ᠲᠤᠭᠤᠭᠠᠨ ᠭᠡᠷ ᠪᠤᠯ ᠠᠮᠢᠳᠤᠷᠠᠯ ᠲᠤᠮᠳᠠᠬᠢ ᠬᠠᠮᠤᠭ ᠴᠢᠬᠤᠯᠠ ᠭᠠᠵᠠᠷ ᠤᠨ ᠨᠢᠭᠡ ᠶᠤᠮ᠂ ᠭᠡᠪᠡᠴᠤ ᠡᠯ᠎ᠠ | ᠵᠦᠢᠯ ᠤᠨ ᠲᠤᠭᠤᠭᠠᠨ ᠭᠡᠷ ᠤᠨ ᠬᠡᠷᠡᠭᠰᠡᠯ ᠤᠨ ᠴᠢᠳᠡᠪᠬᠢ ᠦᠢᠯᠡᠳᠦᠯ ᠨᠢ ᠪᠦᠷ ᠠᠳᠠᠯᠢ ᠦᠭᠡᠢ᠂ ᠰᠢᠨᠵᠢᠯᠡᠬᠦ | ᠤᠬᠠᠭᠠᠨᠴᠢ ᠪᠠᠷ ᠬᠡᠷᠡᠭᠯᠡᠭᠦ ᠦᠭᠡᠢ ᠪᠤᠯ ᠡᠷᠡᠭᠦᠯ ᠮᠡᠨᠲᠦ ᠳᠤ ᠠᠰᠢᠭ ᠦᠭᠡᠢ ᠮᠦᠷᠲᠡᠭᠡᠨ ᠪᠡᠶ᠎ᠡ ᠮᠠᠬᠠᠪᠤᠳ ᠢ | ᠬᠤᠤᠷᠳᠠᠭᠤᠯᠵᠦ ᠮᠡᠳᠡᠨ᠎ᠠ᠃ | ᠨᠢᠭᠡ᠂ ᠬᠦᠡᠭᠭᠡᠨᠴᠠᠭᠠᠨ ᠲᠤᠭᠤᠭᠠᠨ ᠲᠤᠳᠤᠷ᠎ᠠ ᠤᠷᠳᠤ ᠬᠤᠭᠤᠴᠠᠭ᠎ᠠ ᠪᠠᠷ ᠪᠤᠳᠠᠭ᠎ᠠ ᠨᠤᠭᠤᠭ᠎ᠠ ᠰᠠᠪᠠᠯᠠᠬᠤ ᠶᠢ | ᠴᠡᠭᠡᠷᠯᠡᠬᠦ ᠬᠡᠷᠡᠭᠲᠡᠢ | ᠬᠦᠡᠭᠭᠡᠨᠴᠠᠭᠠᠨ ᠤ ᠬᠢᠮᠢ ᠶᠢᠨ ᠰᠢᠨᠵᠢ ᠴᠢᠨᠠᠷ ᠨᠢ ᠲᠤᠩ ᠲᠤᠬᠳᠠᠪᠤᠷᠢ ᠦᠭᠡᠢ ᠪᠠᠶᠢᠳᠠᠭ᠂ ᠠᠭᠠᠷ ᠲᠤᠳᠤᠷ᠎ᠠ | ᠠᠮᠠᠷᠬᠠᠨ ᠢᠰᠦᠯᠳᠤᠵᠦ᠂ ᠢᠰᠦᠯᠳᠦᠭᠰᠡᠨ ᠬᠦᠡᠭᠭᠡᠨᠴᠠᠭᠠᠨ ᠤ ᠨᠢᠮᠭᠡᠨ ᠲᠠᠪᠬᠤᠷᠭ᠎ᠠ ᠶᠢ ᠪᠤᠢ ᠪᠤᠯᠭᠠᠳᠠᠭ᠃ | ᠢᠰᠦᠯᠳᠦᠭᠰᠡᠨ ᠬᠦᠡᠭᠭᠡᠨᠴᠠᠭᠠᠨ ᠤ ᠨᠢᠮᠭᠡᠨ ᠲᠠᠪᠬᠤᠷᠭ᠎ᠠ ᠨᠢ ᠤᠰᠤᠨ ᠳᠤ ᠠᠮᠠᠷᠬᠠᠨ ᠠᠭᠤᠰᠳᠠᠭ ᠦᠭᠡᠢ᠂ ᠭᠦᠴᠢᠯᠯᠢᠭ | ᠪᠤᠶᠤ ᠱᠦᠯᠳᠦᠯᠢᠭ ᠰᠢᠩᠭᠡᠨ ᠪᠡᠶᠡᠲᠦ ᠲᠤᠳᠤᠷ᠎ᠠ ᠠᠮᠠᠷᠬᠠᠨ ᠠᠭᠤᠰᠳᠠᠭ᠃ ᠲᠠᠪᠤᠰᠤ ᠪᠠᠰᠠ ᠢᠰᠦᠯᠳᠦᠭᠰᠡᠨ | ᠬᠦᠡᠭᠭᠡᠨᠴᠡᠭᠠᠨ ᠢ ᠡᠪᠳᠡᠳᠡᠭ᠃ ᠱᠦᠯᠦ ᠪᠤᠶᠤ ᠨᠤᠭᠤᠭ᠎ᠠ ᠶᠢ ᠤᠷᠳᠤ ᠬᠤᠭᠤᠴᠠᠭ᠎ᠠ ᠪᠠᠷ ᠬᠦᠡᠭᠭᠡᠨᠴᠠᠭᠠᠨ ᠰᠠᠪᠠ | ᠲᠤᠳᠤᠷ᠎ᠠ ᠰᠠᠪᠠᠯᠠᠪᠠᠯ᠂ ᠬᠦᠡᠭᠭᠡᠨᠴᠠᠭᠠᠨ ᠤ ᠴᠢᠨᠠᠷ ᠢ ᠨᠢ ᠡᠪᠳᠡᠬᠦ ᠪᠠᠷ ᠪᠠᠷᠠᠬᠤ ᠦᠭᠡᠢ᠂ ᠨᠤᠭᠤᠭ᠎ᠠ ᠱᠦᠯᠦ ᠲᠤᠳᠤᠷ᠎ᠠ | ᠴᠤ ᠨᠡᠯᠢᠶᠡᠳ ᠬᠡᠮᠵᠢᠶᠡᠨ ᠤ ᠬᠦᠡᠭᠭᠡᠨᠴᠠᠭᠠᠨ ᠮᠤᠯᠧᠺᠦ᠋ᠯ ᠠᠭᠤᠰᠤᠨ ᠤᠷᠤᠳᠠᠭ᠃ ᠡᠳᠡᠭᠡᠷ ᠬᠦᠡᠭᠭᠡᠨᠴᠠᠭᠠᠨ ᠤ | ᠮᠤᠯᠧᠭᠦ᠋ᠯ ᠨᠢ ᠨᠤᠭᠤᠭ᠎ᠠ ᠱᠦᠯᠦ ᠲᠠᠢ ᠬᠢᠮᠢ ᠶᠢᠨ ᠬᠤᠪᠢᠷᠠᠯᠳᠠ ᠡᠭᠦᠰᠴᠤ᠂ ᠬᠦᠡᠭᠭᠡᠨᠴᠠᠭᠠᠨ ᠤ ᠨᠢᠭᠡᠳᠪᠦᠷᠢ ᠪᠤᠯᠳᠠᠭ᠃ | ᠤᠷᠳᠤ ᠬᠤᠭᠤᠴᠠᠭ᠎ᠠ ᠪᠠᠷ ᠪᠤᠶᠤ ᠶᠡᠭᠡ ᠬᠡᠮᠵᠢᠶ᠎ᠡ ᠪᠠᠷ ᠬᠦᠡᠭᠭᠡᠨᠴᠠᠭᠠᠨ᠂ ᠬᠦᠡᠭᠭᠡᠨᠴᠠᠭᠠᠨ ᠤ ᠨᠢᠭᠡᠳᠪᠦᠷᠢ | ᠠᠭᠤᠯᠤᠬᠳᠠᠬᠰᠠᠨ ᠢᠳᠡᠭᠡᠨ ᠢᠳᠡᠪᠠᠯ ᠬᠦᠮᠦᠨ ᠤ ᠪᠡᠶ᠎ᠡ ᠶᠢᠨ ᠲᠤᠳᠤᠷᠠᠬᠢ ᠺᠠᠯᠼ᠂ ᠹᠤᠰᠹᠤᠷ ᠤᠨ ᠬᠡᠪ ᠤᠨ | ᠬᠠᠷᠢᠴᠠᠯ ᠢ ᠡᠪᠳᠡᠵᠦ᠂ ᠬᠦᠮᠦᠨ ᠤ ᠪᠡᠶ᠎ᠡ ᠶᠢᠨ ᠠᠷᠤᠭ ᠶᠠᠰᠤ᠂ ᠰᠢᠳᠦᠨ ᠤ ᠪᠤᠶᠢᠵᠢᠯᠳᠠ ᠪᠤᠯᠤᠨ ᠰᠢᠨ᠎ᠠ | ᠬᠠᠭᠤᠴᠢᠨ ᠤ ᠰᠤᠯᠢᠯᠴᠠᠭ᠎ᠠ ᠶᠢ ᠨᠦᠯᠦᠭᠡᠯᠡᠬᠦ ᠮᠦᠷᠲᠡᠭᠡᠨ ᠵᠠᠷᠢᠮ ᠰᠢᠩᠭᠡᠭᠡᠬᠦ ᠢᠰᠭᠡᠭᠦᠷ ᠤᠨ ᠢᠳᠡᠪᠬᠢ ᠴᠢᠨᠠᠷ ᠢ | ᠪᠠᠭᠤᠷᠠᠭᠤᠯᠵᠦ᠂ ᠬᠤᠳᠤᠭᠤᠳᠤᠨ ᠤ ᠰᠢᠩᠭᠡᠭᠡᠬᠦ ᠴᠢᠳᠠᠪᠤᠷᠢ ᠶᠢ ᠮᠠᠭᠤᠳᠠᠭᠤᠯᠳᠠᠭ᠃ ᠡᠶᠢᠮᠦ ᠠᠴᠠ᠂ ᠬᠦᠡᠭᠭᠡᠨᠴᠠᠭᠠᠨ | ᠲᠤᠭᠤᠭᠠᠨ ᠳᠤ ᠪᠤᠳᠠᠭ᠎ᠠ ᠨᠤᠭᠤᠭ᠎ᠠ ᠤᠳᠠᠭᠠᠨ ᠰᠠᠪᠠᠯᠠᠵᠦ ᠪᠤᠯᠬᠤ ᠦᠭᠡᠢ᠂ ᠬᠠᠮᠤᠭ ᠰᠠᠶᠢᠨ ᠨᠢ ᠬᠦᠡᠭᠭᠡᠨᠴᠠᠭᠠᠨ | ᠲᠤᠭᠤᠭᠠᠨ ᠲᠤᠳᠤᠷ᠎ᠠ ᠨᠤᠭᠤᠭ᠎ᠠ ᠬᠠᠭᠤᠷᠬᠤ ᠦᠭᠡᠢ ᠪᠤᠶᠤ ᠱᠦᠯᠦ ᠪᠤᠴᠠᠯᠭᠠᠬᠤ ᠦᠭᠡᠢ ᠪᠠᠶᠢᠬᠤ ᠬᠡᠷᠡᠭᠲᠡᠢ᠃ | ᠬᠤᠶᠠᠷ᠂ ᠲᠡᠮᠦᠷᠯᠢᠭ ᠲᠤᠭᠤᠭᠠᠨ ᠲᠤᠳᠤᠷ᠎ᠠ ᠬᠦᠴᠢᠯᠯᠢᠭ ᠤᠮᠳᠠᠭᠠᠨ ᠰᠠᠪᠠᠯᠠᠬᠤ ᠶᠢ ᠴᠡᠭᠡᠷᠯᠡᠬᠦ ᠬᠡᠷᠡᠭᠲᠡᠢ | ᠬᠦᠴᠢᠯᠯᠢᠭ ᠤᠮᠳᠠᠭᠠᠨ ᠨᠢ ᠲᠡᠮᠦᠷᠯᠢᠭ ᠰᠠᠪᠠ ︵ᠲᠡᠮᠦᠷ᠂ ᠬᠦᠡᠭᠭᠡᠨᠴᠠᠭᠠᠨ᠂ ᠲᠤᠭᠤᠯᠭ᠎ᠠ ᠵᠡᠷᠭᠡ︶ ᠲᠠᠢ | ᠬᠦᠷᠦᠯᠴᠠᠪᠠᠯ ᠬᠢᠮᠢ ᠶᠢᠨ ᠤᠷᠪᠠᠯ ᠡᠭᠦᠰᠴᠤ ᠲᠡᠮᠦᠷᠯᠢᠭ ᠪᠤᠳᠠᠰ ᠨᠢ ᠤᠮᠳᠠᠭᠠᠨ ᠲᠤᠳᠤᠷ᠎ᠠ ᠠᠭᠤᠰᠬᠤ ᠪᠤᠯᠤᠨ᠎ᠠ᠃ | ᠡᠶᠢᠮᠦ ᠤᠮᠳᠠᠭᠠᠨ ᠢ ᠤᠤᠭᠤᠪᠠᠯ ᠬᠢᠮᠢ ᠶᠢᠨ ᠴᠢᠨᠠᠷᠲᠠᠢ ᠢᠳᠡᠰᠢᠨ ᠬᠤᠤᠷᠳᠠᠯ ᠡᠭᠦᠰᠴᠤ᠂ ᠲᠤᠯᠤᠭᠠᠢ ᠡᠪᠡᠳᠬᠦ᠂ | ᠪᠦᠭᠡᠯᠵᠢᠰᠦ ᠬᠦᠷᠬᠦ᠂ ᠰᠠᠭᠤᠯᠭᠠᠬᠤ ᠵᠡᠷᠭᠡ ᠢᠯᠡᠷᠡᠯ ᠭᠠᠷᠳᠠᠭ᠃ ᠨᠢᠮᠪᠡᠭᠡ ᠶᠢᠨ ᠤᠰᠤ᠂ ᠵᠦᠷᠵᠢ ᠶᠢᠨ ᠤᠰᠤ᠂ | ᠬᠠᠷ᠎ᠠ ᠬᠦᠢᠯᠡᠰᠦᠨ ᠰᠦᠮᠦᠰᠦ ᠵᠡᠷᠭᠡ ᠤᠮᠳᠠᠭᠠᠨ ᠨᠢ ᠬᠦᠴᠢᠯᠯᠢᠭ ᠴᠢᠨᠠᠷ ᠢᠶᠠᠷ ᠮᠠᠰᠢ ᠦᠨᠳᠦᠷ ᠲᠤᠯᠠ ᠲᠡᠮᠦᠷᠯᠢᠭ | ᠰᠠᠪᠠᠨ ᠳᠤ ᠰᠠᠪᠠᠯᠠᠬᠤ ᠶᠢ ᠴᠡᠭᠡᠷᠯᠡᠬᠦ ᠬᠡᠷᠡᠭᠲᠡᠢ᠃ | ᠭᠤᠷᠪᠠ᠂ ᠰᠦᠯᠢᠶᠤᠤ ᠬᠤᠭᠤᠯᠠᠨ ᠬᠡᠷᠡᠭᠰᠡᠯ ᠲᠤᠳᠤᠷ᠎ᠠ ᠦᠭᠡᠭᠦ ᠲᠤᠰᠤ ᠶᠢᠨ ᠵᠦᠢᠯ ᠢ ᠰᠠᠪᠠᠯᠠᠬᠤ ᠶᠢ | ᠴᠡᠭᠡᠷᠯᠡᠬᠦ ᠬᠡᠷᠡᠭᠲᠡᠢ | ᠰᠦᠯᠢᠶᠤᠤ ᠬᠤᠭᠤᠯᠠᠨ ᠬᠡᠷᠡᠭᠰᠡᠯ ᠢ ᠬᠡᠷᠡᠭᠯᠡᠬᠦ ᠴᠡᠭᠡᠷ᠄ ᠰᠠᠪᠠᠯᠬᠰᠠᠨ ᠢᠳᠡᠭᠡᠨ ᠤ ᠵᠦᠢᠯ ᠢ ᠤᠳᠠᠭᠠᠨ | ᠲᠠᠯᠪᠢᠵᠦ ᠪᠤᠯᠬᠤ ᠦᠭᠡᠢ ᠪᠦᠭᠡᠳ᠂ ᠬᠡᠷᠡᠭᠯᠡᠵᠦ ᠪᠠᠷᠠᠬᠰᠠᠨ ᠤ ᠪᠠᠨ ᠲᠠᠷᠠᠭ᠎ᠠ ᠵᠠᠪᠠᠯ ᠲᠠᠷᠤᠢ ᠲᠦᠷᠭᠡᠨ ᠤᠬᠢᠶᠠᠨ | ᠠᠷᠢᠭᠤᠳᠬᠠᠬᠤ ᠬᠡᠷᠡᠭᠲᠡᠢ᠃ ᠦᠭᠡᠭᠦ ᠲᠤᠰᠤ ᠶᠢᠨ ᠵᠦᠢᠯ ᠢ ᠰᠠᠪᠠᠯᠠᠬᠤ ᠦᠭᠡᠢ ᠪᠠᠶᠢᠬᠤ ᠬᠡᠷᠡᠭᠲᠡᠢ᠃ ᠵᠦᠭᠡᠯᠡᠨ | ᠰᠦᠯᠢᠶᠤᠤ ᠬᠤᠭᠤᠯᠠᠨ ᠬᠡᠷᠡᠭᠰᠡᠯ ᠤᠨ ᠲᠤᠰᠤ ᠶᠢ ᠰᠡᠷᠭᠡᠶᠢᠯᠡᠬᠦ ᠴᠢᠳᠠᠪᠤᠷᠢ ᠠᠨᠠᠢ᠂ ᠠᠮᠠᠷᠬᠠᠨ ᠦᠭᠡᠭᠦ ᠲᠤᠰᠤᠨ ᠳᠤ | ᠪᠤᠬᠢᠷᠳᠤᠬᠳᠠᠬᠤ ᠪᠤᠯᠤᠨ᠎ᠠ᠃ ᠰᠢᠨ᠎ᠡ ᠰᠤᠷᠭᠤᠭ ᠵᠢᠭᠠᠰᠤ ᠶᠢ ᠰᠠᠪᠠᠯᠠᠬᠤ ᠦᠭᠡᠢ ᠪᠠᠶᠢᠬᠤ ᠬᠡᠷᠡᠭᠲᠡᠢ᠂ ᠵᠦᠭᠡᠯᠡᠨ | ᠰᠦᠯᠢᠶᠤᠤ ᠬᠤᠭᠤᠯᠠᠨ ᠬᠡᠷᠡᠭᠰᠡᠯ ᠤᠨ ᠦᠨᠦᠷ ᠢ ᠰᠢᠩᠭᠡᠭᠡᠭᠦ ᠴᠢᠳᠠᠪᠤᠷᠢ ᠨᠢ ᠴᠢᠩᠭ᠎ᠠ ᠪᠤᠯᠬᠤᠷ ᠵᠢᠭᠠᠰᠤᠨ ᠤ ᠰᠢᠩᠭᠡᠭ | ᠦᠨᠦᠷ ᠨᠢ ᠠᠷᠢᠯᠬᠤ ᠲᠤᠷ᠎ᠠ ᠦᠭᠡᠢ ᠪᠠᠶᠢᠳᠠᠭ᠃ ᠵᠦᠭᠡᠯᠡᠨ ᠰᠦᠯᠢᠶᠤᠤ ᠬᠤᠭᠤᠯᠠᠨ ᠬᠡᠷᠡᠭᠰᠡᠯ ᠦᠨᠳᠦᠷ ᠲᠤᠯᠠᠭᠠᠨ ᠢ | ᠲᠠᠭᠠᠭᠠᠵᠦ ᠲᠡᠶᠢᠯᠬᠦ ᠦᠭᠡᠢ ᠪᠤᠯᠬᠤᠷ ᠪᠤᠴᠠᠯᠤᠬᠰᠠᠨ ᠤᠰᠤ ᠰᠠᠪᠠᠯᠠᠬᠤ ᠪᠤᠶᠤ ᠪᠤᠴᠠᠯᠤᠬᠰᠠᠨ ᠤᠰᠤᠨ ᠳᠤ ᠲᠡᠪᠳᠤᠭᠡᠬᠦ | ᠦᠭᠡᠢ ᠪᠠᠶᠢᠬᠤ ᠶᠢ ᠠᠩᠬᠠᠷᠬᠤ ᠬᠡᠷᠡᠭᠲᠡᠢ᠃ | ᠲᠦᠷᠪᠠ᠂ ᠹᠠᠯᠠᠨ ᠬᠡᠷᠡᠭᠰᠡᠯ ᠳᠤ ᠢᠳᠡᠭᠡᠨ ᠤᠮᠳᠠᠭᠠᠨ ᠤ ᠵᠦᠢᠯ ᠢ ᠴᠢᠨᠠᠬᠤ ᠶᠢ ᠴᠡᠭᠡᠷᠯᠡᠭᠦ ᠬᠡᠷᠡᠭᠲᠡᠢ | ᠡᠯ᠎ᠠ ᠵᠦᠢᠯ ᠤᠨ ᠹᠠᠯᠠᠨ ᠬᠡᠷᠡᠭᠰᠡᠯ ᠪᠤᠯ ᠪᠦᠷ ᠲᠡᠮᠦᠷᠯᠢᠭ ᠰᠠᠪᠠ ᠶᠢᠨ ᠭᠠᠳᠠᠷ ᠲᠡᠭᠡᠷ᠎ᠡ ᠹᠠᠯᠠᠨ ᠢ ᠰᠢᠷᠳᠡᠵᠦ | ᠬᠢᠭᠰᠡᠨ ᠶᠤᠮ᠂ ᠹᠠᠯᠠᠨ ᠤ ᠲᠤᠳᠤᠷ᠎ᠡ ᠬᠦᠮᠦᠨ ᠤ ᠪᠡᠶ᠎ᠡ ᠳᠤ ᠬᠤᠤᠷᠲᠠᠢ ᠹᠠᠯᠠᠨ ᠲᠤᠭᠤᠯᠭ᠎ᠠ ᠵᠡᠷᠭᠡ ᠲᠤᠭᠤᠯᠭᠠᠵᠢᠬᠰᠠᠨ | ᠪᠤᠳᠠᠰ ᠠᠭᠤᠯᠤᠬᠳᠠᠵᠦ ᠪᠠᠶᠢᠳᠠᠭ᠃ ᠢᠳᠡᠭᠡᠨ ᠤᠮᠳᠠᠭᠠᠨ ᠤ ᠬᠤᠤᠷᠳᠠᠯ ᠡᠭᠦᠰᠬᠦ ᠶᠢ ᠰᠡᠷᠭᠡᠶᠢᠯᠡᠬᠦ ᠶᠢᠨ ᠲᠦᠯᠦᠭᠡ᠂ | ᠬᠠᠮᠤᠭ ᠰᠠᠶᠢᠨ ᠨᠢ ᠹᠠᠯᠠᠨ ᠰᠠᠪᠠᠨ ᠳᠤ ᠶᠠᠭᠤᠮ᠎ᠠ ᠴᠢᠨᠠᠬᠤ ᠦᠭᠡᠢ ᠪᠠᠶᠢᠬᠤ ᠪᠦᠭᠡᠳ ᠬᠦᠴᠢᠯᠯᠢᠭ ᠴᠢᠨᠠᠷᠲᠠᠢ | ᠢᠳᠡᠭᠡᠨ ᠢ ᠴᠤ ᠰᠠᠪᠠᠯᠠᠬᠤ ᠦᠭᠡᠢ ᠪᠠᠶᠢᠬᠤ ᠬᠡᠷᠡᠭᠲᠡᠢ᠃ ᠤᠴᠢᠷ ᠨᠢ ᠹᠠᠯᠠᠨ ᠰᠠᠪᠠ ᠶᠢᠨ ᠦᠡᠭᠭᠡᠨ ᠲᠠᠯ᠎ᠠ ᠳᠤ | ᠲᠦᠷᠬᠢᠭᠰᠡᠨ ᠰᠢᠷ ᠪᠤᠳᠤᠭ ᠤᠨ ᠤᠯᠠᠩᠭᠢ ᠨᠢ ᠡᠯ᠎ᠠ ᠵᠦᠢᠯ ᠤᠨ ᠲᠡᠮᠦᠷᠯᠢᠭ ᠲᠠᠪᠤᠰᠤᠨ ᠤ ᠵᠦᠢᠯ ᠪᠠᠶᠢᠵᠦ᠂ | ᠵᠢᠱᠢᠶᠡᠯᠡᠪᠡᠯ ᠰᠢᠷ᠎ᠠ᠂ ᠤᠯᠠᠭᠠᠨ ᠦᠡᠭᠭᠡᠲᠡᠢ ᠰᠢᠷ ᠪᠤᠳᠤᠭ ᠤᠨ ᠮᠠᠲ᠋ᠧᠷᠢᠶᠠᠯ ᠨᠢ ᠪᠦᠷ ᠺᠠᠳ᠋ᠮᠢ ᠪᠤᠯᠤᠨ ᠲᠤᠭᠤᠯᠭ᠎ᠠ ᠶᠢᠨ | ᠨᠢᠭᠡᠳᠪᠦᠷᠢ ᠮᠦᠷᠲᠡᠭᠡᠨ ᠲᠡᠳᠡᠭᠡᠷ ᠨᠢ ᠬᠦᠮᠦᠨ ᠤ ᠪᠡᠶ᠎ᠡ ᠳᠤ ᠬᠤᠤᠷᠳᠠᠢ ᠪᠠᠶᠢᠳᠠᠭ᠃ ᠪᠤᠳᠤᠬᠲᠠᠢ ᠹᠠᠯᠠᠨ ᠰᠠᠪᠠᠨ ᠳᠤ | ᠬᠦᠴᠢᠯᠯᠢᠭ ᠴᠢᠨᠠᠷᠲᠠᠢ ᠢᠳᠡᠭᠡᠨ ᠢ ᠰᠠᠪᠠᠯᠠᠵᠦ ᠲᠠᠯᠪᠢᠪᠠᠯ᠂ ᠺᠠᠳ᠋ᠮᠢ ᠪᠤᠯᠤᠨ ᠲᠤᠭᠤᠯᠭ᠎ᠠ ᠵᠡᠷᠭᠡ ᠬᠤᠤᠷᠲᠠᠢ ᠪᠤᠳᠠᠰ ᠨᠢ | ᠢᠳᠡᠭᠡᠨ ᠤ ᠲᠤᠳᠤᠷ᠎ᠠ ᠠᠭᠤᠰᠤᠨ ᠤᠷᠤᠵᠦ ᠬᠦᠮᠦᠨ ᠤ ᠪᠡᠶ᠎ᠠ ᠳᠤ ᠤᠳᠠᠭᠠᠨ ᠴᠢᠨᠠᠷᠲᠠᠢ ᠬᠤᠤᠷᠳᠠᠯ ᠢ ᠡᠭᠦᠰᠭᠡᠳᠡᠭ᠃ | | ᠲᠠᠪᠤ᠂ ᠪᠤᠳᠤᠬᠲᠠᠢ ᠱᠠᠭᠠᠵᠠᠩ ᠰᠠᠪᠠᠨ ᠳᠤ ᠬᠦᠴᠢᠯᠯᠢᠭ ᠴᠢᠨᠠᠷᠲᠠᠢ ᠢᠳᠡᠭᠡᠨ ᠢ ᠰᠠᠪᠠᠯᠠᠬᠤ ᠶᠢ ᠴᠡᠭᠡᠷᠯᠡᠬᠦ | ᠬᠡᠷᠡᠭᠲᠡᠢ | ᠡᠯᠳᠡᠪ ᠦᠡᠭᠭᠡ ᠶᠢᠨ ᠱᠠᠭᠠᠵᠠᠩ ᠰᠠᠪᠠᠨ ᠳᠤ ᠢᠳᠡᠭᠡᠨ ᠤᠮᠳᠠᠭᠠᠨ ᠰᠠᠪᠠᠯᠠᠵᠦ ᠢᠳᠡᠭᠦ ᠳᠤ ᠦᠨᠡᠭᠡᠷ ᠰᠠᠶᠢᠬᠠᠨ | ᠪᠤᠯᠪᠠᠴᠤ ᠨᠢᠭᠤᠬᠳᠠᠵᠦ ᠪᠠᠶᠢᠭ᠎ᠠ ᠲᠠᠯᠳᠠ ᠬᠤᠤᠷ ᠢ ᠨᠢ ᠮᠡᠳᠡᠬᠦ ᠬᠦᠮᠦᠨ ᠴᠦᠭᠡᠨ ᠪᠠᠶᠢᠳᠠᠭ᠃ ᠸᠠᠭᠠᠷ ᠰᠠᠪᠠ ᠪᠤᠶᠤ | ᠱᠠᠭᠠᠵᠠᠩ ᠰᠠᠪᠠ ᠲᠡᠭᠡᠷᠡᠬᠢ ᠦᠨᠳᠦᠷ ᠲᠤᠯᠠᠭᠠᠨ ᠢᠶᠠᠷ ᠬᠢᠭᠰᠡᠨ ᠪᠤᠶᠤ ᠲᠤᠤᠷ᠎ᠠ ᠲᠤᠯᠠᠭᠠᠨ ᠢᠶᠠᠷ ᠬᠢᠭᠰᠡᠨ ᠦᠡᠭᠭᠡᠲᠦ | ᠹᠠᠯᠠᠨ ᠨᠢ ᠪᠦᠷ ᠬᠤᠤᠷᠲᠠᠢ ᠬᠦᠨᠲᠦ ᠲᠡᠮᠦᠷᠯᠢᠭ ᠪᠤᠶᠤ ᠪᠤᠰᠤᠳ ᠨᠢᠭᠡᠳᠪᠦᠷᠢ ᠪᠠᠷ ᠪᠦᠷᠢᠯᠳᠦᠭᠰᠡᠨ ᠪᠤᠳᠤᠬᠲᠦ ᠡᠳ᠋ | ᠪᠤᠯᠤᠨ᠎ᠠ᠂ ᠦᠡᠭᠭᠡᠲᠦ ᠹᠠᠯᠠᠨ ᠤ ᠲᠤᠳᠤᠷᠠᠭᠢ ᠤᠯᠠᠭᠠᠨ ᠦᠡᠭᠭᠡ ᠶᠢᠨ ᠤᠯᠠᠩᠭᠢ ᠨᠢ ᠺᠠᠳ᠋ᠮᠢ ᠠᠭᠤᠯᠤᠬᠳᠠᠬᠰᠠᠨ | ᠨᠢᠭᠡᠳᠪᠦᠷᠢ ᠪᠤᠳᠠᠰ ᠪᠤᠯᠤᠨ᠎ᠠ᠂ ᠰᠦᠨ ᠰᠢᠷ᠎ᠠ ᠦᠡᠭᠭᠡ ᠶᠢᠨ ᠲᠤᠳᠤᠷ᠎ᠠ ᠢᠰᠦᠯᠳᠦᠭᠰᠡᠨ ᠲᠤᠭᠤᠯᠭ᠎ᠠ ᠠᠭᠤᠯᠤᠬᠳᠠᠵᠦ᠂ | ᠤᠭ᠍ᠶᠦ ᠨᠤᠭᠤᠭᠠᠨ ᠦᠡᠭᠭᠡ ᠶᠢᠨ ᠲᠤᠳᠤᠷ᠎ᠠ ᠾᠷᠦᠮ ᠠᠭᠤᠯᠤᠬᠳᠠᠵᠦ ᠪᠠᠶᠢᠳᠠᠭ᠃ ᠡᠶᠢᠮᠦ ᠱᠠᠭᠠᠵᠠᠩ ᠹᠠᠯᠠᠨ | ᠬᠡᠷᠡᠭᠰᠡᠯ ᠲᠤᠳᠤᠷ᠎ᠠ ᠵᠢᠮᠢᠰ ᠤᠨ ᠰᠢᠭᠦᠰᠦ᠂ ᠼᠤᠤ᠂ ᠠᠷᠢᠬᠢ ᠵᠡᠷᠭᠡ ᠰᠤᠯᠠ ᠬᠦᠴᠢᠯᠯᠢᠭ ᠴᠢᠨᠠᠷᠲᠠᠢ ᠢᠳᠡᠭᠡᠨ | ᠰᠠᠪᠠᠯᠠᠪᠠᠯ᠂ ᠪᠤᠳᠤᠬᠲᠠᠢ ᠱᠠᠭᠠᠵᠠᠩ ᠹᠠᠯᠠᠨ ᠲᠤᠳᠤᠷᠠᠬᠢ ᠬᠤᠤᠷᠲᠠᠢ ᠬᠦᠨᠲᠦ ᠲᠡᠮᠦᠷᠯᠢᠭ ᠨᠢ ᠠᠭᠤᠰᠴᠤ᠂ ᠢᠳᠡᠭᠡᠨ ᠢ | ᠲᠠᠭᠠᠵᠦ ᠬᠦᠮᠦᠨ ᠤ ᠪᠠᠶ᠎ᠠ ᠳᠤ ᠤᠷᠤᠵᠦ ᠬᠤᠤᠷᠳᠠᠬᠳᠠᠭᠤᠯᠬᠤ ᠪᠤᠯᠤᠨ᠎ᠠ᠂ ᠵᠠᠷᠢᠮ ᠨᠢ ᠤᠳᠠᠭᠠᠨ ᠴᠢᠨᠠᠷᠲᠠᠢ ᠬᠤᠤᠷᠳᠠᠯ | ᠡᠭᠦᠰᠭᠡᠵᠦ᠂ ᠺᠠᠳ᠋ᠮᠢ ᠳᠤ ᠬᠤᠤᠷᠳᠠᠬᠳᠠᠪᠠᠯ ᠠᠭᠤᠰᠬᠢ ᠪᠤᠯᠤᠨ ᠶᠠᠰᠤ ᠶᠢ ᠭᠡᠮᠳᠦᠭᠡᠨ᠎ᠠ︔ ᠲᠤᠭᠤᠯᠭ᠎ᠠ ᠳᠤ | ᠬᠤᠤᠷᠳᠠᠬᠳᠠᠪᠠᠯ ᠴᠢᠰᠤ ᠲᠤᠳᠠᠬᠤ ᠪᠤᠶᠤ ᠮᠡᠳᠡᠷᠡᠯ ᠮᠠᠭᠤᠳᠠᠬᠤ᠂ ᠴᠢᠮᠦᠭᠡ ᠶᠢᠨ ᠨᠡᠮᠡᠭᠳᠡᠯ ᠢ ᠬᠠᠷᠰᠢᠯᠠᠬᠤ ᠵᠡᠷᠭᠡ ᠭᠡᠮ | ᠤᠯᠬᠤ ᠪᠤᠯᠤᠨ᠎ᠠ᠃ ᠡᠶᠢᠮᠦ ᠠᠴᠠ ᠪᠤᠳᠤᠬᠳᠠᠢ ᠸᠠᠭᠠᠷ᠂ ᠪᠤᠳᠤᠬᠲᠠᠢ ᠱᠠᠭᠠᠵᠠᠩ ᠵᠡᠷᠭᠡ ᠬᠤᠭᠤᠯᠠᠨ ᠬᠡᠷᠡᠭᠰᠡᠯ᠂ | ᠤᠨᠴᠠᠭᠠᠢᠢᠯᠠᠨ ᠰᠡᠪᠠ ᠶᠢᠨ ᠲᠤᠳᠤᠷ᠎ᠠ ᠬᠠᠨ᠎ᠠ ᠲᠡᠭᠡᠷ᠎ᠡ ᠪᠤᠳᠤᠬᠲᠠᠢ ᠹᠠᠯᠠᠨ ᠵᠢᠷᠤᠭ ᠲᠦᠷᠰᠦ ᠲᠠᠢ ᠬᠤᠭᠤᠯᠠᠨ | ᠬᠡᠷᠡᠭᠰᠡᠯ ᠢ ᠬᠡᠷᠡᠭᠯᠡᠬᠦ ᠦᠭᠡᠢ ᠪᠠᠶᠢᠬᠤ ᠬᠡᠷᠡᠭᠲᠡᠢ᠃ | ᠵᠢᠷᠭᠤᠭ᠎ᠠ᠂ ᠵᠢᠪᠡᠷᠡᠬᠦ ᠦᠭᠡᠢ ᠪᠤᠯᠤᠳ ᠲᠤᠭᠤᠭ᠎ᠠ ᠪᠤᠶᠤ ᠲᠡᠮᠦᠷ ᠲᠤᠭᠤᠭ᠎ᠠ ᠲᠤᠳᠤᠷ᠎ᠠ ᠬᠢᠳᠠᠳ ᠡᠮ | ᠴᠢᠨᠠᠬᠤ ᠶᠢ ᠴᠡᠭᠡᠷᠯᠡᠬᠦ ᠬᠡᠷᠡᠭᠲᠡᠢ | ᠬᠢᠳᠠᠳ ᠡᠮ ᠤᠨ ᠲᠤᠳᠤᠷ᠎ᠠ ᠶᠡᠭᠡ ᠤᠯᠠᠨ ᠠᠮᠢᠳᠤ ᠪᠤᠳᠠᠰ ᠤᠨ ᠱᠦᠯᠲᠦ ᠪᠤᠯᠤᠨ ᠡᠯ᠎ᠡ ᠲᠦᠷᠦᠯ ᠤᠨ ᠠᠮᠢᠳᠤ | ᠪᠤᠳᠠᠰ ᠬᠢᠮᠢ ᠶᠢᠨ ᠪᠤᠳᠠᠰ ᠠᠭᠤᠯᠤᠬᠳᠠᠵᠦ ᠪᠠᠶᠢᠳᠠᠭ᠂ ᠤᠨᠴᠠᠭᠠᠢᠢᠯᠠᠨ ᠬᠠᠯᠠᠭᠠᠬᠤ ᠨᠦᠭᠦᠴᠡᠯ ᠲᠤᠤᠷ᠎ᠠ᠂ ᠵᠢᠪᠡᠷᠡᠬᠦ | ᠦᠭᠡᠢ ᠪᠤᠯᠤᠳ ᠪᠤᠶᠤ ᠲᠠᠮᠤᠷ ᠲᠠᠢ ᠤᠯᠠᠨ ᠵᠦᠢᠯ ᠤᠨ ᠬᠢᠮᠢ ᠶᠢᠨ ᠤᠷᠪᠠᠯ ᠡᠭᠦᠰᠴᠤ᠂ ᠡᠮ ᠤᠨ ᠦᠢᠯᠡᠳᠦᠯ ᠢ ᠦᠭᠡᠢ | ᠪᠤᠯᠭᠠᠬᠤ ᠪᠦᠭᠡᠳ ᠨᠢᠭᠡ ᠬᠡᠮᠵᠢᠶᠡᠨ ᠤ ᠬᠤᠤᠷᠲᠦ ᠴᠢᠨᠠᠷ ᠡᠭᠦᠰᠭᠡᠭᠦ ᠪᠤᠯᠤᠨ᠎ᠠ᠃ | ᠲᠤᠯᠤᠭ᠎ᠠ᠂ ᠰᠤᠨᠢᠨ ᠦᠨᠦᠷᠲᠡᠢ ᠮᠤᠳᠤᠨ ᠮᠠᠲ᠋ᠧᠷᠢᠶᠠᠯ ᠢᠶᠠᠷ ᠨᠤᠭᠤᠭ᠎ᠠ ᠭᠡᠷᠴᠢᠬᠦ ᠠᠮᠪᠠᠨ ᠬᠢᠬᠦ ᠶᠢ ᠴᠡᠭᠡᠷᠯᠡᠬᠦ | ᠬᠡᠷᠡᠭᠲᠡᠢ | ᠠᠷᠠᠳ ᠤᠨ ᠲᠤᠮᠳᠠ ᠠᠮᠪᠠᠨ ᠬᠢᠵᠦ ᠪᠠᠶᠢᠭ᠎ᠠ ᠮᠤᠳᠤᠨ ᠮᠠᠲ᠋ᠧᠷᠢᠶᠠᠯ ᠤᠳ ᠢ ᠳᠤᠷᠠᠳᠪᠠᠯ ᠮᠦᠡᠭᠭᠦᠨ | ᠬᠦᠢᠯᠡᠰᠦᠨ ᠮᠤᠳᠤ᠂ ᠦᠭᠡᠷ ᠰᠤᠨᠳᠤᠤ ᠮᠤᠳᠤ᠂ ᠬᠤᠰᠤ ᠮᠤᠳᠤ ᠪᠤᠶᠤ ᠤᠳᠠ ᠮᠤᠳᠤ ᠵᠡᠷᠭᠡ ᠪᠠᠭᠳᠠᠨ᠎ᠠ᠃ ᠭᠡᠳᠡᠯ᠎ᠠ | ᠵᠠᠷᠢᠮ ᠪᠠᠭᠳᠠᠷ ᠴᠠᠢ ᠶᠢᠨ ᠮᠤᠳᠤ ᠵᠡᠷᠭᠡ ᠨᠢ ᠦᠮᠡᠭᠡᠢ ᠦᠨᠦᠷ ᠲᠠᠢ ᠪᠦᠭᠡᠳ ᠬᠤᠤᠷᠲᠦ ᠪᠤᠳᠠᠰ ᠠᠭᠤᠯᠤᠬᠳᠠᠵᠦ | ᠪᠠᠶᠢᠳᠠᠭ᠃ ᠪᠠᠭᠳᠠᠷ ᠴᠠᠢ ᠶᠢᠨ ᠮᠤᠳᠤ ᠪᠠᠷ ᠠᠮᠪᠠᠨ ᠬᠢᠪᠠᠯ ᠨᠤᠭᠤᠭ᠎ᠠ ᠵᠠᠭᠤᠰᠢ ᠶᠢ ᠪᠤᠬᠢᠷᠳᠤᠭᠤᠯᠬᠤ ᠮᠦᠷᠲᠡᠭᠡᠨ᠂ | ᠠᠮᠠᠷᠬᠠᠨ ᠪᠦᠭᠡᠯᠵᠢᠰᠦ ᠭᠦᠷᠬᠦ᠂ ᠲᠤᠯᠤᠭᠠᠢ ᠲᠦᠨᠡᠷᠡᠭᠦ᠂ ᠭᠡᠳᠡᠰᠦ ᠡᠪᠡᠳᠬᠦ ᠵᠡᠷᠭᠡ ᠢᠯᠡᠷᠡᠯ ᠡᠭᠦᠰᠭᠡᠳᠡᠭ᠃ | ᠨᠠᠢᠮᠠ᠂ ᠰᠢᠷ ᠲᠦᠷᠬᠢᠭᠰᠡᠨ ᠪᠤᠶᠤ ᠴᠤᠭᠤᠯᠪᠦᠷᠢ ᠰᠡᠶᠢᠯᠦᠭᠰᠡᠨ ᠬᠤᠯᠤᠰᠤᠨ ᠰᠠᠪᠬ᠎ᠠ ᠶᠢ ᠵᠠᠷᠤᠬᠤ ᠦᠭᠡᠢ | ᠪᠠᠶᠢᠬᠤ ᠬᠡᠷᠡᠭᠲᠡᠢ | ᠰᠠᠪᠬ᠎ᠠ ᠶᠢᠨ ᠲᠡᠭᠡᠷ᠎ᠡ ᠲᠦᠷᠬᠢᠭᠰᠡᠨ ᠰᠢᠷ ᠨᠢ ᠲᠤᠭᠤᠯᠭ᠎ᠠ᠂ ᠪᠧᠨ᠋ᠽᠸᠠ ᠵᠡᠷᠭᠡ ᠬᠢᠮᠢ ᠶᠢᠨ ᠪᠤᠳᠠᠰ ᠨᠢ | ᠬᠦᠮᠦᠨ ᠤ ᠪᠡᠶ᠎ᠡ ᠶᠢᠨ ᠡᠷᠡᠭᠦᠯ ᠮᠡᠨᠲᠦ ᠳᠤ ᠠᠰᠢᠭ ᠦᠭᠡᠢ ᠪᠦᠭᠡᠳ᠂ ᠬᠠᠯᠠᠭᠤᠨ ᠲᠠᠢ ᠤᠴᠠᠷᠠᠬᠰᠠᠭᠠᠷ ᠰᠤᠨᠢᠨ | ᠦᠨᠦᠷ ᠭᠠᠷᠴᠤ ᠢᠳᠡᠭᠡᠨ ᠤ ᠲᠤᠷᠠᠰᠢᠯ ᠢ ᠮᠠᠭᠤᠳᠠᠭᠤᠯᠳᠠᠭ᠃ ᠴᠤᠭᠤᠯᠪᠦᠷᠢ ᠰᠡᠶᠢᠯᠦᠭᠰᠡᠨ ᠬᠤᠯᠤᠰᠤᠨ ᠰᠠᠪᠬ᠎ᠠ ᠨᠢ | ᠦᠵᠡᠬᠦ ᠳᠤ ᠭᠤᠶᠤ ᠪᠤᠯᠪᠠᠴᠤ ᠠᠮᠠᠷᠬᠠᠨ ᠭᠭᠢᠷ ᠪᠤᠷᠳᠠᠭ ᠴᠤᠬᠯᠠᠷᠠᠵᠦ ᠤᠬᠢᠶᠠᠵᠦ ᠴᠡᠪᠡᠷᠯᠡᠬᠦ ᠳᠤ ᠲᠦᠭᠦᠮ ᠦᠭᠡᠢ᠂ | ᠪᠡᠺᠲ᠋ᠧᠷᠢ ᠶᠢ ᠦᠷᠡᠵᠢᠭᠦᠯᠵᠦ ᠡᠪᠡᠳᠴᠢᠨ ᠡᠭᠦᠰᠭᠡᠬᠦ ᠪᠤᠯᠤᠨ᠎ᠠ᠃ | ᠶᠢᠰᠦ᠂ ᠡᠯ᠎ᠡ ᠵᠦᠢᠯ ᠤᠨ ᠬᠡ ᠦᠡᠭᠭᠡ ᠲᠠᠢ ᠱᠠᠭᠠᠵᠠᠩ ᠰᠠᠪᠠᠨ ᠳᠤ ᠠᠮᠳᠠ ᠤᠷᠤᠭᠤᠯᠬᠤ ᠡᠳ᠋ ᠢ | ᠰᠠᠪᠠᠯᠠᠬᠤ ᠶᠢ ᠴᠡᠭᠡᠷᠯᠡᠬᠦ ᠬᠡᠷᠡᠭᠲᠡᠢ | ᠠᠮᠳᠠ ᠤᠷᠤᠭᠤᠯᠬᠤ ᠡᠳ᠋ ᠢ ᠬᠠᠮᠤᠭ ᠰᠠᠶᠢᠨ ᠨᠢ ᠰᠢᠯ ᠰᠠᠪᠠᠨ ᠳᠤ ᠰᠠᠪᠠᠯᠠᠬᠤ ᠬᠡᠷᠡᠭᠲᠡᠢ᠂ ᠬᠡ ᠦᠡᠭᠭᠡ ᠲᠠᠢ | ᠱᠠᠭᠠᠵᠠᠩ ᠰᠠᠪᠠ ᠨᠢ ᠲᠤᠭᠤᠯᠭ᠎ᠠ ᠵᠡᠷᠭᠡ ᠤᠮᠠᠨ ᠡᠭᠦᠰᠭᠡᠬᠦ ᠪᠤᠳᠠᠰ ᠠᠭᠤᠯᠤᠬᠳᠠᠵᠦ ᠪᠠᠶᠢᠳᠠᠭ᠃ ᠬᠡ ᠦᠡᠭᠭᠡ ᠶᠢᠨ | ᠬᠠᠭᠤᠴᠢᠷᠠᠵᠦ ᠤᠨᠠᠬᠤ ᠶᠢ ᠲᠠᠭᠠᠯᠳᠤᠨ᠂ ᠵᠢᠷᠤᠭ ᠲᠦᠷᠰᠦ ᠶᠢᠨ ᠪᠤᠳᠤᠬᠲᠦ ᠡᠳ᠋ ᠲᠤᠳᠤᠷᠠᠬᠢ ᠷᠠᠳᠤᠨ ᠨᠢ | ᠢᠳᠡᠭᠡᠨ ᠢ ᠪᠤᠬᠢᠷᠳᠤᠭᠤᠯᠵᠦ᠂ ᠬᠦᠮᠦᠨ ᠤ ᠪᠡᠶ᠎ᠠ ᠶᠢ ᠬᠤᠤᠷᠳᠠᠭᠤᠯᠬᠤ ᠪᠤᠯᠤᠨ᠎ᠠ᠃ |