ᠰᠢᠨᠬᠤᠧᠠ ᠬᠤᠷᠢᠶ᠎ᠠ ᠪᠡᠭᠡᠵᠢᠩ ᠤᠨ 12 ᠰᠠᠷ᠎ᠠ ᠶᠢᠨ 15 ᠤ ᠡᠲᠦᠷ ᠤᠨ ᠴᠠᠬᠢᠯᠭᠠᠨ ᠮᠡᠲᠡᠭᠡ | ᠠᠮᠧᠷᠢᠺᠠ ᠶᠢᠨ ᠺᠠᠨᠰᠠᠰ ᠶᠡᠭᠡ ᠰᠤᠷᠭᠠᠭᠤᠯᠢ ᠶᠢᠨ ᠤᠢᠢᠷ᠎ᠠ ᠳᠤ ᠨᠡᠶᠢᠲᠡᠯᠡᠭᠰᠡᠨ ᠨᠢᠭᠡ ᠰᠤᠲᠤᠯᠭᠠᠨ ᠳᠤ | ᠨᠤᠲᠠᠯᠠᠭᠰᠠᠨ ᠢᠶᠠᠷ ᠰᠢᠬᠢᠷ ᠬᠡᠲᠦ ᠤᠯᠠᠨ ᠢᠲᠡᠬᠦ ᠨᠢ ᠰᠡᠳᠬᠢᠯ ᠤᠨ ᠲᠠᠷᠤᠯᠲᠠ ᠶᠢ ᠤᠯᠠᠮ ᠨᠡᠮᠡᠭᠲᠡᠬᠦᠯᠬᠦ ᠪᠤᠯᠤᠨ᠎ᠠ | ᠭᠡᠵᠡᠢ᠃ | ᠺᠠᠨᠰᠠᠰ ᠶᠡᠭᠡ ᠰᠤᠷᠭᠠᠭᠤᠯᠢ ᠶᠢᠨ ᠰᠤᠲᠤᠯᠭᠠᠲᠠᠨ ᠠᠴᠠ ᠨᠡᠢᠲᠡᠯᠡᠭᠰᠡᠨ ᠰᠤᠨᠢᠨ ᠮᠡᠲᠡᠭᠡᠨ ᠤ ᠡᠬᠡ | ᠪᠢᠴᠢᠭ ᠲᠡᠭᠡᠨ᠂ ᠡᠪᠦᠯ ᠤᠨ ᠤᠯᠠᠷᠢᠯ ᠪᠤᠯ ᠰᠡᠳᠬᠢᠯ ᠤᠨ ᠬᠢᠮᠤᠷᠠᠯ ᠠᠮᠠᠷᠬᠠᠨ ᠬᠦᠲᠡᠯᠬᠦ ᠴᠠᠭ ᠪᠤᠯᠬᠤ ᠶᠤᠮ᠃ | ᠡᠪᠦᠯ ᠤᠨ ᠤᠯᠠᠷᠢᠯ ᠳᠤ ᠨᠠᠷᠠᠨ ᠤ ᠲᠤᠰᠤᠯᠲᠠ ᠪᠠᠭᠠᠰᠤᠭᠰᠠᠨ ᠠᠴᠠ ᠪᠤᠯᠵᠤ ᠬᠦᠮᠦᠰ ᠤᠨ ᠡᠲᠦᠷ ᠰᠦᠨᠢ ᠶᠢᠨ | ᠠᠶᠢᠵᠠᠮ ᠢ ᠰᠠᠮᠠᠭᠤᠷᠠᠭᠤᠯᠤᠨ ᠤᠨᠲᠠᠯᠭ᠎ᠠ ᠶᠢ ᠨᠦᠯᠦᠭᠡᠯᠡᠲᠡᠭ᠃ ᠰᠡᠳᠬᠢᠯ ᠤᠨ ᠬᠢᠮᠤᠷᠠᠯ ᠲᠠᠢ ᠬᠦᠮᠦᠨ ᠰᠢᠬᠢᠷᠯᠢᠭ | ᠢᠲᠡᠭᠡᠨ ᠢᠲᠡᠬᠦ ᠨᠢ ᠤᠬᠤᠷᠬᠠᠨ ᠬᠤᠭᠤᠴᠠᠭᠠᠨ ᠳᠤ ᠤᠷᠮ᠎ᠠ ᠰᠡᠳᠬᠢᠯ ᠢ ᠨᠢ ᠬᠤᠪᠢᠷᠠᠭᠤᠯᠬᠤ ᠪᠤᠯᠪᠠᠴᠤ ᠤᠷᠲᠤ | ᠬᠤᠭᠤᠴᠠᠭᠠᠨ ᠳᠤ ᠰᠡᠳᠬᠢᠴᠡ ᠶᠢᠨ ᠡᠷᠡᠬᠦᠯ ᠮᠡᠨᠳᠦ ᠳᠤ ᠰᠦᠷᠬᠦ ᠨᠦᠯᠦᠭᠡ ᠪᠤᠯᠲᠠᠭ ᠭᠡᠵᠡᠢ᠃ | ᠣᠶᠢᠷ᠎ᠠ ᠳᠤ ᠰᠤᠲᠤᠯᠭᠠᠲᠠᠳ ᠠᠴᠠ ᠠᠩᠭ᠍ᠯᠢ ᠶᠢᠨ ︽ᠡᠮᠨᠡᠯᠭᠡ ᠶᠢᠨ ᠤᠬᠠᠭᠠᠨ ᠤ ᠲᠠᠭᠠᠮᠠᠭ︾ ᠰᠡᠳᠬᠦᠯ ᠳᠤ | ᠬᠤᠯᠪᠤᠭᠲᠠᠯ ᠪᠦᠬᠦᠢ ᠦᠬᠦᠯᠡᠯ ᠨᠡᠶᠢᠲᠡᠯᠡᠪᠡ᠃ ᠲᠡᠲᠡᠨᠦᠰ ᠰᠢᠬᠢᠷ ᠢᠲᠡᠭᠰᠡᠨ ᠠᠴᠠ ᠪᠤᠯᠵᠤ ᠪᠢᠤᠯᠤᠬᠢ ᠪᠤᠯᠤᠨ | ᠰᠡᠳᠬᠢᠴᠡ ᠳᠤ ᠦᠵᠡᠬᠦᠯᠬᠦ ᠨᠦᠯᠦᠭᠡᠨ ᠤ ᠲᠤᠬᠠᠢ ᠵᠠᠲᠠᠯᠤᠨ ᠰᠢᠨᠵᠢᠯᠡᠵᠦ᠂ ᠬᠡᠲᠦ ᠤᠯᠠᠨ ᠢᠲᠡᠭᠰᠡᠨ ᠠᠴᠠ ᠪᠤᠯᠵᠤ | ᠠᠮᠠᠷᠬᠠᠨ ᠡᠪᠡᠳᠴᠢᠨ ᠢᠯᠡᠷᠡᠨ᠂ ᠡᠪᠡᠳᠴᠢᠨ ᠲᠠᠢ ᠬᠤᠯᠪᠤᠭ᠎ᠠ ᠲᠠᠢ ᠵᠠᠷᠢᠮ ᠬᠤᠷᠮᠤᠨ ᠨᠢ ᠶᠡᠭᠡ ᠲᠠᠷᠢᠬᠢ ᠶᠢ | ᠬᠢᠮᠤᠷᠠᠯ ᠲᠠᠢ ᠪᠠᠢᠲᠠᠯ ᠳᠤ ᠤᠷᠤᠭᠤᠯᠲᠠᠭ ᠭᠡᠵᠤ ᠵᠠᠲᠠᠯᠤᠨ ᠰᠢᠨᠵᠢᠯᠡᠪᠡ᠃ |