1. ᠬᠠᠳᠤᠯᠠᠩ ᠤᠨ ᠭᠠᠵᠠᠷ ᠳᠡᠭᠡᠷᠡᠬᠢ ᠴᠢᠯᠠᠭᠤ᠂ ᠰᠢᠷᠤᠢ ᠶᠢᠨ ᠣᠪᠣᠭ᠎ᠠ᠂ ᠪᠤᠲᠠ ᠮᠤᠳᠤ᠂ ᠮᠤᠳᠤᠨ | ᠬᠤᠵᠢᠰᠦ ᠵᠡᠷᠭᠡ ᠶᠢ ᠴᠡᠪᠡᠷᠯᠡᠵᠦ᠂ ᠬᠠᠳᠤᠯᠠᠩ ᠪᠡᠯᠴᠢᠭᠡᠷ ᠢ ᠪᠢᠲᠡᠭᠦᠮᠵᠢᠯᠡᠨ ᠤᠷᠭᠤᠭᠤᠯᠤᠨ᠎ᠠ᠃ | 2. ᠬᠠᠳᠤᠯᠠᠩ ᠢ ᠤᠰᠤᠯᠠᠬᠤ᠂ ᠴᠠᠰᠦ ᠴᠤᠭᠯᠠᠭᠤᠯᠬᠤ᠂ ᠤᠰᠤ ᠶᠢ ᠭᠠᠳᠠᠭᠰᠢᠯᠠᠭᠤᠯᠬᠤ᠂ ᠤᠰᠤᠨ ᠤ ᠡᠬᠢ | ᠰᠤᠷᠪᠤᠯᠵᠢ ᠶᠢ ᠨᠡᠬᠡᠬᠡᠨ ᠠᠰᠢᠭᠯᠠᠬᠤ ᠶᠢ ᠠᠩᠬᠠᠷᠴᠦ᠂ ᠬᠠᠳᠤᠯᠠᠩ ᠤᠨ ᠤᠰᠤᠨ ᠤ ᠪᠠᠶᠢᠳᠠᠯ ᠢ ᠰᠠᠶᠢᠵᠢᠷᠠᠭᠤᠯᠬᠤ ᠪᠠ | ᠲᠤᠬᠢᠷᠠᠭᠤᠯᠤᠨ᠎ᠠ᠃ | 3. ᠬᠦᠷᠦᠰᠦ ᠶᠢ ᠰᠤᠯᠠᠷᠠᠭᠤᠯᠬᠤ᠂ ᠬᠦᠶᠦᠬᠡᠨ ᠤᠷᠪᠠᠭᠤᠯᠵᠤ ᠨᠠᠷᠠᠭᠳᠠᠬᠤ᠂ ᠬᠦᠷᠦᠰᠦ ᠶᠢ ᠰᠤᠯᠠᠷᠠᠭᠤᠯᠵᠦ | ᠦᠨᠳᠦᠰᠦ ᠶᠢ ᠳᠠᠰᠤᠳᠠᠬᠤ ᠮᠡᠲᠦ ᠶᠢᠨ ᠠᠷᠭ᠎ᠠ ᠪᠠᠷ ᠬᠦᠷᠦᠰᠦ ᠰᠢᠷᠦᠢ ᠶᠢᠨ ᠬᠡᠢ ᠠᠭᠠᠷ ᠨᠡᠪᠲᠡᠷᠡᠬᠦ ᠨᠦᠬᠦᠴᠡᠯ ᠢ | ᠰᠠᠶᠢᠵᠢᠷᠠᠭᠤᠯᠤᠨ᠎ᠠ᠃ | 4. ᠤᠷᠭᠠᠨᠢᠭ ᠪᠤᠷᠳᠤᠭᠤᠷ᠂ ᠤᠷᠭᠠᠨᠢᠭ ᠪᠤᠰᠤ ᠪᠤᠷᠳᠤᠭᠤᠷ ︵ᠬᠢᠮᠢ ᠶᠢᠨ ᠪᠤᠷᠳᠤᠭᠤᠷ︶᠂ ᠪᠢᠴᠢᠯ | ᠡᠯᠧᠮᠧᠨ᠋ᠲ ᠠᠭᠤᠯᠤᠭᠰᠠᠨ ᠪᠤᠷᠳᠤᠭᠤᠷ ᠢ ᠬᠡᠷᠡᠭᠯᠡᠵᠦ᠂ ᠬᠦᠷᠦᠰᠦ ᠰᠢᠷᠤᠢ ᠳᠤ ᠰᠢᠮ᠎ᠡ ᠲᠡᠵᠢᠭᠡᠯ ᠨᠦᠬᠦᠪᠦᠷᠢᠯᠡᠨ | ᠬᠠᠳᠤᠯᠠᠩ ᠤᠨ ᠤᠷᠭᠤᠴᠠ ᠶᠢ ᠰᠠᠶᠢᠵᠢᠷᠠᠭᠤᠯᠤᠨ᠎ᠠ᠃ | 5. ᠬᠠᠳᠤᠯᠠᠩ ᠲᠠᠬᠢ ᠮᠠᠯ ᠲᠤ ᠬᠤᠤᠷᠲᠠᠢ᠂ ᠬᠦᠨᠦᠬᠡᠯᠳᠡᠢ ᠤᠷᠭᠤᠮᠠᠯ ᠢ ᠰᠡᠷᠭᠡᠶᠢᠯᠡᠨ ᠠᠷᠢᠯᠭᠠᠬᠤ ᠬᠡᠷᠡᠭᠳᠡᠢ᠃ | | 6. ᠭᠠᠵᠠᠷ ᠤᠷᠤᠨ ᠳᠠᠭᠠᠨ ᠲᠤᠬᠢᠷᠠᠭᠰᠠᠨ ᠰᠢᠯᠢᠳᠡᠭ ᠴᠢᠨᠠᠷᠲᠠᠢ ᠲᠡᠵᠢᠭᠡᠯ ᠡᠪᠡᠰᠦᠨ ᠤ ᠦᠷ᠎ᠠ ᠶᠢ ᠰᠤᠩᠭᠤᠵᠦ | ᠂ ᠰᠢᠭᠤᠳ ᠲᠠᠷᠢᠬᠤ ᠮᠠᠰᠢᠨ ᠢᠶᠠᠷ ᠲᠠᠷᠢᠬᠤ ᠪᠤᠶᠤ ᠨᠦᠬᠦᠵᠦ ᠲᠠᠷᠢᠬᠤ ᠲᠠᠢ ᠤᠶᠠᠯᠳᠤᠭᠤᠯᠤᠨ ᠪᠤᠷᠳᠤᠭᠤᠷ | ᠤᠷᠤᠭᠤᠯᠵᠦ᠂ ᠬᠠᠳᠤᠯᠠᠩ ᠤᠨ ᠤᠷᠭᠤᠮᠠᠯ ᠤᠨ ᠪᠦᠷᠬᠦᠴᠡ ᠶᠢ ᠰᠠᠶᠢᠵᠢᠷᠠᠭᠤᠯᠤᠨ᠎ᠠ᠃ ᠦᠢᠯᠡᠳᠪᠦᠷᠢᠯᠡᠯ ᠳᠤᠮᠳᠠ | ᠲᠡᠭᠡᠷ᠎ᠡ ᠳᠤᠷᠠᠳᠤᠭᠰᠠᠨ ᠠᠵᠢᠯ ᠤᠨ ᠠᠯᠢ ᠨᠢᠬᠡ ᠶᠢ ᠨᠢ ᠴᠦ ᠤᠮᠳᠤᠭᠠᠶᠢᠯᠠᠵᠦ ᠪᠤᠯᠬᠤ ᠦᠭᠡᠢ᠃ ᠦᠩᠭᠡᠷᠡᠭᠰᠡᠨ ᠰᠢᠭ | ᠠᠰᠢᠭᠯᠠᠬᠤ ᠶᠢ ᠯᠠ ᠮᠡᠳᠡᠭᠡᠳ ᠪᠦᠲᠦᠭᠡᠨ ᠪᠠᠶᠢᠭᠤᠯᠬᠤ ᠶᠢ ᠬᠦᠩᠭᠡᠪᠴᠢᠯᠡᠬᠦ᠂ ᠬᠤᠴᠤᠷᠤᠩᠭᠤᠢ ᠪᠦᠳᠦᠬᠦᠯᠢᠭ | ᠠᠷᠭ᠎ᠠ ᠪᠠᠷ ᠡᠵᠡᠩᠨᠡᠨ ᠬᠠᠮᠢᠶᠠᠷᠬᠤ ᠦᠵᠡᠭᠳᠡᠯ ᠢ ᠦᠳᠲᠡᠷ ᠲᠦᠷᠭᠡᠨ ᠦᠭᠡᠶᠢᠰᠭᠡᠵᠦ᠂ ᠪᠦᠳᠦᠭᠦᠯᠢᠭ | ᠡᠵᠡᠩᠨᠡᠯᠲᠡ ᠠᠴᠠ ᠪᠠᠨ ᠡᠷᠴᠢᠮᠵᠢᠬᠦᠯᠦᠭᠰᠡᠨ ᠡᠵᠡᠩᠨᠡᠯᠲᠡ ᠪᠤᠯᠭᠠᠨ ᠬᠤᠪᠢᠷᠠᠭᠤᠯᠬᠤ ᠬᠡᠷᠡᠭᠳᠡᠢ᠃ |