠢᠯᠠᠳᠠᠭ︔ | ᠰᠠᠷᠢᠮᠰᠠᠭ ᠲᠠᠬᠢ ᠤᠨᠴᠠᠭᠠᠢ ᠪᠤᠳᠠᠰ ᠨᠢ ᠪᠡᠶ᠎ᠠ ᠲᠤᠳᠤᠷᠠᠬᠢ ᠲᠤᠭᠤᠯᠭ᠎ᠠ ᠶᠢᠨ ᠦᠳᠭᠡᠴᠡ ᠶᠢ ᠪᠠᠭᠤᠷᠠᠭᠤᠯᠳᠠᠭ᠃ | ᠭᠤᠭᠤᠳ ᠲᠤ ᠸᠢᠲ᠋ᠠᠮᠢᠨ ᠵᠡᠷᠭᠡ ᠪᠦᠷᠢᠯᠳᠦᠭᠦᠨ ᠠᠭᠤᠯᠤᠭᠳᠠᠵᠤ᠂ ᠪᠦᠳᠦᠭᠦᠯᠢᠭ ᠰᠢᠷᠭᠡᠭᠯᠢᠭ ᠨᠢ ᠠᠷᠢᠬᠢ ᠲᠠᠮᠠᠬᠢ | ᠤᠤᠭᠤᠭᠴᠢᠳ ᠢ ᠬᠠᠪᠰᠤᠷᠴᠤ ᠬᠤᠤᠷ ᠢ ᠭᠠᠳᠠᠭᠰᠢᠯᠠᠭᠤᠯᠳᠠᠭ᠃ |