ᠨᠢᠭᠡ᠂ ᠴᠠᠳᠬᠤᠯᠠᠩ ᠦᠯᠦᠰᠬᠦᠯᠡᠩ ᠲᠡᠩᠴᠡᠭᠦᠷᠢ ᠪᠠᠨ ᠠᠯᠲᠠᠬᠤ ᠶᠢ ᠴᠡᠭᠡᠷᠯᠡᠬᠦ | ᠦᠯᠦᠰᠬᠦ ᠦᠶ᠎ᠡ ᠳᠤ᠂ ᠬᠤᠳᠤᠭᠤᠳᠤ ᠰᠢᠷ᠎ᠡ ᠬᠤᠰᠤᠬᠤ᠂ ᠤᠭᠤᠷᠠᠭ ᠤᠨ ᠢᠰᠭᠡᠭᠦᠷ ᠵᠡᠷᠭᠡ ᠶᠢᠨ | ᠨᠢᠭᠳᠠᠴᠠ ᠨᠢ ᠨᠡᠯᠢᠶᠡᠳ ᠦᠨᠳᠦᠷ ᠪᠤᠯᠵᠦ᠂ ᠰᠠᠯᠢᠰᠦᠲᠦ ᠪᠦᠷᠬᠦᠪᠴᠢ ᠶᠢᠨ ᠦᠪᠡᠰᠦᠪᠠᠠ ᠰᠢᠩᠭᠡᠭᠡᠬᠦ ᠵᠡᠷᠭᠡ | ᠠᠰᠠᠭᠤᠳᠠᠯ ᠢ ᠪᠤᠢ ᠪᠤᠯᠭᠠᠬᠤ ᠪᠤᠯᠤᠨ᠎ᠠ᠃ ᠭᠡᠳᠦᠷᠡᠲᠡᠯᠡ ᠢᠳᠡᠵᠦ ᠤᠤᠭᠤᠬᠤ ᠨᠢ ᠪᠠᠰᠠ ᠬᠤᠳᠤᠭᠤᠳᠤ ᠶᠢᠨ | ᠦᠪᠡᠷ ᠢ ᠪᠠᠨ ᠬᠠᠮᠠᠭᠠᠯᠠᠬᠤ ᠵᠢᠮ᠎ᠡ ᠬᠠᠤᠯᠢ ᠶᠢ ᠠᠯᠳᠠᠭᠤᠯᠳᠠᠭ᠃ ᠬᠤᠳᠤᠭᠤᠳᠤᠨ ᠤ ᠬᠠᠨ᠎ᠠ ᠬᠡᠳᠦ ᠲᠡᠯᠡᠬᠦ᠂ ᠢᠳᠡᠰᠢ | ᠭᠡᠲᠦᠷᠭᠡᠢ ᠤᠷᠲᠤ ᠴᠠᠭ ᠰᠢᠩᠭᠡᠭᠡᠬᠦ ᠦᠭᠡᠢ ᠪᠤᠯ ᠪᠦᠷ ᠬᠤᠳᠤᠭᠤᠳᠤᠨ ᠤ ᠰᠢᠷᠬᠠᠳᠤᠯ ᠢ ᠲᠦᠷᠭᠡᠳᠬᠡᠳᠡᠭ᠃ | ᠬᠤᠶᠠᠷ᠂ ᠢᠳᠡᠭᠡᠨ ᠤ ᠠᠷᠢᠭᠤᠨ ᠴᠡᠪᠡᠷ ᠪᠠᠶᠢᠬᠤ ᠶᠢ ᠡᠷᠬᠢᠮᠯᠡᠬᠦ | ᠬᠤᠳᠤᠭᠤᠳᠤᠨ ᠮᠤᠬᠤᠷ ᠤᠨ ᠪᠠᠺᠲ᠋ᠧᠷᠢ ᠶᠢᠨ ᠬᠠᠯᠳᠠᠪᠤᠷᠢᠯᠠᠯ ᠪᠤᠯ ᠬᠤᠳᠤᠭᠤᠳᠤ ᠪᠤᠯᠤᠨ ᠨᠤᠭᠤᠯᠤᠭᠤᠷ | ᠭᠡᠳᠡᠰᠦ ᠶᠢᠨ ᠰᠢᠷᠬᠠᠯᠠᠭ᠎ᠠ ᠡᠪᠡᠳᠴᠢᠨ ᠡᠭᠦᠰᠬᠦ ᠬᠠᠮᠤᠭ ᠤᠨ ᠴᠢᠬᠤᠯᠠ ᠰᠢᠯᠲᠠᠭᠠᠨ ᠤ ᠨᠢᠭᠡ ᠪᠠᠶᠢᠵᠦ᠂ ᠰᠢᠷᠬᠠᠯᠠᠭᠠᠳᠤ | ᠡᠪᠡᠳᠴᠢᠲᠡᠨ ᠤ ᠲᠤᠮᠳᠠ᠂ ᠪᠠᠶᠢᠴᠠᠭᠠᠭᠰᠠᠠ ᠤ ᠳ᠋ᠦᠩ ᠳᠤ ᠡᠨᠡᠭᠦ ᠪᠠᠺᠲ᠋ᠧᠷᠢ ᠳᠤ ᠬᠠᠯᠲᠠᠪᠤᠷᠢᠯᠠᠭᠲᠠᠭᠰᠠᠳ | 70~90% ᠳᠤ ᠬᠦᠷᠴᠤ᠂ ᠰᠢᠷᠬᠠᠯᠠᠭ᠎ᠠ ᠨᠢ ᠡᠳᠡᠭᠡᠷᠡᠭᠰᠡᠨ ᠤ ᠬᠤᠶᠢᠨ᠎ᠠ ᠡᠨᠡᠬᠦ ᠪᠠᠺᠲ᠋ᠧᠷᠢ ᠨᠢ ᠠᠶᠠᠨᠳᠠᠭᠠᠨ | ᠠᠷᠢᠯᠬᠤ ᠪᠤᠯᠤᠨ᠎ᠠ᠃ ᠬᠤᠲᠤᠭᠤᠲᠤᠨ ᠰᠢᠷᠬᠠᠯᠠᠭ᠎ᠠ ᠨᠢ ᠬᠤᠭᠤᠯᠠᠨ ᠤ ᠰᠠᠪᠠ ᠭᠡᠷᠡᠭᠰᠡᠯ᠂ ᠰᠢᠳᠦ ᠤᠬᠢᠶᠠᠬᠤ ᠬᠡᠷᠡᠭᠰᠡᠯ | ᠪᠤᠯᠤᠨ ᠦᠨᠦᠰᠬᠦ ᠵᠡᠷᠭᠡ ᠲᠤᠳᠤᠨᠤ ᠬᠠᠷᠢᠯᠴᠠᠭ᠎ᠠ ᠪᠠᠷ ᠲᠠᠮᠵᠢᠵᠦ ᠬᠠᠯᠳᠠᠪᠤᠷᠢᠯᠠᠳᠠᠭ᠃ ᠠᠷᠢᠭᠤᠨ ᠴᠡᠪᠡᠷ ᠪᠤᠰᠤ | ᠢᠳᠡᠭᠡᠨ ᠨᠢ ᠮᠦᠨ ᠴᠦ ᠬᠠᠯᠳᠠᠪᠤᠷᠢᠯᠠᠯ ᠤᠨ ᠨᠢᠭᠡᠨ ᠰᠢᠯᠲᠠᠭᠠᠨ ᠪᠠᠶᠢᠳᠠᠭ᠃ | ᠭᠤᠷᠪᠠ᠂ ᠤᠷᠤᠢ ᠶᠢᠨ ᠬᠤᠭᠤᠯᠠ ᠶᠢ ᠬᠡᠳᠦ ᠴᠠᠳᠲᠠᠯ᠎ᠠ ᠢᠳᠡᠬᠦ ᠶᠢ ᠴᠡᠭᠡᠷᠯᠡᠬᠦ | ᠵᠠᠷᠢᠮ ᠬᠦᠮᠦᠨ ᠨᠢᠭᠡ ᠡᠳᠦᠷ ᠤᠨ ᠰᠢᠮ᠎ᠠ ᠲᠠᠵᠢᠭᠡᠯ ᠪᠠᠨ ᠤᠷᠤᠢ ᠶᠢᠨ ᠬᠤᠭᠤᠯᠠᠨ ᠳᠤ ᠲᠦᠪᠯᠡᠷᠡᠬᠦᠯᠬᠦ ᠪᠤᠶᠤ | ᠰᠦᠨᠢ ᠶᠢᠨ ᠬᠤᠭᠤᠯᠠ ᠢᠳᠡᠬᠦ ᠲᠤᠷᠠᠲᠠᠢ᠂ ᠡᠰᠡᠬᠦᠯ᠎ᠡ ᠤᠨᠳᠠᠬᠤ ᠠᠴᠠ ᠡᠮᠦᠨ᠎ᠡ ᠢᠳᠡᠬᠦ ᠵᠡᠷᠭᠡ ᠵᠡᠩᠰᠢᠯ ᠲᠠᠢ ᠪᠠᠶᠢᠳᠠᠭ | ᠂ ᠡᠨᠡ ᠨᠢ ᠨᠦᠢᠷ ᠢ ᠬᠠᠷᠰᠢᠯᠠᠬᠤ ᠪᠠᠷ ᠪᠠᠷᠠᠬᠤ ᠦᠭᠡᠢ ᠬᠦᠮᠦᠨ ᠢ ᠬᠢᠯᠪᠠᠷᠬᠠᠠ ᠮᠠᠷᠢᠶᠠᠯᠠᠭᠤᠯᠵᠦ᠂ ᠪᠠᠰᠠ | ᠬᠤᠳᠤᠭᠤᠳᠤᠨ ᠤ ᠰᠠᠯᠢᠰᠤᠲᠦ ᠪᠦᠷᠬᠦᠪᠴᠢ ᠳᠤ ᠰᠡᠲᠡᠯᠲᠡ ᠦᠭᠴᠦ᠂ ᠰᠢᠷ᠎ᠡ ᠬᠤᠰᠤᠭᠤᠯᠤᠨ ᠡᠭᠦᠨ ᠤ ᠤᠯᠠᠮ ᠠᠴᠠ | ᠰᠢᠷᠬᠠᠯᠠᠭ᠎ᠠ ᠶᠢ ᠪᠤᠢ ᠪᠤᠯᠭᠠᠲᠠᠭ᠃ | ᠲᠦᠷᠪᠡ᠂ ᠪᠦᠬᠦᠯᠢ ᠬᠠᠭ᠋ᠤᠯᠢ ᠪᠠᠷ ᠢᠳᠡᠬᠦ ᠶᠢ ᠴᠡᠭᠡᠷᠯᠡᠬᠦ | ᠢᠳᠡᠭᠡᠨ ᠨᠢ ᠬᠤᠳᠤᠭᠤᠳᠤᠨ ᠳᠤ ᠤᠷᠤᠭᠰᠠᠨ ᠤ ᠲᠠᠷᠠᠭ᠎ᠠ᠂ ᠬᠤᠷᠢᠶᠠᠵᠦ ᠬᠠᠳᠠᠭᠠᠯᠠᠬᠤ᠂ ᠨᠢᠴᠠᠯᠬᠤ᠂ | ᠰᠢᠩᠭᠡᠭᠡᠯᠲᠡ ᠪᠠᠷ ᠲᠠᠮᠵᠢᠵᠦ ᠢᠳᠡᠭᠡᠡ ᠢ ᠴᠠᠶᠢᠳᠠᠮᠡᠭ ᠪᠠᠶᠢᠳᠠᠯ ᠲᠠᠢ ᠪᠤᠯᠭᠠᠮᠠᠨᠵᠢᠨ ᠰᠠᠶ᠋ᠢ ᠭᠡᠳᠡᠰᠦᠨ ᠳᠤ ᠤᠷᠤᠳᠠᠭ᠃ | ᠬᠡᠷᠪᠡ ᠨᠠᠷᠢᠯᠢᠭ ᠵᠠᠵᠢᠯᠬᠤ ᠦᠭᠡᠢ ᠪᠦᠬᠦᠯᠢ ᠬᠠᠭ᠋ᠤᠯᠢ ᠪᠠᠷ ᠵᠠᠯᠬᠢᠪᠠᠯ᠂ ᠬᠤᠳᠤᠭᠤᠳᠤᠨ ᠤ ᠲᠠᠷᠤᠭᠠᠰᠤ ᠶᠢ | ᠨᠡᠮᠡᠭᠳᠡᠭᠦᠯᠵᠦ᠂ ᠬᠤᠳᠤᠭᠤᠳᠤᠨ ᠤ ᠰᠠᠯᠢᠰᠤᠲᠦ ᠪᠦᠷᠬᠦᠪᠴᠢ ᠶᠢ ᠰᠢᠷᠬᠠᠳᠤᠭᠤᠯᠳᠠᠭ᠂ ᠰᠠᠶᠢᠨ ᠵᠠᠵᠢᠯᠪᠠᠯ ᠰᠢᠷ᠎ᠠ | ᠬᠤᠰᠤᠬᠤ᠂ ᠰᠦᠰᠦᠨ ᠰᠢᠬᠦᠰᠦ ᠶᠢᠨ ᠰᠢᠬᠦᠷᠡᠯᠲᠡ ᠵᠡᠷᠭᠡ ᠶᠢ ᠪᠠᠭᠠᠰᠬᠠᠵᠦ᠂ ᠬᠤᠳᠤᠭᠤᠳᠤ ᠶᠢ ᠬᠠᠮᠠᠭᠠᠯᠠᠬᠤ ᠳᠤ | ᠲᠤᠰᠠᠲᠠᠢ ᠪᠠᠶᠢᠳᠠᠭ᠃ | ᠲᠠᠪᠤ᠂ ᠺᠤᠹᠧ᠂ ᠴᠠᠢ ᠵᠡᠷᠭᠡ ᠶᠢ ᠬᠡᠳᠦ ᠦᠳᠬᠡᠨ ᠤᠤᠭᠤᠬᠤ ᠶᠢ ᠴᠡᠭᠡᠷᠯᠡᠬᠦ | ᠺᠤᠹᠧ᠂ ᠦᠳᠬᠡᠨ ᠴᠠᠢ ᠨᠢ ᠬᠦᠭᠡᠷᠤᠯᠲᠠ ᠶᠢᠨ ᠦᠢᠯᠡᠲᠦᠯ ᠲᠠᠢ᠂ ᠤᠢᠢᠯᠲᠠ ᠪᠠᠷ ᠲᠠᠮᠵᠢᠵᠦ | ᠬᠤᠳᠤᠭᠤᠳᠤᠨ ᠤ ᠰᠠᠯᠢᠰᠤᠲᠦ ᠪᠦᠷᠭᠦᠪᠴᠢ ᠶᠢ ᠴᠢᠰᠦ ᠲᠤᠳᠠᠭᠤᠯᠵᠦ᠂ ᠬᠤᠳᠤᠭᠤᠳᠤᠨ ᠤ ᠬᠠᠮᠠᠭᠠᠯᠠᠬᠤ | ᠴᠢᠳᠠᠪᠬᠢ ᠶᠢ ᠡᠪᠳᠡᠵᠦ᠂ ᠰᠢᠷᠬᠠᠯᠠᠭ᠎ᠠ ᠡᠪᠡᠳᠴᠢᠨ ᠡᠭᠦᠰᠬᠡᠳᠡᠭ᠃ | ᠵᠢᠷᠭᠤᠭ᠎ᠠ᠂ ᠬᠡᠲᠦᠷᠡᠲᠡᠯ᠎ᠠ ᠠᠷᠢᠬᠢ ᠤᠤᠭᠤᠬᠤ ᠠᠴᠠ ᠴᠡᠭᠡᠷᠯᠡᠬᠦ | ᠰᠫᠢᠷᠲ ᠨᠢ ᠬᠤᠳᠤᠭᠤᠳᠤᠨ ᠤ ᠰᠠᠯᠢᠰᠤᠲᠦ ᠪᠦᠷᠬᠦᠪᠴᠢ ᠶᠢ ᠰᠢᠭᠤᠳ ᠡᠪᠳᠡᠵᠦ᠂ ᠪᠠᠰᠠ ᠡᠯᠢᠭᠡᠨ | ᠬᠠᠳᠠᠭᠤᠷᠠᠯ ᠪᠤᠯᠤᠨ ᠤᠳᠠᠭᠠᠨ ᠴᠢᠨᠠᠷ ᠲᠠᠢ ᠨᠦᠢᠷ ᠤᠨ ᠪᠤᠯᠴᠢᠷᠬᠠᠢ ᠶᠢᠨ ᠦᠷᠪᠢᠰᠦᠯ ᠢ ᠡᠭᠦᠰᠬᠡᠵᠦ᠂ | ᠬᠤᠳᠤᠭᠤᠳᠤᠨ ᠤ ᠰᠢᠷᠬᠠᠯᠠᠭ᠎ᠠ ᠶᠢ ᠬᠦᠨᠳᠦᠷᠡᠭᠦᠯᠳᠡᠭ᠃ | ᠲᠤᠯᠤᠭ᠎ᠠ᠂ ᠲᠠᠮᠡᠬᠢ ᠲᠠᠲᠠᠬᠤ ᠶᠢ ᠴᠡᠭᠡᠷᠯᠡᠬᠦ | ᠲᠠᠮᠡᠬᠢ ᠲᠠᠲᠠᠬᠤ ᠨᠢ ᠬᠤᠳᠤᠭᠤᠳᠤᠨ ᠤ ᠰᠠᠯᠢᠰᠤᠲᠦ ᠪᠦᠷᠬᠦᠪᠴᠢ ᠶᠢᠨ ᠴᠢᠰᠤᠨ ᠰᠤᠲᠠᠯ ᠢ ᠠᠪᠴᠢᠭᠤᠯᠵᠦ᠂ | ᠬᠤᠳᠤᠭᠤᠳᠤᠨ ᠤ ᠰᠠᠯᠢᠰᠤᠲᠦ ᠪᠦᠷᠬᠦᠪᠴᠢ ᠶᠢᠨ ᠤᠷᠢᠲᠦ ᠪᠤᠯᠴᠢᠷᠬᠠᠢ ᠶᠢᠨ ᠡᠳ᠋ ᠤᠨ ᠨᠡᠶᠢᠯᠡᠯ ᠢ ᠪᠠᠭᠠᠰᠬᠠᠨ᠎ᠠ᠂ ᠡᠨᠡ | ᠪᠤᠯ ᠨᠢᠭᠡ ᠵᠦᠢᠯ ᠤᠨ ᠰᠠᠯᠢᠰᠤᠲᠦ ᠪᠦᠷᠬᠦᠪᠴᠢ ᠶᠢ ᠬᠠᠮᠠᠭᠠᠯᠠᠬᠤ ᠡᠳ᠋ ᠪᠤᠯᠤᠨ᠎ᠠ᠂ ᠲᠠᠮᠡᠬᠢ ᠲᠠᠲᠠᠬᠤ ᠨᠢ ᠪᠠᠰᠠ ᠰᠢᠷ᠎ᠡ | ᠬᠤᠰᠤᠬᠤ᠂ ᠤᠭᠤᠷᠠᠭ ᠤᠨ ᠢᠰᠭᠡᠭᠦᠷ ᠤᠨ ᠢᠯᠭᠠᠷᠠᠯ ᠳᠤ ᠰᠡᠳᠡᠯᠲᠡ ᠦᠭᠴᠦ᠂ ᠬᠤᠳᠤᠭᠤᠳᠤᠨ ᠤ ᠰᠠᠯᠢᠰᠤᠲᠦ | ᠪᠦᠷᠬᠦᠪᠴᠢ ᠶᠢᠨ ᠡᠪᠳᠡᠭᠳᠡᠯ ᠢ ᠬᠦᠨᠳᠦᠷᠡᠭᠦᠯᠳᠡᠭ᠃ | ᠨᠠᠢᠮᠠ᠂ ᠲᠤᠷ᠎ᠠ ᠪᠠᠷ ᠢᠶᠠᠨ ᠡᠮ ᠬᠡᠷᠡᠭᠯᠡᠬᠦ ᠶᠢ ᠴᠡᠭᠡᠷᠯᠡᠬᠦ | ᠬᠤᠳᠤᠭᠤᠳᠤᠨ ᠤ ᠰᠠᠯᠢᠰᠤᠲᠦ ᠪᠦᠷᠬᠦᠪᠴᠢ ᠶᠢ ᠰᠢᠷᠬᠠᠳᠤᠭᠤᠯᠳᠠᠭ ᠡᠮ ᠭᠤᠤᠯᠳᠠᠭᠤ ᠭᠤᠷᠪᠠᠨ ᠵᠦᠢᠯ | ᠪᠠᠶᠢᠨ᠎ᠠ᠄ 1. ᠡᠲ᠋ᠠ ᠠᠰᠢᠯ ᠤᠲᠠ ᠶᠢᠨ ᠬᠦᠴᠢᠯ ᠤᠨ ᠲᠦᠷᠦᠯ᠂ ᠵᠢᠱᠢᠶᠡᠯᠡᠪᠡᠯ ᠠᠰᠫᠢᠷᠢᠨ︔ 2. ᠪᠤᠤ ᠲᠠᠢ ᠰᠦᠩ | ᠂ ᠰᠢᠶᠤᠤ ᠶᠠᠠ ᠲᠦᠩ᠂ ᠪᠦ᠋ ᠯᠦᠸᠧ ᠹᠧᠨ ᠵᠡᠷᠭᠡ ᠭᠤᠨᠠᠠ ᠪᠡᠶ᠎ᠠ ᠶᠢᠨ ᠪᠤᠰᠤ ᠦᠷᠪᠢᠰᠦᠯ ᠲᠠᠷᠤᠬᠤ ᠡᠮ︔ 3. | ᠬᠦᠷᠦᠰᠦᠮᠡᠭ ᠲᠦᠷᠦᠯ ᠤᠨ ᠭᠤᠨᠠᠠ ᠠᠯᠺᠤᠤᠯ ᠵᠡᠷᠭᠡ ᠬᠤᠷᠮᠤᠨ ᠤ ᠲᠦᠷᠦᠯ ᠤᠨ ᠡᠮ᠃ ᠲᠡᠶᠢᠮᠦ ᠠᠴᠠ ᠴᠢᠲᠠᠬᠤ ᠶᠢᠨ | ᠬᠢᠷᠢ ᠪᠠᠷ ᠡᠲᠡᠭᠡᠷ ᠡᠮ ᠶᠢ ᠭᠡᠷᠡᠭᠯᠡᠬᠦ ᠠᠴᠠ ᠵᠠᠶᠢᠯᠠᠰᠬᠢᠪᠠᠯ ᠵᠤᠬᠢᠨ᠎ᠠ᠂ ᠬᠡᠷᠪᠡ ᠵᠠᠪᠠᠯ ᠤᠤᠭᠤᠬᠤ ᠴᠢᠬᠤᠯᠠᠲᠠᠢ ᠪᠤᠯ | ᠡᠮ ᠤᠨ ᠬᠡᠮᠵᠢᠶ᠎ᠠ ᠪᠤᠯᠤᠨ ᠡᠮᠴᠢᠯᠡᠭᠡᠡ ᠤ ᠬᠤᠭᠤᠴᠠᠭ᠎ᠠ ᠶᠢ ᠡᠵᠡᠮᠲᠡᠵᠦ᠂ ᠬᠠᠮᠤᠭ ᠤᠨ ᠰᠠᠶᠢᠨ ᠨᠢ ᠬᠤᠭᠤᠯᠠᠠ ᠤ | ᠲᠠᠷᠠᠭ᠎ᠠ ᠤᠤᠭᠤᠨ᠎ᠠ᠃ |