2021 — 2023 ᠣᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ | ᠲᠤᠰᠬᠠᠶ ᠠᠵᠢᠯ ᠢ ᠰᠠᠶᠢᠲᠤᠷ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢᠨ ᠲᠦᠯᠦᠭᠡ᠂ ︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠶᠢᠨ ᠲᠢᠩᠬᠢᠮ᠂ ᠡᠳ᠋ ᠤᠨ ᠵᠠᠰᠠᠭ ᠤᠨ ᠲᠢᠩᠬᠢᠮ ᠤᠨ | 2021 — 2023 ᠣᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠦᠭᠬᠦ | ᠬᠡᠷᠡᠭᠵᠢᠭᠦᠯᠬᠦ ᠲᠥᠰᠦᠯ︾ ︵ᠥᠪᠥᠷ ᠲᠠᠷᠢᠶᠠᠯᠠᠩ ᠮᠠᠯ ᠠᠵᠤ ᠠᠬᠤᠶ ᠮᠠᠰᠢᠨ ᠲᠠᠷᠬᠠᠭᠠᠭᠰᠠᠨ︹2021︺ 283 | ᠲᠣᠭᠠᠲᠤ︶ ᠤᠨ ᠱᠠᠭᠠᠷᠳᠠᠯᠭ᠎ᠠ ᠶᠢ ᠦᠨᠳᠦᠰᠦᠯᠡᠨ᠂ ᠮᠠᠨ ᠤ ᠬᠤᠰᠢᠭᠤᠨ ᠤ ᠪᠣᠳᠠᠲᠠᠶ ᠪᠠᠶᠢᠳᠠᠯ ᠲᠠᠢ ᠪᠠᠨ | ᠤᠶᠠᠯᠳᠤᠭᠤᠯᠵᠤ᠂ ᠲᠣᠰ ᠲᠥᠰᠦᠯ ᠢ ᠲᠣᠭᠲᠠᠭᠠᠪᠠ᠃ | ᠨᠢᠭᠡ᠂ ᠬᠡᠷᠡᠭᠵᠢᠭᠦᠯᠬᠦ ᠵᠠᠷᠴᠢᠮ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ | ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠬᠤ ᠶᠢ ᠪᠠᠷᠢᠮᠲᠠᠯᠠᠵᠤ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ | ᠪᠣᠯᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ᠂ ᠭᠤᠷᠪᠠᠳᠤᠭᠠᠷ᠂ ᠳᠥᠷᠪᠡᠳᠦᠭᠡᠷ᠂ | ᠲᠠᠪᠤᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ ᠨᠠᠮ ᠤᠨ ᠲᠥᠪ | ᠬᠤᠷᠢᠶᠠᠨ ᠤ ︽ᠬᠥᠳᠡᠭᠡ ᠠᠵᠤ ᠠᠬᠤᠢ ᠬᠥᠳᠡᠭᠡ ᠲᠣᠰᠬᠤᠨ ᠲᠠᠷᠢᠶᠠᠴᠢᠨ︾ ᠤ ᠠᠵᠢᠯ ᠤᠨ ᠰᠢᠢᠳᠪᠦᠷᠢᠲᠦ | ᠪᠤᠳᠤᠯᠭ᠎ᠠ ᠶᠢᠨ ᠪᠠᠶᠢᠷᠢᠯᠠᠭᠤᠯᠤᠯᠲᠠ ᠪᠠ ︽ᠬᠥᠳᠡᠭᠡ ᠠᠵᠤ ᠠᠬᠤᠢ ᠶᠢᠨ ᠮᠠᠰᠢᠨᠴᠢᠯᠠᠯᠲᠠ ᠪᠣᠯᠤᠨ ᠬᠥᠳᠡᠭᠡ ᠠᠵᠤ | ᠠᠬᠤᠢ ᠶᠢᠨ ᠮᠠᠰᠢᠨ ᠲᠦᠭᠦᠭᠡᠷᠣᠮᠵᠢ ᠶᠢᠨ ᠠᠵᠤ ᠦᠢᠯᠡᠰ ᠤᠨ ᠬᠡᠯᠪᠡᠷᠢ ᠶᠢ ᠬᠤᠪᠢᠷᠠᠭᠤᠯᠤᠨ ᠲᠡᠰ ᠳᠡᠪᠰᠢᠬᠦᠯᠬᠦ ᠶᠢ | ᠲᠦᠷᠭᠡᠳᠬᠡᠨ ᠠᠬᠢᠭᠤᠯᠬᠤ ᠲᠤᠬᠠᠢ ᠲᠦᠷᠦ ᠶᠢᠨ ᠶᠠᠪᠤᠳᠠᠯ ᠤᠨ ᠬᠤᠷᠢᠶᠠᠨ ᠤ ᠵᠢᠯᠣᠭᠤᠳᠬᠤ ᠰᠠᠨᠠᠯ︾ ︵ᠲᠦᠷᠦ | ᠲᠠᠷᠬᠠᠭᠠᠭᠰᠠᠨ ︹2018︺ 42 ᠲᠣᠭᠠᠲᠤ︶ ᠤᠨ ᠱᠠᠭᠠᠷᠳᠠᠯᠭ᠎ᠠ ᠶᠢ ᠨᠠᠶᠢᠳᠠᠪᠣᠷᠢᠵᠢᠭᠤᠯᠬᠤ ᠬᠡᠷᠡᠭᠲᠠᠢ᠃ | ᠲᠠᠷᠢᠶᠠᠯᠠᠩ ᠬᠥᠳᠡᠭᠡ ᠲᠣᠰᠬᠤᠨ ᠤ ᠶᠠᠮᠤᠨ᠂ ᠡᠳ᠋ ᠤᠨ ᠵᠠᠰᠠᠭ ᠤᠨ ᠶᠠᠮᠤᠨ ᠪᠠ ᠥᠪᠡᠷᠲᠡᠭᠡᠨ ᠵᠠᠰᠠᠬᠤ ᠣᠷᠣᠨ ᠤ | ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠤᠯᠪᠣᠭᠳᠠᠯ ᠪᠦᠬᠦᠢ ᠱᠠᠭᠠᠷᠳᠠᠯᠭ᠎ᠠ ᠶᠣᠰᠣᠭᠠᠷ᠂ ︽ᠲᠠᠷᠢᠶᠠᠯᠠᠩ ᠮᠠᠯ | ᠠᠵᠤ ᠠᠬᠤᠶ ᠶᠢᠨ ᠮᠠᠰᠢᠨᠴᠢᠯᠠᠯᠲᠠ ᠪᠠ ᠲᠠᠷᠢᠶᠠᠯᠠᠩ ᠤᠨ ᠮᠠᠰᠢᠨ ᠤ ᠠᠵᠤ ᠦᠢᠯᠡᠰ ᠤᠨ ᠬᠡᠯᠪᠡᠷᠢ ᠪᠠᠨ | ᠬᠤᠪᠢᠷᠠᠭᠤᠯᠤᠨ ᠲᠠᠰ ᠳᠡᠪᠰᠢᠬᠦ ᠶᠢ ᠲᠦᠷᠭᠡᠳᠬᠡᠨ ᠠᠬᠢᠭᠤᠯᠬᠤ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠠᠷᠠᠳ ᠤᠨ ᠵᠠᠰᠠᠭ ᠤᠨ ᠣᠷᠳᠣᠨ ᠤ ᠬᠡᠷᠡᠭᠵᠢᠭᠦᠯᠬᠦ ᠰᠠᠨᠠᠯ︾ ︵ᠥᠪᠥᠷ ᠵᠠᠰᠠᠭ ᠲᠠᠷᠬᠠᠭᠠᠭᠰᠠᠨ | ︹2019︺12 ᠲᠣᠭᠠᠲᠤ︶ ᠤᠨ ᠱᠠᠭᠠᠷᠳᠠᠯᠭ᠎ᠠ ᠲᠠᠢ ᠤᠶᠠᠯᠳᠤᠭᠤᠯᠤᠨ᠂ ᠮᠠᠨ ᠤ ᠬᠤᠰᠢᠭᠤᠨ ᠤ ᠮᠠᠯᠴᠢᠳ ᠤᠨ | ᠮᠠᠰᠢᠨᠴᠢᠯᠠᠭᠰᠠᠨ ᠦᠢᠯᠡᠳᠪᠦᠷᠢᠯᠡᠯ ᠤᠨ ᠬᠡᠷᠡᠭᠴᠡᠭᠡ ᠶᠢ ᠬᠠᠩᠭᠠᠬᠤ ᠪᠠᠷ ᠬᠠᠷᠠᠯᠲᠠ ᠪᠣᠯᠭᠠᠵᠤ᠂ ᠲᠥᠷᠥ ᠶᠢᠨ | ᠪᠣᠳᠣᠯᠭ᠎ᠠ ᠶᠢ ᠲᠣᠭᠲᠠᠭᠤᠨ ᠢᠶᠠᠷ ᠬᠡᠷᠡᠭᠵᠢᠭᠦᠯᠵᠦ᠂ ᠦᠷ᠎ᠡ ᠪᠦᠳᠦᠮᠵᠢ ᠶᠢ ᠬᠠᠮᠤᠭ ᠶᠡᠭᠡ ᠳᠤ ᠬᠦᠷᠭᠡᠬᠦ ᠪᠠᠷ ᠭᠤᠣᠯ | ᠱᠣᠭᠤᠮ ᠪᠣᠯᠭᠠᠵᠣ᠂ ᠰᠢᠨ᠎ᠡ ᠬᠥᠭᠵᠢᠯᠲᠡ ᠶᠢᠨ ᠪᠠᠶᠢᠷᠢᠰᠢᠯ ᠢ ᠪᠠᠶᠢᠭᠤᠯᠬᠤ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ | ᠡᠯᠧᠮᠧᠨ᠋ᠲ ᠤᠨ ᠬᠡᠪ ᠤᠨ ᠡᠷᠬᠢᠯᠲᠡ ᠶᠢᠨ ᠬᠢᠵᠠᠭᠠᠷᠯᠠᠯ ᠢ ᠠᠷᠢᠯᠭᠠᠵᠤ᠂ ᠮᠠᠯ ᠠᠵᠤ ᠠᠬᠤᠶ ᠶᠢᠨ ᠮᠠᠰᠢᠨᠴᠢᠯᠠᠭᠰᠠᠨ | ᠬᠥᠭᠵᠢᠯᠲᠡ ᠶᠢ ᠠᠬᠢᠭᠤᠯᠵᠣ᠂ ᠮᠠᠯᠴᠢᠨ ᠤᠨ ᠲᠡᠷᠢᠭᠦᠨ ᠤ ᠲᠣᠬᠢᠷᠠᠮᠵᠢᠲᠠᠢ ᠮᠠᠰᠢᠨ ᠲᠦᠬᠦᠭᠡᠷᠣᠮᠵᠢ ᠬᠤᠳᠠᠯᠳᠤᠨ | ᠠᠪᠴᠤ ᠬᠡᠷᠡᠭᠯᠡᠬᠦ ᠶᠢ ᠳᠡᠮᠵᠢᠵᠣ᠂ ᠮᠠᠯ ᠠᠵᠤ ᠠᠬᠤᠶ ᠶᠢᠨ ᠮᠠᠰᠢᠨᠴᠢᠯᠠᠯᠲᠠ ᠶᠢᠨ ᠴᠢᠨᠠᠷ ᠰᠠᠶᠢᠲᠠᠶ ᠦᠨᠳᠣᠷ ᠦᠷ᠎ᠡ | ᠪᠦᠲᠦᠮᠵᠢᠲᠡᠶ ᠪᠠᠷ ᠬᠡᠯᠪᠡᠷᠢ ᠪᠠᠨ ᠬᠤᠪᠢᠷᠠᠭᠤᠯᠤᠨ ᠲᠠᠰ ᠳᠡᠪᠰᠢᠭᠦᠯᠬᠦ ᠶᠢ ᠬᠥᠲᠥᠯᠦᠨ ᠵᠢᠯᠣᠭᠤᠳᠴᠤ᠂ ᠮᠠᠯ ᠠᠵᠤ | ᠠᠬᠤᠶ ᠶᠢᠨ ᠮᠠᠰᠢᠨᠴᠢᠯᠠᠯᠲᠠ ᠶᠢᠨ ᠠᠵᠣ ᠦᠢᠯᠡᠰ ᠤᠨ ᠬᠡᠯᠬᠢᠶᠡᠰᠣ ᠶᠢᠨ ᠣᠳᠣᠬᠢᠴᠢᠯᠠᠭᠰᠠᠨ ᠬᠢᠷᠢ ᠲᠦᠪᠰᠢᠨ ᠢ | ᠳᠡᠭᠡᠭᠰᠢᠯᠡᠭᠦᠯᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠬᠦ | ᠪᠠ ᠮᠠᠯ ᠠᠵᠤ ᠠᠬᠤᠶ ᠮᠠᠯᠵᠢᠬᠤ ᠣᠷᠣᠨ ᠤ ᠣᠳᠣᠬᠢᠴᠢᠯᠠᠯᠲᠠ ᠶᠢ ᠠᠬᠢᠭᠤᠯᠬᠤ ᠳᠤ ᠪᠠᠲᠤ ᠪᠠᠬᠢ ᠰᠠᠭᠤᠷᠢ ᠶᠢ | ᠳᠠᠯᠪᠢᠬᠤ ᠬᠡᠷᠡᠭᠲᠠᠢ᠃ | ᠬᠤᠶᠠᠷ᠂ ᠬᠡᠷᠡᠭᠵᠢᠭᠦᠯᠬᠦ ᠭᠤᠣᠯᠳᠠᠯᠭ᠎ᠠ | ︵ᠨᠢᠭᠡ︶ ᠭᠠᠷᠤᠯᠲᠠ ᠶᠢ ᠲᠣᠭᠲᠠᠪᠤᠷᠢᠵᠢᠭᠤᠯᠤᠨ ᠬᠠᠩᠭᠠᠯᠭ᠎ᠠ ᠶᠢ ᠪᠠᠲᠤᠯᠠᠬᠤ ᠮᠠᠰᠢᠨ ᠲᠦᠬᠦᠭᠡᠷᠣᠮᠵᠢ ᠶᠢᠨ | ᠬᠠᠩᠭᠠᠯᠭ᠎ᠠ ᠶᠢ ᠳᠣᠪᠣᠶᠢᠯᠭᠠᠬᠤ ᠬᠡᠷᠡᠭᠲᠠᠢ᠃ ᠦᠬᠡᠷ᠂ ᠬᠤᠨᠢ᠂ ᠡᠪᠡᠰᠦ ᠵᠡᠷᠭᠡ ᠴᠢᠬᠤᠯᠠ ᠮᠠᠯᠵᠢᠬᠤ | ᠦᠢᠯᠡᠳᠪᠦᠷᠢᠯᠡᠯ ᠳᠤ ᠬᠡᠷᠡᠭᠰᠡᠬᠦ ᠮᠠᠰᠢᠨ ᠲᠦᠬᠦᠭᠡᠷᠣᠮᠵᠢ ᠶᠢ ᠤᠷᠢᠳᠠᠪᠠᠷ ᠨᠥᠬᠦᠪᠥᠷᠢ ᠥᠭᠬᠦ ᠬᠡᠪᠴᠢᠶᠡᠨ ᠳᠤ | ᠣᠷᠣᠭᠤᠯᠵᠤ᠂ ᠨᠥᠬᠦᠪᠥᠷᠢᠯᠡᠬᠦ ᠶᠣᠰᠣᠲᠠᠶ ᠶᠢ ᠨᠢ ᠪᠦᠬᠦᠨ ᠢ ᠨᠥᠬᠦᠪᠥᠷᠢᠯᠡᠬᠦ ᠬᠡᠷᠡᠭᠲᠡᠶ᠃ ᠮᠠᠨ ᠤ ᠬᠤᠰᠢᠭᠤᠨ ᠤ | ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠮᠠᠯ ᠲᠡᠵᠢᠭᠡᠪᠣᠷᠢ ᠶᠢᠨ ᠢᠯᠭᠠᠳᠠᠰᠣ ᠶᠢ ᠡᠬᠢ ᠪᠠᠶᠠᠯᠢᠭᠵᠢᠭᠤᠯᠤᠨ | ᠠᠰᠢᠭᠯᠠᠬᠤ ᠵᠡᠷᠭᠡ ᠢᠵᠢ ᠪᠦᠷᠢᠳᠣᠭ᠍ᠰᠡᠨ ᠲᠣᠨᠤᠭ ᠲᠥᠬᠦᠭᠡᠷᠦᠮᠵᠢ ᠶᠢ ᠲᠠᠷᠢᠶᠠᠯᠠᠩ ᠤᠨ ᠮᠠᠰᠢᠨ ᠤ ᠰᠢᠨ᠎ᠡ | ᠦᠢᠯᠡᠳᠬᠦᠨ ᠳᠤ ᠨᠥᠬᠦᠪᠥᠷᠢ ᠦᠭᠬᠦ ᠲᠤᠷᠰᠢᠯᠲᠠ ᠶᠢᠨ ᠴᠡᠭ ᠤᠨ ᠬᠡᠪᠴᠢᠶᠡᠨ ᠳᠤ ᠣᠷᠣᠭᠤᠯᠵᠤ᠂ ᠳᠡᠯᠭᠡᠷᠡᠭᠦᠯᠦᠨ | ᠬᠡᠷᠡᠭᠯᠡᠬᠦ ᠠᠯᠬᠤᠴᠠ ᠪᠠᠨ ᠲᠦᠷᠭᠡᠳᠭᠡᠬᠦ ᠭᠡᠷᠡᠭᠲᠠᠢ᠃ | ︵ᠬᠤᠶᠠᠷ︶ ᠲᠠᠷᠢᠶᠠᠯᠠᠩ ᠤᠨ ᠮᠠᠰᠢᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠪᠡᠶ᠎ᠡ ᠪᠠᠨ | ᠳᠠᠭᠠᠭᠠᠵᠤ ᠰᠢᠨ᠎ᠡ ᠶᠢ ᠡᠭᠦᠳᠬᠦ ᠪᠠ ᠬᠡᠷᠡᠭᠯᠡᠬᠦ ᠶᠢ ᠳᠣᠪᠣᠶᠢᠯᠭᠠᠨ ᠳᠡᠮᠵᠢᠬᠦ ᠬᠡᠷᠡᠭᠲᠡᠶ᠃ ᠲᠠᠷᠢᠶᠠᠯᠠᠩ ᠤᠨ ᠮᠠᠰᠢᠨ ᠳᠤ | ᠲᠤᠰᠬᠠᠶ ᠬᠢᠨᠠᠨ ᠲᠣᠭᠲᠠᠭᠠᠯᠲᠠ ᠬᠢᠬᠦ ᠶᠢ ᠶᠡᠬᠡᠪᠡᠷ ᠥᠷᠨᠢᠭᠦᠯᠬᠦ ᠪᠠᠷ ᠳᠠᠮᠵᠢᠭᠤᠯᠤᠨ᠂ ᠲᠠᠷᠢᠶᠠᠯᠠᠩ ᠤᠨ ᠮᠠᠰᠢᠨ ᠤ | ᠰᠢᠨ᠎ᠡ ᠦᠢᠯᠡᠳᠬᠦᠨ ᠤ ᠨᠥᠬᠦᠪᠥᠷᠢ ᠤᠯᠬᠤ ᠬᠢᠷᠢ ᠬᠡᠮ ᠳᠤ ᠬᠦᠷᠬᠦ ᠠᠯᠬᠤᠴᠠ ᠶᠢ ᠲᠦᠷᠭᠡᠳᠭᠡᠵᠣ᠂ ᠨᠥᠬᠦᠪᠥᠷᠢ | ᠦᠭᠬᠦ ᠬᠡᠪᠴᠢᠶᠡᠨ ᠳᠤ ᠣᠷᠣᠭᠤᠯᠬᠤ ᠬᠡᠷᠡᠭᠲᠡᠶ᠃ | ︵ᠭᠤᠷᠪᠠ︶ ᠥᠨᠳᠥᠷ ᠪᠦᠲᠦᠮᠵᠢᠲᠡᠶ ᠲᠥᠷᠥ ᠶᠢᠨ ᠪᠣᠳᠣᠯᠭ᠎ᠠ ᠶᠢᠨ ᠤᠳᠤᠷᠢᠳᠤᠮᠵᠢ ᠶᠢ ᠳᠣᠪᠣᠶᠢᠯᠭᠠᠬᠤ | ᠭᠡᠷᠡᠭᠲᠠᠢ᠃ ᠡᠨᠧᠷᠭᠢ ᠠᠷᠪᠢᠯᠠᠵᠤ ᠣᠷᠴᠢᠨ ᠲᠣᠭᠤᠷᠢᠨ ᠢ ᠬᠠᠮᠠᠭᠠᠯᠠᠬᠤ᠂ ᠨᠠᠷᠢᠯᠢᠭ ᠣᠨᠣᠪᠴᠢᠳᠠᠢ ᠦᠷ᠎ᠡ ᠪᠦᠳᠦᠮᠵᠢ | ᠦᠨᠳᠦᠷ᠂ ᠲᠤᠮᠤ ᠬᠡᠯᠪᠡᠷᠢ ᠶᠢᠨ ᠣᠯᠠᠨ ᠬᠡᠷᠡᠭᠴᠡᠭᠡᠳᠦ ᠲᠠᠷᠢᠶᠠᠯᠠᠩ ᠤᠨ ᠮᠠᠰᠢᠨ ᠤ ᠮᠡᠷᠭᠡᠵᠢᠯ ᠢ ᠳᠡᠯᠭᠡᠷᠡᠬᠦᠯᠬᠦ ᠶᠢ | ᠲᠦᠷᠬᠡᠳᠬᠡᠬᠦ ᠭᠡᠷᠡᠭᠲᠠᠢ᠃ ᠮᠠᠨ ᠤ ᠣᠷᠣᠨ ᠤ ᠬᠠᠳᠠᠭᠠᠯᠠᠯᠲᠠ ᠶᠢᠨ ᠬᠡᠮᠵᠢᠶ᠎ᠡ ᠨᠢ ᠬᠡᠲᠦ ᠠᠷᠪᠢᠨ᠂ ᠮᠡᠷᠭᠡᠵᠢᠯ ᠨᠢ | ᠬᠠᠷᠢᠴᠠᠩᠭᠤᠶ ᠬᠤᠴᠣᠷᠤᠩᠭᠤᠶ ᠬᠦᠷᠳᠦᠲᠦ ᠲᠷᠠᠺᠲ᠋ᠣᠷ ᠵᠡᠷᠭᠡ ᠮᠠᠰᠢᠨ ᠲᠦᠬᠦᠭᠡᠷᠣᠮᠵᠢ ᠶᠢᠨ ᠲᠥᠷᠥᠯ ᠵᠦᠢᠯ ᠤᠨ | ᠨᠥᠬᠦᠪᠥᠷᠢ ᠶᠢᠨ ᠬᠡᠮᠵᠢᠶ᠎ᠡ ᠶᠢ ᠠᠯᠭᠤᠷ ᠢᠶᠠᠷ ᠪᠠᠭᠤᠷᠠᠭᠤᠯᠵᠤ᠂ ᠬᠡᠰᠡᠭ ᠥᠷᠲᠡᠭ ᠲᠣᠣᠷ᠎ᠠ ᠮᠠᠰᠢᠨ ᠲᠦᠬᠦᠭᠡᠷᠣᠮᠵᠢ | ᠶᠢᠨ ᠨᠥᠬᠦᠪᠥᠷᠢ ᠶᠢ ᠬᠠᠰᠣᠬᠤ ᠬᠡᠷᠡᠭᠲᠠᠢ᠃ | ︵ᠳᠥᠷᠪᠡ︶ ᠬᠢᠨᠠᠯᠲᠠ ᠲᠠᠯᠪᠢᠵᠤ ᠦᠢᠯᠡᠴᠢᠯᠡᠬᠦ ᠴᠢᠳᠠᠪᠤᠷᠢ ᠶᠢ ᠳᠡᠭᠡᠭᠰᠢᠯᠡᠭᠦᠯᠬᠦ ᠶᠢ ᠲᠣᠪᠣᠶᠢᠯᠭᠠᠬᠤ ᠬᠡᠷᠡᠭᠲᠠᠢ | ᠃ ᠮᠡᠳᠡᠭᠡ ᠵᠠᠩᠭᠢᠵᠢᠯᠲᠠ ᠶᠢᠨ ᠬᠢᠷᠢ ᠲᠦᠪᠰᠢᠨ ᠢ ᠳᠡᠭᠡᠭᠰᠢᠯᠡᠭᠦᠯᠵᠦ᠂ ᠭᠠᠷ ᠤᠲᠠᠰᠤᠨ ᠤ App ᠶᠢᠨ ᠬᠡᠷᠡᠭᠯᠡᠭᠡᠨ ᠤ | ᠬᠠᠷᠢᠴᠠᠯ ᠢ ᠳᠡᠭᠡᠭᠰᠢᠯᠡᠭᠦᠯᠦᠨ᠂ ᠨᠢᠭᠤᠷ ᠵᠢᠰᠣᠯᠠᠬᠤ ᠮᠡᠷᠭᠡᠵᠢᠯ᠂ ᠨᠥᠬᠦᠪᠥᠷᠢ ᠦᠭᠬᠦ ᠮᠠᠰᠢᠨ ᠢ ᠮᠡᠷᠭᠡᠨ ᠴᠣᠬᠤᠷ ᠢᠶᠠᠷ | ᠬᠠᠮᠢᠶᠠᠷᠬᠤ ᠪᠠ ᠰᠦᠯᠵᠢᠶ᠎ᠡ ᠪᠠᠷ ᠬᠢᠨᠠᠨ ᠡᠵᠡᠮᠳᠡᠬᠦ ᠵᠡᠷᠭᠡ ᠮᠡᠷᠭᠡᠵᠢᠯ ᠢ ᠳᠡᠯᠭᠡᠷᠡᠭᠦᠯᠦᠨ ᠬᠡᠷᠡᠭᠯᠡᠵᠦ᠂ ᠨᠥᠬᠦᠪᠥᠷᠢ ᠦᠭᠬᠦ | ᠪᠥᠬᠦ ᠶᠠᠪᠣᠴᠠ ᠶᠢ ᠰᠦᠯᠵᠢᠶ᠎ᠡ ᠪᠠᠷ ᠭᠦᠢᠴᠡᠳᠬᠡᠬᠦ ᠶᠢ ᠲᠦᠯᠬᠢᠨ ᠠᠬᠢᠭᠤᠯᠬᠤ ᠬᠡᠷᠡᠭᠲᠠᠢ᠃ ᠨᠥᠬᠦᠪᠥᠷᠢ ᠮᠦᠩᠭᠦ ᠶᠢ | ᠲᠠᠷᠬᠠᠭᠠᠬᠤ ᠠᠵᠢᠯ ᠢ ᠲᠦᠷᠭᠡᠳᠬᠡᠵᠦ᠂ ᠮᠠᠯᠴᠢᠳ ᠪᠠ ᠠᠵᠤ ᠠᠬᠤᠶᠢᠯᠠᠯ ᠤᠨ ᠬᠠᠤᠯᠢ ᠶᠣᠰᠣᠨ ᠤ ᠡᠷᠬᠡ ᠠᠰᠢᠭ ᠢ | ᠪᠠᠲᠤᠯᠠᠨ᠂ ᠬᠤᠳᠠᠯᠳᠤᠭ᠎ᠠ ᠡᠷᠭᠢᠯᠡᠬᠦ ᠣᠬᠢ ᠰᠠᠶᠢᠨ ᠣᠷᠴᠢᠨ ᠲᠣᠭᠤᠷᠢᠨ ᠢ ᠪᠣᠶ ᠪᠣᠯᠭᠠᠬᠤ ᠬᠡᠷᠡᠭᠲᠠᠢ᠃ | ᠭᠦᠢᠴᠡᠳᠬᠡᠬᠦ ᠠᠯᠬᠤᠮ ᠳᠠᠷᠠᠭ᠎ᠠ ᠶᠢ ᠰᠢᠯᠢᠳᠡᠭᠵᠢᠭᠦᠯᠵᠦ᠂ ᠭᠦᠢᠴᠡᠳᠬᠡᠬᠦ ᠴᠠᠭ ᠬᠤᠭᠤᠴᠠᠭ᠎ᠠ ᠶᠢ ᠪᠣᠭᠤᠨᠢᠰᠬᠠᠬᠤ | ᠬᠡᠷᠡᠭᠲᠠᠢ᠃ ᠲᠤᠰᠬᠠᠶ ᠪᠠᠶᠢᠭᠤᠯᠤᠮᠵᠢ ᠶᠢᠨ ᠮᠡᠷᠭᠡᠵᠢᠯ ᠤᠨ ᠳᠠᠪᠠᠭᠤᠯᠢᠭ ᠪᠠ ᠳ᠋ᠠᠶᠢᠲ᠋ᠠ ᠬᠦᠮᠦᠷᠭᠡ ᠶᠢᠨ ᠮᠡᠳᠡᠭᠡ | ᠵᠠᠩᠭᠢ ᠶᠢᠨ ᠳᠠᠪᠠᠭᠤᠯᠢᠭ ᠢ ᠭᠦᠢᠴᠡᠳ ᠪᠠᠳᠠᠷᠠᠭᠤᠯᠵᠤ᠂ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ | ᠪᠠᠶᠢᠴᠠᠭᠠᠨ ᠢᠯᠡᠷᠡᠭᠦᠯᠬᠦ ᠪᠠ ᠬᠢᠨᠠᠨ ᠡᠵᠡᠮᠳᠡᠬᠦ ᠴᠢᠳᠠᠪᠤᠷᠢ ᠶᠢ ᠳᠡᠭᠡᠭᠰᠢᠯᠡᠬᠦᠯᠬᠦ ᠭᠡᠷᠡᠭᠲᠠᠢ᠃ ᠨᠥᠬᠦᠪᠥᠷᠢ ᠮᠦᠩᠭᠦ ᠶᠢ | ᠮᠡᠭᠡᠯᠡᠭᠰᠡᠨ ᠠᠵᠤ ᠠᠬᠤᠶᠢᠯᠠᠯ ᠢ ᠬᠠᠣᠯᠢ ᠶᠣᠰᠣ ᠪᠠᠷ ᠳᠣᠷᠭᠠᠵᠣ᠂ ᠲᠣᠭᠲᠠᠭᠠᠯ ᠠᠴᠠ ᠵᠥᠷᠢᠴᠡᠭᠰᠡᠨ ᠦᠢᠯᠡ | ᠠᠵᠢᠯᠯᠠᠭ᠎ᠠ ᠳᠤ ᠴᠢᠩᠭ᠎ᠠ ᠴᠣᠬᠢᠯᠳᠠ ᠦᠭᠬᠦ ᠭᠡᠷᠡᠭᠲᠠᠢ᠃ | ᠭᠤᠷᠪᠠ᠂ ᠨᠥᠬᠦᠪᠥᠷᠢ ᠦᠭᠬᠦ ᠬᠦᠷᠢᠶ᠎ᠡ ᠬᠡᠪᠴᠢᠶ᠎ᠡ ᠪᠠ ᠨᠥᠬᠦᠪᠥᠷᠢ ᠦᠭᠬᠦ ᠮᠠᠰᠢᠨ ᠲᠦᠬᠦᠭᠡᠷᠣᠮᠵᠢ | ︵ᠨᠢᠭᠡ︶ ᠨᠥᠬᠦᠪᠥᠷᠢ ᠦᠭᠬᠦ ᠬᠦᠷᠢᠶ᠎ᠡ ᠬᠡᠪᠴᠢᠶ᠎ᠡ᠃ ᠲᠥᠪ ᠤᠨ ᠡᠳ᠋ ᠤᠨ ᠵᠠᠰᠠᠭ ᠤᠨ ᠲᠠᠷᠢᠶᠠᠯᠠᠩ ᠤᠨ | ᠮᠠᠰᠢᠨ ᠬᠤᠳᠠᠯᠳᠤᠨ ᠠᠪᠬᠤ ᠳᠤ ᠨᠥᠬᠦᠪᠥᠷᠢ ᠦᠭᠬᠦ ᠮᠠᠰᠢᠨ ᠲᠦᠬᠦᠭᠡᠷᠣᠮᠵᠢ ᠶᠢᠨ ᠲᠥᠷᠥᠯ ᠵᠦᠢᠯ ᠳᠤ 12 ᠶᠡᠭᠡ | ᠲᠥᠷᠥᠯ 27 ᠪᠠᠭ᠎ᠠ ᠲᠥᠷᠥᠯ ᠤᠨ 69 ᠲᠥᠷᠥᠯ ᠪᠠᠭᠳᠠᠵᠣ᠂ ᠮᠠᠯᠵᠢᠬᠤ ᠬᠤᠰᠢᠭᠤ ᠰᠢᠶᠠᠨ ᠪᠣᠯᠤᠨ ᠬᠠᠭᠠᠰ | ᠲᠠᠷᠢᠶᠠᠯᠠᠬᠤ ᠬᠠᠭᠠᠰ ᠮᠠᠯᠵᠢᠬᠤ ᠬᠤᠰᠢᠭᠤ ᠰᠢᠶᠠᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ | ᠦᠭᠬᠦ ᠮᠠᠰᠢᠨ ᠲᠦᠬᠦᠭᠡᠷᠣᠮᠵᠢ ᠨᠢ 19 ᠲᠥᠷᠥᠯ ᠵᠦᠢᠯ ︵ᠳᠠᠭᠠᠯᠳᠤᠭᠤᠯᠤᠯ 1︶ ᠪᠣᠯᠤᠨ᠎ᠠ᠃ ᠥᠪᠡᠷᠲᠡᠭᠡᠨ | ᠵᠠᠰᠠᠬᠤ ᠣᠷᠣᠨ ᠤ ᠡᠳ᠋ ᠤᠨ ᠵᠠᠰᠠᠭ ᠤᠨ ᠨᠥᠬᠦᠪᠥᠷᠢ ᠮᠥᠩᠭᠦ ᠨᠢ ᠮᠠᠯᠴᠢᠳ ᠤᠨ ᠮᠠᠯᠵᠢᠬᠤ ᠦᠢᠯᠡᠳᠪᠦᠷᠢᠯᠡᠯ ᠤᠨ | ᠮᠠᠰᠢᠨ ᠬᠤᠳᠠᠯᠳᠤᠨ ᠠᠪᠬᠤ ᠳᠤ ᠨᠡᠮᠡᠵᠣ ᠨᠥᠬᠦᠪᠥᠷᠢ ᠦᠭᠬᠦ ᠪᠠ ᠲᠤᠰᠠᠭᠠᠷ ᠨᠥᠬᠦᠪᠥᠷᠢ ᠦᠭᠬᠦ ᠬᠤᠶᠠᠷ ᠵᠦᠢᠯ | ᠪᠠᠭᠳᠠᠵᠣ᠂ ᠲᠤᠰᠠᠭᠠᠷ ᠨᠥᠬᠦᠪᠥᠷᠢ ᠦᠭᠬᠦ ᠮᠠᠰᠢᠨ ᠲᠦᠬᠦᠭᠡᠷᠣᠮᠵᠢ ᠨᠢ ᠲᠥᠪ ᠤᠨ ᠡᠳ᠋ ᠤᠨ ᠵᠠᠰᠠᠭ ᠤᠨ ᠪᠠᠯᠠ | ᠮᠥᠩᠭᠦ ᠶᠢᠨ ᠨᠥᠬᠦᠪᠥᠷᠢ ᠶᠢᠨ ᠬᠡᠪᠴᠢᠶᠡᠨ ᠳᠤ ᠪᠠᠭᠳᠠᠬᠤ ᠦᠭᠡᠢ ᠥᠪᠡᠷᠲᠡᠭᠡᠨ ᠵᠠᠰᠠᠬᠤ ᠣᠷᠣᠨ ᠤ ᠣᠷᠣᠨ | ᠨᠤᠲᠤᠭ ᠤᠨ ᠣᠨᠴᠠᠯᠢᠭ ᠲᠤ ᠲᠣᠬᠢᠷᠠᠭᠰᠠᠨ ᠮᠠᠯᠵᠢᠬᠤ ᠦᠢᠯᠡᠳᠪᠦᠷᠢᠯᠡᠯ ᠤᠨ ᠮᠠᠰᠢᠨ ᠲᠦᠬᠦᠭᠡᠷᠣᠮᠵᠢ ᠪᠠᠶᠢᠵᠣ᠂ | ᠳᠡᠭᠡᠷ᠎ᠡ ᠵᠢᠯ ᠤᠨ ᠳᠤᠮᠳᠠᠴᠢ ᠪᠣᠷᠣᠯᠠᠭᠤᠯᠤᠯᠲᠠ ᠶᠢᠨ ᠦᠨ᠎ᠡ ᠶᠢᠨ 30% ᠠᠴᠠ ᠳᠠᠪᠠᠭᠤᠯᠬᠤ ᠥᠬᠡᠶ᠂ ᠲᠣᠭᠲᠠᠭᠰᠠᠨ | ᠨᠣᠷᠮ᠎ᠠ ᠪᠠᠷ ᠨᠥᠬᠦᠪᠥᠷᠢ ᠥᠭᠬᠦ ᠶᠢ ᠬᠡᠷᠡᠭᠵᠢᠭᠦᠯᠦᠨ᠂ ᠲᠤᠰᠬᠠᠶ ᠬᠢᠨᠠᠨ ᠲᠣᠭᠲᠠᠭᠠᠬᠤ ᠦᠢᠯᠡᠳᠬᠦᠨ ᠤ | ᠨᠥᠬᠦᠪᠥᠷᠢ ᠶᠢᠨ ᠬᠡᠪᠴᠢᠶ᠎ᠡ ᠶᠢ ᠳᠠᠬᠢᠨ ᠮᠡᠳᠡᠭᠳᠡᠨ᠎ᠡ᠃ | ︵ᠬᠤᠶᠠᠷ︶ ᠨᠥᠬᠦᠪᠥᠷᠢ ᠦᠭᠬᠦ ᠮᠠᠰᠢᠨ ᠲᠦᠬᠦᠭᠡᠷᠣᠮᠵᠢ᠃ ᠨᠥᠬᠦᠪᠥᠷᠢ ᠦᠭᠬᠦ ᠮᠠᠰᠢᠨ ᠲᠦᠬᠦᠭᠡᠷᠣᠮᠵᠢ ᠨᠢ | ᠡᠷᠬᠡᠪᠰᠢ ᠨᠥᠬᠦᠪᠥᠷᠢ ᠦᠭᠬᠦ ᠬᠡᠪᠴᠢᠶᠡᠨ ᠳᠠᠬᠢ ᠦᠢᠯᠡᠳᠬᠦᠨ ︵ᠲᠠᠷᠢᠶᠠᠯᠠᠩ ᠤᠨ ᠮᠠᠰᠢᠨ ᠤ ᠰᠢᠨ᠎ᠡ ᠦᠢᠯᠡᠳᠬᠦᠨ ᠢ | ᠪᠠᠭᠳᠠᠭᠠᠬᠤ ᠦᠭᠡᠢ︶ ᠪᠠᠶᠢᠬᠤ ᠬᠡᠷᠡᠭᠲᠡᠶ ᠮᠦᠷᠳᠡᠭᠡᠨ ᠳᠣᠣᠷᠠᠬᠢ ᠨᠦᠬᠦᠴᠡᠯ ᠤᠨ ᠨᠢᠭᠡ ᠶᠢ ᠪᠦᠷᠢᠯᠳᠦᠭᠦᠯᠦᠭᠰᠡᠨ | ᠪᠠᠶᠢᠬᠤ ᠬᠡᠷᠡᠭᠲᠡᠶ᠄ | 1. ᠲᠠᠷᠢᠶᠠᠯᠠᠩ ᠤᠨ ᠮᠠᠰᠢᠨ ᠤ ᠲᠤᠷᠰᠢᠯᠲᠠ ᠶᠢᠨ ᠰᠢᠯᠭᠠᠨ ᠲᠣᠭᠲᠠᠭᠠᠭᠰᠠᠨ ᠦᠨᠡᠮᠯᠡᠯ ︵ᠬᠦᠴᠦᠨ ᠪᠦᠬᠦᠢ | ᠬᠤᠭᠤᠴᠠᠭ᠎ᠠ ᠲᠠᠢ ᠲᠠᠷᠢᠶᠠᠯᠠᠩ ᠤᠨ ᠮᠠᠰᠢᠨ ᠳᠡᠯᠭᠡᠷᠡᠭᠦᠯᠬᠦ ᠰᠢᠯᠭᠠᠨ ᠲᠣᠭᠲᠠᠭᠠᠭᠰᠠᠨ ᠦᠨᠡᠮᠯᠡᠯ ᠪᠠᠭᠲᠠᠨ᠎ᠠ︶ | ᠣᠯᠤᠭᠰᠠᠨ︔ | 2. ᠲᠠᠷᠢᠶᠠᠯᠠᠩ ᠤᠨ ᠮᠠᠰᠢᠨ ᠤ ᠠᠯᠪᠠᠳᠠᠯᠭ᠎ᠠ ᠶᠢᠨ ᠴᠢᠨᠠᠷᠲᠠᠶ ᠦᠢᠯᠡᠳᠬᠦᠨ ᠢᠶᠠᠷ ᠭᠡᠷᠡᠴᠢᠯᠡᠨ | ᠳᠣᠭᠳᠠᠭᠠᠭᠰᠠᠨ ᠦᠨᠡᠮᠯᠡᠯ ᠣᠯᠤᠭᠰᠠᠨ︔ | 3. ᠲᠠᠷᠢᠶᠠᠯᠠᠩ ᠤᠨ ᠮᠠᠰᠢᠨ ᠤ ᠰᠠᠶᠢᠨ ᠳᠤᠷ᠎ᠠ ᠶᠢᠨ ᠭᠡᠷᠡᠴᠢᠯᠡᠯ ᠤᠨ ᠲᠤᠷᠰᠢᠯᠲᠠ ᠶᠢᠨ ᠬᠡᠪᠴᠢᠶᠡᠨ ᠳᠤ | ᠣᠷᠣᠭᠤᠯᠵᠣ᠂ ᠲᠠᠷᠢᠶᠠᠯᠠᠩ ᠤᠨ ᠮᠠᠰᠢᠨ ᠤ ᠰᠠᠶᠢᠨ ᠳᠤᠷ᠎ᠠ ᠶᠢᠨ ᠦᠢᠯᠡᠳᠬᠦᠨ ᠤ ᠭᠡᠷᠡᠴᠢᠯᠡᠯ ᠤᠨ ᠦᠨᠡᠮᠯᠡᠯ | ᠣᠯᠤᠭᠰᠠᠨ︔ | 4. ᠨᠥᠬᠦᠪᠥᠷᠢ ᠦᠭᠬᠦ ᠮᠠᠰᠢᠨ ᠨᠢ ᠡᠷᠬᠡᠪᠰᠢ ᠦᠢᠯᠡᠳᠪᠦᠷᠢᠯᠡᠭᠰᠡᠨ ᠠᠵᠤ ᠠᠬᠤᠶᠢᠯᠠᠯ᠂ ᠦᠢᠯᠡᠳᠬᠦᠨ ᠤ | ᠨᠡᠷᠡᠶᠢᠳᠦᠯ ᠪᠠ ᠦᠢᠯᠡᠳᠬᠦᠨ ᠤ ᠳ᠋ᠣᠭᠠᠷ᠂ ᠦᠢᠯᠡᠳᠪᠦᠷᠢᠯᠡᠭᠰᠡᠨ ᠳ᠋ᠤᠭᠠᠷ᠂ ᠦᠢᠯᠡᠳᠪᠦᠷᠢᠯᠡᠭᠰᠡᠨ ᠡᠳᠦᠷ ᠬᠤᠭᠤᠴᠠᠭ᠎ᠠ | ᠂ ᠭᠦᠢᠴᠡᠳᠬᠡᠬᠦ ᠪᠠᠷᠢᠮᠵᠢᠶ᠎ᠠ ᠵᠡᠷᠭᠡ ᠮᠡᠳᠡᠭᠡ ᠵᠠᠩᠭᠢ ᠶᠢ ᠢᠯᠡ ᠬᠠᠳᠠᠭᠰᠠᠨ ᠪᠠᠶᠢᠬᠤ ᠬᠡᠷᠡᠭᠲᠡᠶ᠃ | ᠲᠠᠷᠢᠶᠠᠯᠠᠩ ᠤᠨ ᠮᠠᠰᠢᠨ ᠤ ᠰᠢᠨ᠎ᠡ ᠦᠢᠯᠡᠳᠬᠦᠨ ᠢ ᠨᠥᠬᠦᠪᠥᠷᠢ ᠦᠭᠬᠦ ᠬᠡᠪᠴᠢᠶᠡᠨ ᠳᠤ ᠣᠷᠣᠭᠤᠯᠬᠤ ᠶᠢ | ᠶᠡᠬᠡᠪᠡᠷ ᠳᠡᠮᠵᠢᠬᠦ ᠬᠡᠷᠡᠭᠲᠠᠢ᠃ ᠰᠢᠨ᠎ᠡ ᠪᠠᠷ ᠵᠠᠰᠠᠪᠤᠷᠢ ᠣᠷᠣᠭᠤᠯᠤᠭᠰᠠᠨ ︽ᠲᠠᠷᠢᠶᠠᠯᠠᠩ ᠤᠨ ᠮᠠᠰᠢᠨ ᠤ ᠲᠤᠷᠰᠢᠯᠲᠠ | ᠶᠢᠨ ᠬᠢᠨᠠᠨ ᠲᠣᠭᠲᠠᠭᠠᠬᠤ ᠠᠷᠭ᠎ᠠ︾ ᠶᠢ ᠪᠥᠬᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠲᠠᠷᠢᠶᠠᠯᠠᠩ ᠤᠨ | ᠮᠠᠰᠢᠨ ᠤ ᠲᠤᠰᠬᠠᠶ ᠬᠢᠨᠠᠨ ᠲᠣᠭᠲᠠᠭᠠᠯᠲᠠ ᠶᠢ ᠢᠳᠡᠪᠬᠢᠲᠡᠶ ᠥᠷᠨᠢᠭᠦᠯᠦᠨ᠂ ᠲᠠᠷᠢᠶᠠᠯᠠᠩ ᠤᠨ ᠮᠠᠰᠢᠨ ᠤ ᠰᠢᠨ᠎ᠡ | ᠦᠢᠯᠡᠳᠬᠦᠨ ᠤ ᠲᠠᠷᠢᠶᠠᠯᠠᠩ ᠤᠨ ᠮᠠᠰᠢᠨ ᠤ ᠲᠤᠷᠰᠢᠯᠲᠠ ᠶᠢᠨ ᠬᠢᠨᠠᠨ ᠲᠣᠭᠲᠠᠭᠠᠭᠰᠠᠨ ᠦᠨᠡᠮᠯᠡᠯ ᠤᠯᠬᠤ | ᠠᠯᠬᠤᠴᠠ ᠶᠢ ᠲᠦᠷᠭᠡᠳᠬᠡᠬᠦ ᠶᠢᠨ ᠬᠠᠮᠲᠤ ᠲᠣᠭᠲᠠᠭᠠᠯ ᠶᠣᠰᠣᠭᠠᠷ ᠨᠥᠬᠦᠪᠥᠷᠢ ᠦᠭᠬᠦ ᠬᠡᠪᠴᠢᠶᠡᠨ ᠳᠤ ᠣᠷᠣᠭᠤᠯᠬᠤ | ᠬᠡᠷᠡᠭᠲᠡᠶ᠃ | ᠲᠦᠷᠪᠡ᠂ ᠨᠥᠬᠦᠪᠥᠷᠢ ᠦᠭᠬᠦ ᠨᠢᠭᠤᠷᠯᠠᠯ ᠪᠠ ᠨᠥᠬᠦᠪᠥᠷᠢ ᠦᠭᠬᠦ ᠪᠠᠷᠢᠮᠵᠢᠶ᠎ᠠ | ︵ᠨᠢᠭᠡ︶ ᠨᠥᠬᠦᠪᠥᠷᠢ ᠦᠭᠬᠦ ᠨᠢᠭᠤᠷᠯᠠᠯ᠃ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ | ᠣᠯᠭᠤᠬᠤ ᠨᠢᠭᠤᠷᠯᠠᠯ ᠳᠤ ᠮᠠᠨ ᠤ ᠬᠤᠰᠢᠭᠤᠨ ᠤ ᠬᠢᠯᠢ ᠳᠣᠲᠣᠷᠠᠬᠢ ᠮᠠᠯᠵᠢᠬᠤ ᠦᠢᠯᠡᠳᠪᠦᠷᠢᠯᠡᠯ ᠡᠷᠭᠢᠯᠡᠵᠦ ᠪᠠᠶᠢᠭ᠎ᠠ | ᠬᠤᠪᠢ ᠬᠥᠮᠦᠨ ᠪᠠ ᠵᠣᠬᠢᠶᠠᠨ ᠪᠠᠶᠢᠭᠤᠯᠤᠯᠲᠠ ᠪᠠᠭᠳᠠᠨ᠎ᠠ᠃ ᠡᠭᠦᠨ ᠳᠤ ᠮᠠᠯᠵᠢᠬᠤ ᠦᠢᠯᠡᠳᠪᠦᠷᠢᠯᠡᠯ ᠡᠷᠬᠢᠯᠡᠵᠣ | ᠪᠠᠶᠢᠭ᠎ᠠ ᠵᠣᠬᠢᠶᠠᠨ ᠪᠠᠶᠢᠭᠤᠯᠤᠯᠲᠠ ᠳᠤ ︵ᠮᠠᠯᠴᠢᠳ ᠤᠨ ᠦᠢᠯᠡᠳᠪᠦᠷᠢᠯᠡᠯ ᠡᠵᠡᠩᠨᠡᠯᠲᠡ ᠶᠢᠨ ᠵᠣᠬᠢᠶᠠᠨ | ᠪᠠᠶᠢᠭᠤᠯᠤᠯᠲᠠ ᠶᠢ ᠪᠠᠭᠲᠠᠭᠠᠨ᠎ᠠ᠂ ᠳᠣᠷᠣᠭᠰᠢ ᠠᠳᠠᠯᠢ︶ ᠮᠠᠯᠵᠢᠬᠤ ᠣᠷᠣᠨ ᠤ ᠬᠠᠮᠲᠤ ᠶᠢᠨ ᠠᠵᠤ ᠠᠬᠤᠶ ᠶᠢᠨ | ᠵᠣᠬᠢᠶᠠᠨ ᠪᠠᠶᠢᠭᠤᠯᠤᠯᠲᠠ᠂ ᠮᠠᠯᠴᠢᠳ ᠤᠨ ᠲᠤᠰᠬᠠᠶ ᠬᠤᠷᠰᠢᠭᠰᠠᠨ ᠠᠵᠤ ᠠᠬᠤᠶ ᠶᠢᠨ ᠵᠣᠬᠢᠶᠠᠨ ᠪᠠᠶᠢᠭᠤᠯᠤᠯᠲᠠ᠂ | ᠮᠠᠯᠵᠢᠬᠤ ᠦᠢᠯᠡᠳᠪᠦᠷᠢᠯᠡᠯ ᠤᠨ ᠠᠵᠤ ᠠᠬᠤᠶᠢᠯᠠᠯ ᠪᠠ ᠮᠠᠯᠵᠢᠬᠤ ᠦᠢᠯᠡᠳᠪᠦᠷᠢᠯᠡᠯ ᠡᠷᠬᠢᠯᠡᠵᠤ ᠪᠠᠶᠢᠭ᠎ᠠ ᠪᠤᠰᠤᠳ | ᠵᠣᠬᠢᠶᠠᠨ ᠪᠠᠶᠢᠭᠤᠯᠤᠯᠲᠠ ︵ᠳᠣᠷᠣᠭᠰᠢ ︽ᠮᠠᠰᠢᠨ ᠬᠤᠳᠠᠯᠳᠤᠨ ᠠᠪᠤᠭᠴᠢ︾ ᠭᠡᠵᠦ ᠲᠣᠪᠴᠢᠯᠠᠨ᠎ᠠ︶ ᠪᠠᠭᠲᠠᠨ᠎ᠠ᠃ | ᠡᠭᠦᠨ ᠳᠤ᠄ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠨᠥᠬᠦᠪᠥᠷᠢ ᠮᠥᠩᠭᠦ ᠶᠢ ᠵᠥᠪᠬᠡᠨ ᠮᠠᠨ ᠤ | ᠬᠤᠰᠢᠭᠤᠨ ᠤ ᠮᠠᠯᠴᠢᠳ ᠪᠠ ᠮᠠᠯᠴᠢᠳ ᠤᠨ ᠦᠢᠯᠡᠳᠪᠦᠷᠢᠯᠡᠯ ᠡᠵᠡᠩᠨᠡᠯᠲᠡ ᠶᠢᠨ ᠵᠣᠬᠢᠶᠠᠨ ᠪᠠᠶᠢᠭᠤᠯᠤᠯᠲᠠ ᠳᠤ | ᠣᠯᠭᠤᠨ᠎ᠠ᠃ ᠮᠠᠯᠴᠢᠳ ᠪᠣᠯᠤᠨ ᠮᠠᠯᠴᠢᠳ ᠤᠨ ᠦᠢᠯᠡᠳᠪᠦᠷᠢᠯᠡᠯ ᠡᠵᠡᠩᠨᠡᠯᠲᠡ ᠶᠢᠨ ᠵᠣᠬᠢᠶᠠᠨ ᠪᠠᠶᠢᠭᠤᠯᠤᠯᠲᠠ ᠶᠢ | ᠨᠤᠲᠤᠭ ᠪᠡᠯᠴᠢᠭᠡᠷ ᠲᠠᠭᠠᠭᠠᠴᠢᠯᠠᠨ ᠡᠵᠡᠩᠨᠡᠬᠦ ᠦᠨᠡᠮᠯᠡᠯ ᠢᠶᠠᠷ ᠦᠨᠳᠦᠰᠦᠯᠡᠯ ᠪᠣᠯᠭᠠᠨ᠎ᠠ᠃ ᠨᠥᠬᠦᠪᠥᠷᠢ ᠣᠯᠭᠤᠬᠤ | ᠨᠢᠭᠤᠷᠯᠠᠯ ᠳᠤ ᠤᠯᠤᠰ ᠪᠠ ᠣᠷᠣᠨ ᠨᠤᠲᠤᠭ ᠤᠨ ᠡᠯ᠎ᠡ ᠱᠠᠲᠤᠨ ᠤ ᠡᠳ᠋ ᠤᠨ ᠵᠠᠰᠠᠭ ᠠᠴᠠ ᠴᠠᠯᠢᠩ ᠬᠦᠷᠳᠡᠵᠣ | ᠪᠠᠶᠢᠭ᠎ᠠ ᠬᠥᠮᠦᠰ ᠢ ᠪᠠᠭᠲᠠᠭᠠᠬᠤ ᠥᠬᠡᠶ᠂ ᠲᠤᠬᠠᠶᠢᠯᠠᠪᠠᠯ ᠤᠯᠤᠰ ᠤᠨ ᠠᠯᠪᠠᠲᠠᠨ᠂ ᠣᠯᠣᠰ ᠤᠨ ᠠᠯᠪᠠᠳᠠᠨ ᠪᠠᠷ | ᠯᠠᠪᠯᠠᠯᠲᠠ ᠪᠣᠯᠭᠠᠭᠰᠠᠨ ᠠᠵᠣ ᠠᠬᠤᠶᠢᠯᠡᠯ ᠠᠵᠢᠯ ᠦᠢᠯᠡᠰ ᠤᠨ ᠨᠢᠭᠡᠴᠡ ᠶᠢᠨ ᠠᠵᠢᠯᠲᠠᠨ᠂ ᠠᠵᠣ ᠠᠬᠤᠶᠢᠯᠡᠯ ᠠᠵᠢᠯ | ᠦᠢᠯᠡᠰ ᠤᠨ ᠨᠢᠭᠡᠴᠡ ᠶᠢᠨ ᠠᠵᠢᠯᠲᠠᠨ ︵ᠤᠷᠢᠵᠤ ᠬᠡᠷᠡᠭᠯᠡᠵᠣ ᠪᠠᠶᠢᠭ᠎ᠠ ᠠᠵᠢᠯᠲᠠᠨ ᠢ ᠪᠠᠭᠲᠠᠭᠠᠨ᠎ᠠ︶ ᠨᠥᠬᠦᠪᠥᠷᠢ | ᠣᠯᠭᠤᠬᠤ ᠨᠢᠭᠤᠷᠯᠠᠯ ᠳᠤ ᠪᠠᠭᠳᠠᠬᠤ ᠥᠬᠡᠶ᠃ | ︵ᠬᠤᠶᠠᠷ︶ ᠨᠥᠬᠦᠪᠥᠷᠢ ᠦᠭᠬᠦ ᠮᠠᠰᠢᠨ ᠤ ᠲᠤᠭ᠎ᠠ᠃ ᠮᠠᠰᠢᠨ ᠬᠤᠳᠠᠯᠳᠤᠨ ᠠᠪᠤᠭᠴᠢ ᠶᠢᠨ ᠣᠨ ᠤ | ᠨᠥᠬᠦᠪᠥᠷᠢ ᠭᠥᠷᠳᠡᠬᠦ ᠮᠠᠰᠢᠨ ᠤ ᠲᠤᠭ᠎ᠠ ᠶᠢ ᠵᠣᠬᠢᠬᠤ ᠬᠡᠮᠵᠢᠶ᠎ᠡ ᠪᠠᠷ ᠳᠡᠭᠡᠭᠰᠢᠯᠡᠬᠦᠯᠵᠣ᠂ ᠡᠭᠦᠨ ᠳᠤ᠄ | ᠦᠢᠯᠡᠳᠪᠦᠷᠢᠯᠡᠯ ᠡᠵᠡᠩᠨᠡᠯᠲᠡ ᠶᠢᠨ ᠵᠣᠬᠢᠶᠠᠨ ᠪᠠᠶᠢᠭᠤᠯᠤᠯᠲᠠ ᠶᠢᠨ ᠣᠨ ᠤ ᠨᠥᠬᠦᠪᠥᠷᠢ ᠭᠥᠷᠳᠡᠬᠦ ᠪᠠᠯᠠ ᠮᠥᠩᠭᠦ ᠨᠢ | 100 ᠲᠦᠮᠡᠨ ᠲᠥᠭᠦᠷᠢᠭ ᠠᠴᠠ ᠳᠠᠪᠠᠵᠣ᠂ ᠬᠤᠪᠢ ᠶᠢᠨ ᠡᠵᠡᠩᠨᠡᠯᠲᠡ ᠶᠢᠨ ᠮᠠᠯᠴᠢᠳ ᠤᠨ ᠣᠨ ᠤ ᠨᠥᠬᠦᠪᠥᠷᠢ | ᠭᠥᠷᠳᠡᠬᠦ ᠪᠠᠯᠠ ᠮᠥᠩᠭᠦ ᠨᠢ 40 ᠲᠦᠮᠡᠨ ᠲᠥᠭᠦᠷᠢᠭ ᠠᠴᠠ ᠳᠠᠪᠠᠪᠠᠯ᠂ ᠬᠤᠰᠢᠭᠤ ᠲᠠᠷᠢᠶᠠᠯᠠᠩ ᠤᠨ ᠮᠠᠰᠢᠨ | ᠬᠤᠳᠠᠯᠳᠤᠨ ᠠᠪᠬᠤ ᠳᠤ ᠨᠥᠬᠦᠪᠥᠷᠢ ᠦᠭᠬᠦ ᠤᠳᠤᠷᠢᠳᠬᠤ ᠳᠤᠭᠤᠶᠢᠯᠠᠩ ᠠᠴᠠ ᠰᠤᠳᠤᠯᠤᠨ ᠲᠣᠭᠲᠠᠭᠠᠬᠤ ᠶᠢᠨ | ᠬᠠᠮᠲᠤ᠂ ᠠᠶᠢᠮᠠᠭ ᠤᠨ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠲᠤ ᠮᠡᠳᠡᠭᠦᠯᠦᠨ ᠳᠠᠩᠰᠠᠯᠠᠭᠤᠯᠵᠤ᠂ | ᠭᠤᠤᠯᠳᠠᠯᠭ᠎ᠠ ᠲᠠᠢ ᠮᠠᠰᠢᠨ ᠲᠦᠬᠦᠭᠡᠷᠣᠮᠵᠢ ᠶᠢ ᠬᠠᠷᠭᠤᠭᠤᠯᠤᠨ ᠪᠠᠶᠢᠴᠠᠭᠠᠬᠤ ᠬᠦᠷᠢᠶ᠎ᠡ ᠬᠡᠪᠴᠢᠶᠡᠨ ᠳᠤ ᠣᠷᠣᠭᠤᠯᠵᠤ | ᠂ ᠭᠤᠤᠯᠳᠠᠯᠭ᠎ᠠ ᠲᠠᠢ ᠬᠢᠨᠠᠨ ᠬᠠᠮᠢᠶᠠᠷᠬᠤ ᠭᠡᠷᠡᠭᠲᠠᠢ᠃ | 2021 ᠣᠨ ᠳᠤ᠂ ᠮᠠᠨ ᠤ ᠬᠤᠰᠢᠭᠤ ᠨᠥᠬᠦᠪᠥᠷᠢ ᠮᠥᠩᠭᠦ ᠶᠢᠨ ᠬᠡᠪᠴᠢᠶ᠎ᠡ ᠪᠠ ᠮᠠᠯᠵᠢᠬᠤ | ᠦᠢᠯᠡᠳᠪᠦᠷᠢᠯᠡᠯ ᠤᠨ ᠪᠣᠳᠠᠲᠤ ᠪᠠᠶᠢᠳᠠᠯ ᠲᠠᠢ ᠤᠶᠠᠯᠳᠤᠭᠤᠯᠤᠨ᠂ ᠨᠢᠭᠡ ᠮᠠᠰᠢᠨ ᠬᠤᠳᠠᠯᠳᠤᠨ ᠠᠪᠤᠭᠴᠢ ᠵᠢᠯ ᠳᠤ 1 | ᠲᠷᠠᠺᠲ᠋ᠣᠷ᠂ 2 ᠡᠪᠡᠰᠦ ᠬᠠᠳᠤᠬᠤ ᠮᠠᠰᠢᠨ ︵1.8 — 4mᠬᠡᠯᠪᠡᠷᠢ ᠶᠢᠨ ᠡᠪᠡᠰᠦ ᠬᠠᠳᠤᠬᠤ ᠮᠠᠰᠢᠨ︶ ᠪᠤᠶᠤ | 1 ᠲᠷᠠᠺᠲ᠋ᠣᠷ ᠪᠠ 1 ᠡᠪᠡᠰᠦ ᠬᠠᠳᠤᠬᠤ ᠮᠠᠰᠢᠨ ︵4m ᠵᠢᠴᠢ ᠲᠡᠭᠦᠨ ᠠᠴᠠ ᠳᠡᠭᠡᠭᠰᠢᠬᠢ ᠡᠪᠡᠰᠦ ᠬᠠᠳᠤᠬᠤ | ᠮᠠᠰᠢᠨ︶ ᠳᠤ ᠨᠥᠬᠦᠪᠥᠷᠢ ᠭᠤᠶᠤᠴᠢᠯᠠᠵᠤ ᠪᠣᠯᠤᠨ᠎ᠠ᠃ ᠮᠠᠯᠵᠢᠬᠤ ᠦᠢᠯᠡᠳᠪᠦᠷᠢᠯᠡᠯ ᠡᠵᠡᠩᠨᠡᠯᠲᠡ ᠶᠢᠨ ᠵᠣᠬᠢᠶᠠᠨ | ᠪᠠᠶᠢᠭᠤᠯᠤᠯᠲᠠ ᠵᠢᠯ ᠳᠤ 3 ᠲᠷᠠᠺᠲ᠋ᠣᠷ ᠪᠣᠯᠤᠨ 3 ᠡᠪᠡᠰᠦ ᠬᠠᠳᠤᠬᠤ ᠮᠠᠰᠢᠨ ᠳᠤ ᠨᠥᠬᠦᠪᠥᠷᠢ ᠭᠤᠶᠤᠴᠢᠯᠠᠵᠤ | ᠪᠣᠯᠤᠨ᠎ᠠ᠃ | ︵ᠭᠤᠷᠪᠠ︶ ᠨᠥᠬᠦᠪᠥᠷᠢ ᠦᠭᠬᠦ ᠪᠠᠷᠢᠮᠵᠢᠶ᠎ᠠ᠃ ᠲᠠᠷᠢᠶᠠᠯᠠᠩ ᠤᠨ ᠮᠠᠰᠢᠨ ᠬᠤᠳᠠᠯᠳᠤᠨ ᠠᠪᠬᠤ | ᠨᠥᠬᠦᠪᠥᠷᠢ ᠳᠤ ᠳᠣᠭᠳᠠᠮᠠᠯ ᠲᠣᠭᠠᠨ ᠤ ᠨᠥᠬᠦᠪᠥᠷᠢ ᠣᠯᠭᠤᠨ᠎ᠡ᠃ ᠮᠠᠨ ᠤ ᠬᠤᠰᠢᠭᠤ ᠨᠢ ᠲᠠᠷᠢᠶᠠᠯᠠᠩ ᠬᠥᠳᠡᠭᠡ | ᠲᠣᠰᠬᠤᠨ ᠤ ᠶᠠᠮᠤᠨ᠂ ᠡᠳ᠋ ᠤᠨ ᠵᠠᠰᠠᠭ ᠤᠨ ᠶᠠᠮᠤᠨ ᠠᠴᠠ ᠨᠡᠶᠢᠲᠡᠯᠡᠭᠰᠡᠨ ᠪᠥᠬᠦ ᠤᠯᠤᠰ ᠤᠨ ᠨᠥᠬᠦᠪᠥᠷᠢ ᠦᠭᠬᠦ | ᠬᠡᠪᠴᠢᠶᠡᠨ ᠳᠠᠬᠢ ᠮᠠᠰᠢᠨ ᠲᠦᠬᠦᠭᠡᠷᠣᠮᠵᠢ ᠶᠢᠨ ᠲᠥᠷᠥᠯ ᠵᠦᠢᠯ ᠤᠨ ᠳᠡᠰ ᠬᠤᠪᠢᠶᠠᠷᠢᠯᠡᠯ ᠢᠶᠠᠷ ᠦᠨᠳᠦᠰᠦᠯᠡᠯ | ᠪᠣᠯᠭᠠᠬᠤ ᠮᠦᠷᠳᠡᠭᠡᠨ ᠠᠳᠠᠯᠢ ᠳᠡᠰ ᠤᠨ ᠦᠢᠯᠡᠳᠬᠦᠨ ᠤ ᠳᠡᠭᠡᠷ᠎ᠡ ᠵᠢᠯ ᠤᠨ ᠵᠠᠬ᠎ᠠ ᠳᠡᠯᠭᠡᠭᠦᠷ ᠤᠨ ᠪᠣᠷᠣᠯᠠᠭᠤᠯᠭ᠎ᠠ ᠶᠢᠨ | ᠳᠤᠮᠳᠠᠴᠢ ᠦᠨ᠎ᠡ ᠶᠢ ᠦᠨᠳᠦᠰᠦᠯᠡᠨ ᠡᠯ᠎ᠡ ᠳᠡᠰ ᠲᠤ ᠦᠭᠬᠦ ᠨᠥᠬᠦᠪᠥᠷᠢ ᠶᠢᠨ ᠬᠠᠮᠤᠭ ᠦᠨᠳᠣᠷ ᠬᠡᠮᠵᠢᠶ᠎ᠡ ᠶᠢ | ᠲᠣᠭᠲᠠᠭᠠᠵᠤ᠂ ᠬᠠᠷᠢᠴᠠᠯ ᠢ 30% ᠠᠴᠠ ᠳᠠᠪᠠᠭᠤᠯᠵᠣ ᠪᠣᠯᠬᠤ ᠥᠬᠡᠶ᠂ ᠨᠡᠶᠢᠳᠡᠮ ᠬᠡᠷᠡᠭᠯᠡᠬᠦ ᠮᠠᠰᠢᠨ | ᠲᠦᠬᠦᠭᠡᠷᠣᠮᠵᠢ ᠶᠢᠨ ᠨᠥᠬᠦᠪᠥᠷᠢ ᠮᠦᠩᠭᠦ ᠶᠢ ᠲᠠᠷᠢᠶᠠᠯᠠᠩ ᠬᠥᠳᠡᠭᠡ ᠲᠣᠰᠬᠤᠨ ᠤ ᠶᠠᠮᠤᠨ᠂ ᠡᠳ᠋ ᠤᠨ ᠵᠠᠰᠠᠭ ᠤᠨ | ᠶᠠᠮᠤᠨ ᠠᠴᠠ ᠨᠡᠶᠢᠲᠡᠯᠡᠭᠰᠡᠨ ᠨᠦᠬᠦᠪᠦᠷᠢ ᠶᠢᠨ ᠬᠠᠮᠤᠭ ᠥᠨᠳᠥᠷ ᠬᠡᠮᠵᠢᠶ᠎ᠡ ᠠᠴᠠ ᠬᠡᠲᠦᠷᠡᠭᠦᠯᠵᠦ ᠪᠣᠯᠬᠤ ᠥᠬᠡᠶ᠂ | ᠪᠣᠳᠠᠲᠠᠶ ᠨᠥᠬᠦᠪᠥᠷᠢ ᠮᠦᠩᠭᠦ ᠶᠢ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ 2021 — | 2023 ᠣᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠦᠭᠬᠦ ᠮᠠᠰᠢᠨ ᠲᠦᠬᠦᠭᠡᠷᠣᠮᠵᠢ ᠶᠢᠨ | ᠨᠥᠬᠦᠪᠥᠷᠢ ᠮᠦᠩᠭᠦ ᠶᠢᠨ ᠨᠠᠷᠢᠨ ᠬᠦᠰᠦᠨᠦᠭᠲᠦ︾ ᠪᠠᠷ ᠯᠠᠪᠯᠠᠯᠲᠠ ᠪᠣᠯᠭᠠᠨ᠎ᠡ᠃ ᠡᠩ ᠤᠨ ᠨᠥᠬᠦᠪᠥᠷᠢ ᠦᠭᠬᠦ ᠮᠠᠰᠢᠨ | ᠨᠢᠭᠡᠪᠦᠷᠢ ᠶᠢᠨ ᠨᠥᠬᠦᠪᠥᠷᠢ ᠶᠢ ᠵᠠᠷᠴᠢᠮ ᠳᠡᠭᠡᠷ᠎ᠡ ᠪᠠᠨ 5 ᠲᠦᠮᠡᠨ ᠲᠥᠭᠦᠷᠢᠭ ᠠᠴᠠ ᠳᠠᠪᠠᠭᠤᠯᠬᠤ ᠥᠬᠡᠶ︔ 100 | ᠮᠣᠷᠢᠨ ᠬᠦᠴᠦ ᠠᠴᠠ ᠳᠡᠭᠡᠭᠰᠢᠬᠢ ᠲᠷᠠᠺᠲ᠋ᠣᠷ᠂ ᠥᠨᠳᠥᠷ ᠴᠢᠳᠡᠪᠬᠢᠳᠤ ᠨᠣᠭᠤᠭᠠᠨ ᠳᠠᠷᠣᠰᠢ ᠶᠢᠨ ᠮᠠᠰᠢᠨ᠂ ᠮᠠᠯ | ᠳᠡᠵᠢᠭᠡᠪᠦᠷᠢ ᠶᠢᠨ ᠢᠯᠭᠠᠳᠠᠰᠣ ᠶᠢ ᠡᠬᠢ ᠪᠠᠶᠠᠯᠢᠭᠵᠢᠭᠤᠯᠤᠨ ᠠᠰᠢᠭᠯᠠᠬᠤ ᠮᠠᠰᠢᠨ ᠨᠢᠭᠡᠪᠦᠷᠢ ᠶᠢᠨ ᠨᠥᠬᠦᠪᠥᠷᠢ ᠶᠢ 15 | ᠲᠦᠮᠡᠨ ᠲᠥᠭᠦᠷᠢᠭ ᠠᠴᠠ ᠳᠠᠪᠠᠭᠤᠯᠬᠤ ᠥᠬᠡᠶ᠃ | 2021 ᠣᠨ ᠠᠴᠠ ᠡᠬᠢᠯᠡᠨ᠂ ᠮᠠᠨ ᠤ ᠬᠤᠰᠢᠭᠤ ᠬᠢᠯᠢ ᠳᠣᠲᠣᠷᠠᠬᠢ ᠬᠠᠳᠠᠭᠠᠯᠠᠯᠲᠠ ᠶᠢᠨ ᠬᠡᠮᠵᠢᠶ᠎ᠡ ᠪᠠᠷ | ᠶᠡᠭᠡ᠂ ᠮᠡᠷᠭᠡᠵᠢᠯ ᠢᠶᠠᠷ ᠬᠠᠷᠢᠴᠠᠩᠭᠤᠶ ᠬᠤᠴᠣᠷᠤᠩᠭᠤᠶ ᠬᠦᠷᠳᠦᠲᠦ ᠲᠷᠠᠺᠲ᠋ᠣᠷ ᠵᠡᠷᠭᠡ ᠮᠠᠰᠢᠨ ᠲᠦᠬᠦᠭᠡᠷᠣᠮᠵᠢ ᠶᠢᠨ | ᠲᠥᠷᠥᠯ ᠵᠦᠢᠯ ᠤᠨ ᠨᠥᠬᠦᠪᠥᠷᠢ ᠶᠢᠨ ᠪᠠᠷᠢᠮᠵᠢᠶ᠎ᠠ ᠶᠢ ᠳᠣᠷᠣᠭᠰᠢᠯᠠᠭᠤᠯᠵᠤ᠂ ᠡᠭᠦᠨ ᠳᠤ 2023 ᠣᠨ ᠪᠣᠯᠬᠤ ᠳᠤ | ᠬᠦᠷᠳᠦᠲᠦ ᠲᠷᠠᠺᠲ᠋ᠣᠷ ᠤᠨ ᠲᠥᠷᠥᠯ ᠵᠦᠢᠯ ᠤᠨ ᠨᠥᠬᠦᠪᠥᠷᠢ ᠶᠢᠨ ᠬᠠᠷᠢᠴᠠᠯ ᠢ 15% ᠠᠴᠠ ᠳᠣᠷᠣᠭᠰᠢ ᠪᠣᠯᠭᠠᠨ᠎ᠠ᠃ | ᠮᠡᠷᠭᠡᠵᠢᠯ ᠢᠶᠠᠷ ᠬᠠᠷᠢᠴᠠᠩᠭᠤᠶ ᠬᠤᠴᠣᠷᠤᠩᠭᠤᠶ ᠪᠤᠶᠤ ᠲᠣᠣᠷ᠎ᠠ ᠲᠠᠰ ᠳᠠᠪᠬᠤᠷᠭ᠎ᠠ ᠶᠢᠨ ᠮᠠᠰᠢᠨ ᠢ ᠨᠥᠬᠦᠪᠥᠷᠢ ᠦᠭᠬᠦ | ᠬᠡᠪᠴᠢᠶ᠎ᠡ ᠠᠴᠠ ᠠᠯᠭᠤᠷ ᠢᠶᠠᠷ ᠭᠠᠷᠭᠠᠵᠤ᠂ 2021 ᠣᠨ ᠳᠤ 30 ᠮᠣᠷᠢᠨ ᠬᠦᠴᠦ ︵30 ᠮᠣᠷᠢᠨ ᠬᠦᠴᠦ ᠶᠢ | ᠪᠠᠭᠳᠠᠭᠠᠬᠤ ᠥᠬᠡᠶ︶ ᠠᠴᠠ ᠳᠣᠷᠣᠭᠰᠢᠬᠢ ᠬᠦᠷᠳᠦᠲᠦ ᠲᠷᠠᠺᠲ᠋ᠣᠷ ᠢ ᠨᠥᠬᠦᠪᠥᠷᠢ ᠦᠭᠬᠦ ᠬᠡᠪᠴᠢᠶ᠎ᠡ ᠠᠴᠠ ᠭᠠᠷᠭᠠᠨ᠎ᠠ᠃ | | ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠠᠴᠠ ᠮᠠᠰᠢᠨ ᠬᠤᠳᠠᠯᠳᠤᠨ ᠠᠪᠤᠭᠴᠢᠳ ᠢ | ᠬᠥᠲᠥᠯᠦᠨ ᠵᠢᠯᠣᠭᠤᠳᠴᠤ᠂ ᠡᠯ᠎ᠡ ᠲᠠᠰ ᠳᠠᠪᠬᠤᠷᠭ᠎ᠠ ᠶᠢᠨ ᠨᠥᠬᠦᠪᠥᠷᠢ ᠶᠢᠨ ᠨᠣᠷᠮ᠎ᠠ ᠶᠢ ᠦᠨᠳᠦᠰᠦᠯᠡᠨ ᠪᠡᠶ᠎ᠡ ᠪᠠᠨ | ᠳᠠᠭᠠᠭᠠᠨ ᠦᠨ᠎ᠡ ᠬᠡᠯᠡᠯᠴᠡᠵᠣ᠂ ᠪᠣᠳᠠᠲᠠᠶ ᠪᠦᠲᠦᠭᠡᠭᠳᠡᠬᠦᠨ ᠤ ᠨᠥᠬᠦᠪᠥᠷᠢ ᠮᠦᠩᠭᠦ ᠶᠢ ᠳᠠᠭᠢᠵᠤ ᠨᠡᠶᠢᠲᠡᠯᠡᠬᠦ ᠥᠬᠡᠶ᠃ | ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠶᠠᠪᠤᠴᠠ ᠳᠤ ᠪᠣᠳᠠᠲᠠᠶ ᠦᠢᠯᠡᠳᠬᠦᠨ ᠪᠤᠶᠤ ᠲᠠᠰ ᠳᠠᠪᠬᠤᠷᠭ᠎ᠠ ᠶᠢᠨ | ᠲᠥᠪ ᠤᠨ ᠡᠳ᠋ ᠤᠨ ᠵᠠᠰᠠᠭ ᠤᠨ ᠪᠠᠯᠠ ᠮᠥᠩᠭᠦ ᠶᠢᠨ ᠪᠣᠳᠠᠲᠠᠶ ᠨᠥᠬᠦᠪᠥᠷᠢ ᠶᠢᠨ ᠬᠠᠷᠢᠴᠠᠯ ᠨᠢ 50% ᠠᠴᠠ | ᠬᠡᠲᠦᠷᠡᠭᠰᠡᠨ ᠢ ᠣᠯᠵᠤ ᠮᠡᠳᠡᠪᠡᠯ᠂ ᠴᠠᠭ ᠲᠤᠬᠠᠶ ᠳᠤᠨᠢ ᠪᠠᠶᠢᠴᠠᠭᠠᠨ ᠳᠣᠳᠣᠯᠠᠵᠣ᠂ ᠲᠣᠭᠲᠠᠭᠠᠯ ᠠᠴᠠ ᠵᠥᠷᠢᠴᠡᠭᠰᠡᠨ | ᠪᠠᠶᠢᠳᠠᠯ ᠢᠯᠡᠷᠡᠪᠡᠯ᠂ ᠬᠠᠮᠢᠶ᠎ᠠ ᠪᠥᠬᠦᠶ ᠲᠥᠷᠥ ᠶᠢᠨ ᠪᠣᠳᠣᠯᠭ᠎ᠠ ᠪᠠ ᠲᠣᠭᠲᠠᠭᠠᠯ ᠶᠣᠰᠣᠭᠠᠷ ᠰᠢᠢᠳᠪᠦᠷᠢᠯᠡᠬᠦ ᠬᠡᠷᠡᠭᠲᠡᠶ᠃ | ᠨᠥᠬᠦᠪᠥᠷᠢ ᠭᠤᠶᠤᠴᠢᠯᠠᠬᠤ ᠳᠤ ᠲᠣᠭᠲᠠᠭᠠᠯ ᠠᠴᠠ ᠵᠥᠷᠢᠴᠡᠭᠰᠡᠨ ᠪᠠᠶᠢᠳᠠᠯ ᠥᠬᠡᠶ ᠪᠣᠯ᠂ ᠲᠣᠭᠲᠠᠭᠠᠯ ᠶᠣᠰᠣᠭᠠᠷ | ᠨᠥᠬᠦᠪᠥᠷᠢ ᠮᠦᠩᠭᠦ ᠲᠠᠷᠬᠠᠭᠠᠬᠤ ᠶᠢᠨ ᠬᠠᠮᠲᠤ᠂ ᠬᠠᠮᠢᠶ᠎ᠠ ᠪᠥᠬᠦᠶ ᠦᠢᠯᠡᠳᠬᠦᠨ ᠵᠢᠴᠢ ᠲᠠᠰ ᠳᠠᠪᠬᠤᠷᠭ᠎ᠠ ᠶᠢ | ᠦᠨᠡᠯᠡᠨ ᠳᠣᠭᠳᠠᠭᠠᠵᠣ᠂ ᠦᠨᠡᠯᠡᠨ ᠲᠣᠭᠳᠠᠭᠠᠭᠰᠠᠨ ᠪᠠᠶᠢᠳᠠᠯ ᠢ ᠠᠶᠢᠮᠠᠭ ᠤᠨ ᠲᠠᠷᠢᠶᠠᠯᠠᠩ ᠮᠠᠯ ᠠᠵᠤ ᠠᠬᠤᠶ ᠶᠢᠨ | ᠲᠣᠪᠴᠢᠶ᠎ᠠ ᠪᠣᠯᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠶᠢᠨ ᠲᠢᠩᠬᠢᠮ ᠳᠤ ᠮᠡᠳᠡᠭᠦᠯᠬᠦ | ᠬᠡᠷᠡᠭᠲᠡᠶ᠃ | ᠬᠤᠰᠢᠭᠤ ᠱᠠᠳᠣᠨ ᠤ ᠲᠤᠰᠬᠠᠶ ᠨᠥᠬᠦᠪᠥᠷᠢ ᠮᠥᠩᠭᠦ ᠶᠢᠨ ᠬᠠᠮᠤᠭ ᠥᠨᠳᠥᠷ ᠬᠠᠷᠢᠴᠠᠯ ᠢ 50% ᠠᠴᠠ | ᠳᠠᠪᠠᠭᠤᠯᠬᠤ ᠥᠬᠡᠶ︔ ᠭᠤᠷᠪᠠᠨ ᠱᠠᠲᠤᠨ ᠤ ︵ᠲᠥᠪ ᠤᠨ ᠡᠳ᠋ ᠤᠨ ᠵᠠᠰᠠᠭ + ᠥᠪᠡᠷᠲᠡᠭᠡᠨ ᠵᠠᠰᠠᠬᠤ ᠣᠷᠣᠨ ᠤ | ᠡᠳ᠋ ᠤᠨ ᠵᠠᠰᠠᠭ + ᠣᠷᠣᠨ ᠨᠤᠲᠤᠭ ᠤᠨ ᠢᠵᠢ ᠪᠥᠷᠢᠳᠦᠭᠦᠯᠬᠦ ᠪᠠᠯᠠ ᠮᠥᠩᠭᠦ︶ ᠨᠡᠶᠢᠳᠡ ᠨᠥᠬᠦᠪᠥᠷᠢ ᠶᠢᠨ ᠬᠠᠮᠤᠭ | ᠥᠨᠳᠥᠷ ᠬᠠᠷᠢᠴᠠᠯ ᠢ 70% ᠠᠴᠠ ᠳᠠᠪᠠᠭᠤᠯᠬᠤ ᠥᠬᠡᠶ︔ ᠥᠪᠡᠷᠲᠡᠭᠡᠨ ᠵᠠᠰᠠᠬᠤ ᠣᠷᠣᠨ ᠤ ᠨᠥᠬᠦᠪᠥᠷᠢ ᠶᠢᠨ | ᠬᠡᠮᠵᠢᠶ᠎ᠡ ᠪᠠᠷ ᠨᠡᠯᠢᠶᠡᠳ ᠳᠣᠤᠷ᠎ᠠ ᠮᠠᠰᠢᠨ ᠲᠦᠬᠦᠭᠡᠷᠣᠮᠵᠢ ︵ᠵᠢᠱᠢᠶᠡᠯᠡᠪᠡᠯ ᠨᠠᠷᠠ ᠰᠠᠯᠬᠢᠨ ᠤ ᠡᠨᠧᠷᠬᠢ ᠪᠠᠷ ᠤᠰᠤ | ᠲᠠᠲᠠᠬᠤ ᠲᠥᠬᠦᠭᠡᠷᠦᠮᠵᠢ ᠵᠡᠷᠭᠡ︶ ᠳᠤ᠂ ᠮᠠᠨ ᠤ ᠬᠤᠰᠢᠭᠤᠨ ᠤ ᠣᠷᠣᠨ ᠨᠤᠲᠤᠭ ᠤᠨ ᠢᠵᠢ ᠪᠥᠷᠢᠳᠦᠭᠦᠯᠬᠦ ᠪᠠᠯᠠ | ᠮᠥᠩᠭᠦ ᠠᠴᠠ ᠨᠡᠮᠡᠵᠣ ᠨᠥᠬᠦᠪᠥᠷᠢ ᠣᠯᠭᠤᠵᠣ᠂ ᠵᠠᠷᠴᠢᠮ ᠳᠡᠭᠡᠷ᠎ᠡ ᠪᠠᠨ ᠮᠠᠰᠢᠨ ᠲᠦᠬᠦᠭᠡᠷᠣᠮᠵᠢ ᠶᠢᠨ | ᠪᠣᠷᠣᠯᠠᠭᠤᠯᠤᠯᠲᠠ ᠶᠢᠨ ᠬᠠᠩᠰᠢ ᠶᠢᠨ 50% ᠠᠴᠠ ᠬᠡᠲᠦᠷᠡᠭᠦᠯᠵᠦ ᠪᠣᠯᠬᠤ ᠥᠬᠡᠶ᠃ ᠲᠡᠵᠢᠭᠡᠯ ᠪᠣᠷᠳᠤᠭ᠎ᠠ | ᠵᠢᠭᠤᠷᠠᠬᠤ ᠮᠠᠰᠢᠨ᠂ ᠨᠠᠷᠠ ᠰᠠᠯᠬᠢᠨ ᠤ ᠡᠨᠧᠷᠬᠢ ᠪᠠᠷ ᠤᠰᠤ ᠲᠠᠲᠠᠬᠤ ᠲᠥᠬᠦᠭᠡᠷᠦᠮᠵᠢ᠂ ᠪᠦᠦ ᠳ᠋ᠢᠩ ᠵᠢᠶᠠᠰᠠ᠂ | ᠬᠢᠵᠢᠭ ᠰᠡᠷᠭᠡᠶᠢᠯᠡᠬᠦ ᠵᠠᠮ᠂ ᠡᠮᠲᠦ ᠤᠬᠢᠶᠠᠯᠭ᠎ᠠ ᠶᠢᠨ ᠮᠠᠰᠢᠨ᠂ ᠲᠤᠮᠤ ᠬᠡᠯᠪᠡᠷᠢ ᠶᠢᠨ ᠲᠷᠠᠺᠲ᠋ᠣᠷ ︵100 ᠮᠤᠷᠢᠨ | ᠬᠦᠴᠦ ᠠᠴᠠ ᠳᠡᠭᠡᠭᠰᠢ︶᠂ ᠨᠡᠭᠦᠳᠡᠯ ᠮᠠᠯᠵᠢᠯ ᠤᠨ ᠠᠵᠢᠯᠯᠠᠭᠠᠨ ᠤ ᠭᠡᠷ ᠵᠡᠷᠭᠡ ᠨᠥᠬᠦᠪᠥᠷᠢ ᠶᠢᠨ ᠬᠡᠮᠵᠢᠶ᠎ᠡ ᠪᠠᠷ | ᠨᠡᠯᠢᠶᠡᠳ ᠶᠡᠭᠡ ᠮᠠᠰᠢᠨ ᠲᠦᠬᠦᠭᠡᠷᠣᠮᠵᠢ ᠶᠢ ᠬᠤᠳᠠᠯᠳᠤᠨ ᠠᠪᠬᠤ ᠪᠠᠷ ᠭᠤᠶᠤᠴᠢᠯᠠᠬᠤ ᠳᠤ ᠰᠤᠮᠤ ᠪᠠᠯᠭᠠᠰᠤ ᠪᠣᠯᠤᠨ | ᠭᠠᠴᠠᠭ᠎ᠠ ᠠᠴᠠ ᠪᠢᠴᠢᠭ ᠤᠨ ᠬᠡᠯᠪᠡᠷᠢ ᠶᠢᠨ ᠭᠡᠷᠡᠴᠢ ᠪᠢᠴᠢᠭ ᠠᠪᠬᠤ ᠬᠡᠷᠡᠭᠲᠠᠢ ︵ᠡᠯ᠎ᠡ ᠰᠤᠮᠤ ᠪᠠᠯᠭᠠᠰᠤ ᠪᠣᠯᠤᠨ | ᠭᠠᠴᠠᠭ᠎ᠠ ᠨᠢ ᠮᠠᠯᠵᠢᠬᠤ ᠡᠷᠦᠭᠡ ᠶᠢᠨ ᠪᠣᠳᠠᠲᠤ ᠪᠠᠶᠢᠳᠠᠯ ᠢ ᠴᠢᠩᠭ᠎ᠠ ᠬᠢᠨᠠᠨ ᠪᠠᠶᠢᠴᠠᠭᠠᠵᠣ᠂ ᠰᠤᠮᠤ ᠪᠠᠯᠭᠠᠰᠣᠨ ᠤ | ᠵᠠᠰᠠᠭ ᠤᠨ ᠣᠷᠳᠣᠨ ᠤ ᠭᠤᠤᠯ ᠤᠳᠤᠷᠢᠳᠤᠯᠭ᠎ᠠ ᠪᠣᠯᠤᠨ ᠭᠠᠴᠠᠭᠠᠨ ᠳᠠᠷᠤᠭ᠎ᠠ ᠠᠴᠠ ᠬᠢᠨᠠᠨ ᠬᠠᠷᠭᠤᠭᠤᠯᠵᠤ ᠭᠠᠷ ᠤᠨ | ᠥᠰᠥᠭ ᠵᠢᠷᠤᠵᠤ᠂ ᠨᠥᠬᠦᠴᠡᠯ ᠳᠤ ᠨᠡᠶᠢᠴᠡᠬᠦ ᠥᠬᠡᠶ ᠪᠣᠯ ᠭᠡᠷᠡᠴᠢ ᠬᠠᠩᠭᠠᠵᠣ ᠪᠣᠯᠬᠤ ᠥᠬᠡᠶ︶᠃ ᠡᠭᠦᠨ ᠠᠴᠠ | ᠭᠠᠳᠠᠨ᠎ᠠ᠂ ᠨᠥᠬᠦᠪᠥᠷᠢ ᠶᠢᠨ ᠨᠠᠷᠢᠨ ᠬᠦᠰᠦᠨᠦᠭᠲᠦ ᠳᠤ ᠪᠠᠭᠳᠠᠬᠤ ᠦᠭᠡᠢ ᠪᠣᠯᠪᠠᠴᠣ ᠮᠠᠨ ᠤ ᠬᠤᠰᠢᠭᠤᠨ ᠤ ᠮᠠᠯᠵᠢᠬᠤ | ᠦᠢᠯᠡᠳᠪᠦᠷᠢᠯᠡᠯ ᠳᠤ ᠳᠣᠭᠢᠷᠠᠬᠤ ᠲᠠᠷᠢᠶᠠᠯᠠᠩ ᠤᠨ ᠮᠠᠰᠢᠨ ᠲᠦᠬᠦᠭᠡᠷᠣᠮᠵᠢ ᠳᠤ ᠬᠤᠰᠢᠭᠤ ᠡᠳ᠋ ᠤᠨ ᠵᠠᠰᠠᠭ ᠤᠨ ᠢᠵᠢ | ᠪᠥᠷᠢᠳᠦᠭᠦᠯᠬᠦ ᠪᠠᠯᠠ ᠮᠥᠩᠭᠦ ᠶᠢᠨ ᠰᠢᠰᠲ᠋ᠧᠮ ᠤᠨ ᠭᠠᠳᠠᠨᠠᠬᠢ ᠠᠵᠢᠯᠯᠠᠭᠠᠨ ᠤ ᠨᠥᠬᠦᠪᠥᠷᠢ ᠶᠢ ᠬᠡᠷᠡᠭᠯᠡᠵᠣ᠂ | ᠨᠥᠬᠦᠪᠥᠷᠢ ᠮᠥᠩᠭᠦ ᠶᠢ ︽ ᠨᠢᠭᠡ ᠺᠠᠷᠲ︾ ᠪᠠᠷ ᠲᠠᠷᠬᠠᠭᠠᠨ᠎ᠠ᠃ | ᠣᠨ ᠤ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠨᠥᠬᠦᠪᠥᠷᠢ ᠮᠥᠩᠭᠦ ᠠᠴᠠ ᠳᠠᠪᠠᠭᠤᠯᠵᠣ | ᠪᠣᠯᠬᠤ ᠦᠭᠡᠢ᠃ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠠᠴᠠ ᠨᠡᠮᠡᠵᠣ ᠨᠥᠬᠦᠪᠥᠷᠢ ᠦᠭᠬᠦ | ᠦᠢᠯᠡᠳᠬᠦᠨ ᠤ ᠨᠥᠬᠦᠪᠥᠷᠢ ᠮᠦᠩᠭᠦ ᠨᠢ ᠲᠥᠪ ᠤᠨ ᠡᠳ᠋ ᠤᠨ ᠵᠠᠰᠠᠭ ᠤᠨ ᠳᠣᠭᠳᠠᠮᠠᠯ ᠲᠣᠭᠠᠨ ᠤ ᠨᠥᠬᠦᠪᠥᠷᠢ ᠶᠢᠨ | ᠭᠤᠷᠪᠠᠨ ᠤ ᠨᠢᠭᠡ ᠠᠴᠠ ᠬᠡᠲᠦᠷᠡᠬᠦ ᠥᠬᠡᠶ ᠮᠥᠷᠲᠡᠭᠡᠨ ᠨᠡᠮᠡᠵᠣ ᠦᠭᠬᠦ ᠨᠥᠬᠦᠪᠥᠷᠢ ᠶᠢᠨ ᠲᠤᠭ᠎ᠠ ᠨᠢ 3 ᠲᠦᠮᠡᠨ | ᠲᠥᠭᠦᠷᠢᠭ ᠠᠴᠠ ᠬᠡᠳᠣᠷᠡᠵᠣ ᠪᠣᠯᠬᠤ ᠥᠬᠡᠶ᠂ ᠪᠣᠳᠠᠲᠠᠶ ᠪᠠᠷ ︽ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ 2021 — 2023 ᠣᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠦᠭᠬᠦ | ᠮᠠᠰᠢᠨ ᠲᠦᠬᠦᠭᠡᠷᠣᠮᠵᠢ ᠶᠢᠨ ᠨᠥᠬᠦᠪᠥᠷᠢ ᠮᠦᠩᠭᠦ ᠶᠢᠨ ᠨᠠᠷᠢᠨ ᠬᠦᠰᠦᠨᠦᠭᠲᠦ︾ ᠠᠴᠠ ᠯᠠᠪᠯᠠᠭᠠᠷᠠᠢ᠃ | ᠲᠠᠪᠤ᠂ ᠨᠥᠬᠦᠪᠥᠷᠢ ᠮᠥᠩᠭᠦ ᠶᠢᠨ ᠬᠤᠪᠢᠶᠠᠷᠢᠯᠠᠯᠲᠠ ᠪᠠ ᠬᠡᠷᠡᠭᠯᠡᠯᠲᠡ | ︵ᠨᠢᠭᠡ︶ ᠨᠥᠬᠦᠪᠥᠷᠢ ᠮᠥᠩᠭᠦ ᠶᠢᠨ ᠬᠤᠪᠢᠶᠠᠷᠢᠯᠠᠯᠲᠠ᠃ 2021 ᠣᠨ ᠳᠤ᠂ ᠲᠠᠷᠢᠶᠠᠯᠠᠩ ᠤᠨ ᠮᠠᠰᠢᠨ | ᠬᠤᠳᠠᠯᠳᠤᠨ ᠠᠪᠬᠤ ᠳᠤ ᠨᠥᠬᠦᠪᠥᠷᠢ ᠦᠭᠬᠦ ᠨᠢ ᠮᠠᠨ ᠤ ᠬᠤᠰᠢᠭᠤᠨ ᠤ ᠪᠦᠬᠦ ᠰᠤᠮᠤ ᠪᠠᠯᠭᠠᠰᠤ ︵ᠲᠠᠯᠠᠪᠠᠶ︶ ᠶᠢ | ᠬᠠᠮᠤᠷᠴᠤ᠂ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠦᠭᠬᠦ ᠬᠠᠮᠢᠶᠠᠷᠤᠯᠲᠠ ᠶᠢᠨ ᠰᠢᠰᠲ᠋ᠧᠮ | ᠢᠶᠠᠷ ᠬᠡᠷᠡᠭᠵᠢᠬᠦᠯᠦᠨ᠎ᠡ᠃ 2021 ᠣᠨ ᠳᠤ᠂ ᠮᠠᠨ ᠤ ᠬᠤᠰᠢᠭᠤᠨ ᠤ ᠡᠯ᠎ᠡ ᠱᠠᠲᠤᠨ ᠤ ᠲᠠᠷᠢᠶᠠᠯᠠᠩ ᠤᠨ ᠮᠠᠰᠢᠨ | ᠬᠤᠳᠠᠯᠳᠤᠨ ᠠᠪᠬᠤ ᠨᠥᠬᠦᠪᠥᠷᠢ ᠮᠥᠩᠭᠦ ᠨᠡᠶᠢᠲᠡ 682.4 ᠲᠦᠮᠡᠨ ᠲᠥᠭᠦᠷᠢᠭ ᠪᠠᠶᠢᠵᠤ᠂ ᠡᠭᠦᠨ ᠳᠤ᠄ | ᠲᠥᠪ ᠤᠨ ᠡᠳ᠋ ᠤᠨ ᠵᠠᠰᠠᠭ ᠤᠨ ᠨᠢᠭᠡᠳᠦᠭᠡᠷ ᠪᠦᠯᠦᠭ ᠤᠨ ᠨᠥᠬᠦᠪᠥᠷᠢ ᠮᠥᠩᠭᠦ 421.96 ᠲᠦᠮᠡᠨ ᠲᠥᠭᠦᠷᠢᠭ ︵ | 2021 ᠣᠨ ᠤ ᠲᠥᠪ ᠤᠨ ᠡᠳ᠋ ᠤᠨ ᠵᠠᠰᠠᠭ ᠤᠨ ᠨᠥᠬᠦᠪᠥᠷᠢ ᠮᠥᠩᠭᠦ 408 ᠲᠦᠮᠡᠨ ᠲᠥᠭᠦᠷᠢᠭ᠂ 2020 | ᠣᠨ ᠤ ᠲᠥᠪ ᠤᠨ ᠨᠥᠬᠦᠪᠥᠷᠢ ᠮᠥᠩᠭᠦ ᠶᠢᠨ ᠦᠯᠡᠳᠡᠪᠦᠷᠢ 13.96 ᠲᠦᠮᠡᠨ ᠲᠥᠭᠦᠷᠢᠭ︶᠂ ᠥᠪᠡᠷᠲᠡᠭᠡᠨ | ᠵᠠᠰᠠᠬᠤ ᠣᠷᠣᠨ ᠤ ᠡᠳ᠋ ᠤᠨ ᠵᠠᠰᠠᠭ ᠤᠨ ᠨᠥᠬᠦᠪᠥᠷᠢ ᠮᠥᠩᠭᠦ 60.44 ᠲᠦᠮᠡᠨ ᠲᠥᠭᠦᠷᠢᠭ ︵2021 ᠣᠨ ᠳᠤ | ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠨᠥᠬᠦᠪᠥᠷᠢ ᠮᠥᠩᠭᠦ 60 ᠲᠦᠮᠡᠨ ᠲᠥᠭᠦᠷᠢᠭ᠂ 2020 | ᠣᠨ ᠤ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠨᠥᠬᠦᠪᠥᠷᠢ ᠮᠥᠩᠭᠦ ᠶᠢᠨ ᠦᠯᠡᠳᠡᠪᠦᠷᠢ 0.44 | ᠲᠦᠮᠡᠨ ᠲᠥᠭᠦᠷᠢᠭ︶᠂ ᠬᠤᠰᠢᠭᠤ ᠡᠳ᠋ ᠤᠨ ᠵᠠᠰᠠᠭ ᠤᠨ ᠢᠵᠢ ᠪᠦᠷᠢᠳᠦᠭᠦᠯᠦᠭᠰᠡᠨ ᠪᠡᠯᠡ ᠮᠦᠩᠭᠦ 200 ᠲᠦᠮᠡᠨ | ᠲᠦᠭᠦᠷᠢᠭ ᠪᠣᠯᠣᠨ᠎ᠠ᠃ | ︵ᠬᠤᠶᠠᠷ︶ ᠨᠥᠬᠦᠪᠥᠷᠢ ᠮᠥᠩᠭᠦ ᠶᠢᠨ ᠬᠡᠷᠡᠭᠯᠡᠯᠲᠡ᠃ ᠲᠠᠷᠢᠶᠠᠯᠠᠩ ᠤᠨ ᠮᠠᠰᠢᠨ ᠬᠤᠳᠠᠯᠳᠤᠨ ᠠᠪᠬᠤ | ᠨᠥᠬᠦᠪᠥᠷᠢ ᠶᠢ ᠭᠤᠣᠯᠳᠠᠭᠤ ᠲᠡᠷᠢᠭᠦᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠵᠢᠴᠢ ᠬᠤᠯᠪᠣᠭᠳᠠᠯ ᠪᠦᠬᠦᠢ | ᠲᠤᠷᠰᠢᠯᠲᠠ ᠴᠡᠭ ᠪᠠ ᠲᠠᠷᠢᠶᠠᠯᠠᠩ ᠤᠨ ᠮᠠᠰᠢᠨ ᠢ ᠬᠡᠷᠡᠭᠯᠡᠭᠡᠨ ᠠᠴᠠ ᠭᠠᠷᠭᠠᠵᠤ ᠰᠢᠨᠡᠳᠬᠡᠬᠦ ᠵᠡᠷᠭᠡ ᠲᠠᠯ᠎ᠠ ᠳᠤ | ᠬᠡᠷᠡᠭᠯᠡᠨ᠎ᠡ᠃ 2021 ᠣᠨ ᠳᠤ᠂ ᠮᠠᠨ ᠤ ᠬᠤᠰᠢᠭᠤ ᠭᠤᠣᠯᠳᠠᠭᠤ ᠪᠣᠷᠳᠤᠭ᠎ᠠ ᠵᠢᠭᠤᠷᠠᠬᠤ ᠮᠠᠰᠢᠨ᠂ ᠪᠦᠦ ᠳ᠋ᠢᠩ | ᠵᠢᠶᠠ᠂ ᠬᠢᠵᠢᠭ ᠢ ᠰᠡᠷᠭᠡᠶᠢᠯᠡᠬᠦ ᠵᠠᠮ᠂ ᠬᠤᠨᠢ ᠬᠠᠶᠢᠴᠢᠯᠠᠬᠤ ᠮᠠᠰᠢᠨ᠂ ᠡᠮᠲᠦ ᠤᠬᠢᠶᠠᠯᠭ᠎ᠠ ᠶᠢᠨ ᠮᠠᠰᠢᠨ᠂ ᠨᠡᠭᠦᠳᠡᠯ | ᠮᠠᠯᠵᠢᠯ ᠤᠨ ᠠᠵᠢᠯᠯᠠᠭᠠᠨ ᠤ ᠬᠡᠷ᠂ ᠰᠦ ᠰᠠᠭᠠᠬᠤ ᠮᠠᠰᠢᠨ᠂ ᠨᠠᠷᠠ ᠰᠠᠯᠬᠢᠨ ᠤ ᠡᠨᠧᠷᠬᠢ ᠪᠠᠷ ᠴᠠᠬᠢᠯᠭᠠᠨ ᠭᠠᠷᠭᠠᠬᠤ | ᠲᠦᠬᠦᠭᠡᠷᠣᠮᠵᠢ ᠵᠡᠷᠭᠡ ᠶᠢ ᠳᠡᠯᠭᠡᠷᠡᠬᠦᠯᠬᠦ ᠳᠤ ᠨᠦᠬᠦᠪᠦᠷᠢ ᠣᠯᠭᠤᠨ᠎ᠠ᠃ | ᠲᠠᠷᠢᠶᠠᠯᠠᠩ ᠤᠨ ᠮᠠᠰᠢᠨ ᠢ ᠬᠡᠷᠡᠭᠯᠡᠭᠡᠨ ᠠᠴᠠ ᠭᠠᠷᠭᠠᠵᠤ ᠰᠢᠨᠡᠳᠬᠡᠬᠦ ᠠᠵᠢᠯ ᠨᠢ ︽︿ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠤᠨ ᠮᠠᠰᠢᠨ ᠢ ᠬᠡᠷᠡᠭᠯᠡᠭᠡᠨ ᠠᠴᠠ ᠭᠠᠷᠭᠠᠵᠤ ᠰᠢᠨᠡᠳᠬᠡᠬᠦ ᠳᠤ ᠨᠥᠬᠦᠪᠥᠷᠢ | ᠥᠭᠬᠦ ᠬᠡᠷᠡᠭᠵᠢᠭᠦᠯᠬᠦ ᠲᠥᠰᠦᠯ﹀ ᠢ ᠳᠠᠷᠤᠮᠠᠯᠯᠠᠨ ᠲᠠᠷᠬᠠᠭᠠᠬᠤ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠲᠠᠷᠢᠶᠠᠯᠠᠩ ᠮᠠᠯ ᠠᠵᠤ ᠠᠬᠤᠶ ᠶᠢᠨ ᠲᠢᠩᠬᠢᠮ᠂ ᠡᠳ᠋ ᠤᠨ ᠵᠠᠰᠠᠭ ᠤᠨ ᠲᠢᠩᠬᠢᠮ᠂ ᠬᠤᠳᠠᠯᠳᠤᠭᠠᠨ ᠤ | ᠶᠠᠪᠤᠳᠠᠯ ᠤᠨ ᠲᠢᠩᠬᠢᠮ ᠤᠨ ᠮᠡᠳᠡᠭᠳᠡᠯ︾ ︵ᠥᠪᠥᠷ ᠲᠠᠷᠢᠶᠠᠯᠠᠩ ᠮᠠᠯ ᠠᠵᠤ ᠠᠬᠤᠶ ᠮᠠᠰᠢᠨ ᠲᠠᠷᠬᠠᠭᠠᠭᠰᠠᠨ ︹ | 2020 ︺ 280 ᠲᠣᠭᠠᠲᠤ︶ ᠶᠣᠰᠣᠭᠠᠷ ᠬᠡᠷᠡᠭᠵᠢᠭᠦᠯᠦᠨ᠎ᠡ᠃ | ᠵᠢᠷᠭᠤᠭ᠎ᠠ᠂ ᠬᠡᠷᠡᠭᠵᠢᠬᠦᠯᠬᠦ ᠳᠡᠰ ᠳᠠᠷᠠᠭᠠᠯᠠᠯ | ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠲᠥᠷᠥ ᠶᠢᠨ ᠪᠣᠳᠣᠯᠭ᠎ᠠ ᠶᠢ ︽ | ᠥᠪᠡᠰᠦᠪᠡᠨ ᠮᠠᠰᠢᠨ ᠬᠤᠳᠠᠯᠳᠤᠨ ᠠᠪᠬᠤ᠂ ᠳᠣᠭᠳᠠᠮᠠᠯ ᠲᠤᠭ᠎ᠠ ᠪᠠᠷ ᠨᠥᠬᠦᠪᠥᠷᠢ ᠥᠭᠬᠦ᠂ ᠤᠷᠢᠳᠠᠪᠠᠷ ᠬᠤᠳᠠᠯᠳᠤᠨ | ᠠᠪᠴᠤ ᠳᠠᠷᠠᠭ᠎ᠠ ᠨᠢ ᠨᠥᠬᠦᠪᠥᠷᠢ ᠥᠭᠬᠦ᠂ ᠬᠤᠰᠢᠭᠤ ᠰᠢᠶᠠᠨ ᠤ ᠱᠠᠲᠤᠨ ᠠᠴᠠ ᠳ᠋ᠦᠩᠨᠡᠨ ᠪᠤᠳᠤᠬᠤ᠂ ᠨᠦᠬᠦᠪᠦᠷᠢ | ᠮᠦᠩᠭᠦ ᠶᠢ ᠰᠢᠭᠤᠳ ᠺᠠᠷᠲ ︵ᠡᠷᠦᠬᠡ︶ ᠳᠤ ᠲᠠᠷᠬᠠᠭᠠᠬᠤ︾ ᠠᠷᠭ᠎ᠠ ᠮᠠᠶ᠋ᠢᠭ ᠢᠶᠠᠷ ᠬᠡᠷᠡᠭᠵᠢᠭᠦᠯᠦᠨ᠎ᠡ᠃ ᠡᠵᠡᠨ | ᠮᠡᠳᠡᠨ ᠮᠠᠰᠢᠨ ᠬᠤᠳᠠᠯᠳᠣᠨ ᠠᠪᠴᠣ᠂ ᠵᠠᠬ᠎ᠠ ᠳᠡᠯᠭᠡᠬᠦᠷᠴᠢᠯᠡᠭᠰᠡᠨ ᠵᠠᠷᠴᠢᠮ ᠶᠣᠰᠣᠭᠠᠷ ᠲᠠᠷᠢᠶᠠᠯᠠᠩ ᠤᠨ ᠮᠠᠰᠢᠨ ᠤ | ᠠᠵᠤ ᠠᠬᠤᠶᠢᠯᠠᠯ ᠲᠠᠢ ᠦᠪᠡᠷᠳᠡᠭᠡᠨ ᠵᠥᠪᠳᠡᠯᠴᠡᠵᠦ ᠮᠠᠰᠢᠨ ᠬᠤᠳᠠᠯᠳᠤᠨ ᠠᠪᠬᠤ ᠦᠨ᠎ᠡ ᠬᠠᠩᠰᠢ ᠪᠣᠯᠤᠨ ᠳᠠᠩᠰᠠ | ᠪᠣᠳᠣᠬᠤ ᠠᠷᠭ᠎ᠠ ᠮᠠᠶ᠋ᠢᠭ ᠢᠶᠠᠨ ᠲᠣᠭᠲᠠᠭᠠᠬᠤ ᠶᠢᠨ ᠬᠠᠮᠲᠤ ᠠᠷᠠᠯᠵᠢᠶᠠᠨ ᠤ ᠦᠨᠡᠨ ᠪᠣᠳᠠᠲᠤ ᠴᠢᠨᠠᠷ᠂ ᠪᠦᠲᠦᠮᠵᠢᠲᠦ | ᠴᠢᠨᠠᠷ ᠪᠣᠯᠤᠨ ᠡᠭᠦᠰᠴᠦ ᠮᠡᠳᠡᠬᠦ ᠵᠢᠭᠤᠷᠠᠯᠳᠤᠭᠠᠨ ᠳᠤ ᠬᠠᠤᠯᠢ ᠶᠢᠨ ᠬᠠᠷᠢᠭᠤᠴᠠᠯᠭ᠎ᠠ ᠡᠬᠦᠷᠭᠡᠯᠡᠬᠦ ᠬᠡᠷᠡᠭᠲᠠᠢ᠃ ᠮᠠᠰᠢᠨ | ᠬᠤᠳᠠᠯᠳᠤᠨ ᠠᠪᠣᠭᠰᠠᠨ ᠤ ᠲᠠᠷᠠᠭ᠎ᠠ᠂ ᠮᠠᠰᠢᠨ ᠬᠤᠳᠠᠯᠳᠤᠨ ᠠᠪᠤᠭᠴᠢ ᠠᠴᠠ ᠬᠤᠰᠢᠭᠤ ᠲᠠᠷᠢᠶᠠᠯᠠᠩ ᠮᠠᠯ ᠠᠵᠤ | ᠠᠬᠤᠶ ᠶᠢᠨ ᠰᠠᠯᠠᠭ᠎ᠠ ᠮᠥᠴᠢᠷ ᠲᠤ ᠨᠥᠬᠦᠪᠥᠷᠢ ᠮᠥᠩᠭᠦ ᠭᠤᠶᠣᠴᠢᠯᠠᠬᠤ ᠪᠠᠷ ᠡᠷᠡᠮᠡᠯᠵᠡᠯᠡᠵᠣ᠂ ᠲᠠᠷᠢᠶᠠᠯᠠᠩ ᠤᠨ | ᠮᠠᠰᠢᠨ ᠬᠤᠳᠠᠯᠳᠤᠨ ᠠᠪᠬᠤ ᠨᠥᠬᠦᠪᠥᠷᠢ ᠮᠥᠩᠭᠦ ᠭᠤᠶᠣᠴᠢᠯᠠᠬᠤ ᠬᠦᠰᠦᠨᠦᠭᠲᠦ ᠶᠢ ᠲᠠᠭᠯᠠᠨ ᠭᠠᠷ ᠤᠨ ᠥᠰᠥᠭ | ᠵᠢᠷᠤᠵᠤ᠂ ᠬᠤᠳᠠᠯᠳᠤᠨ ᠠᠪᠬᠤ ᠠᠪᠣᠭᠰᠠᠨ ᠪᠠᠷᠢᠮᠲᠠ᠂ ᠦᠨ᠎ᠡ ᠬᠠᠩᠰᠢ ᠵᠡᠷᠭᠡ ᠮᠡᠳᠡᠭᠡ ᠵᠠᠩᠭᠢ ᠶᠢᠨ ᠦᠨᠡᠨ | ᠪᠣᠳᠠᠲᠠᠶ ᠪᠥᠭᠡᠳ ᠬᠦᠴᠦᠨ ᠲᠠᠢ ᠪᠠᠶᠢᠬᠤ ᠶᠢ ᠪᠠᠳᠣᠯᠠᠵᠣ᠂ ᠬᠠᠮᠢᠶ᠎ᠠ ᠪᠦᠭᠦᠢ ᠲᠣᠭᠲᠠᠭᠠᠯ ᠶᠣᠰᠣᠭᠠᠷ ᠨᠥᠬᠦᠪᠥᠷᠢ | ᠮᠦᠩᠭᠦ ᠭᠤᠶᠤᠴᠢᠯᠠᠨ᠎ᠠ᠃ | ︵ᠨᠢᠭᠡ︶ ᠮᠡᠳᠡᠭᠳᠡᠯ ᠨᠡᠶᠢᠲᠡᠯᠡᠨ᠎ᠡ᠃ ᠬᠤᠰᠢᠭᠤ ᠲᠠᠷᠢᠶᠠᠯᠠᠩ ᠮᠠᠯ ᠠᠵᠤ ᠠᠬᠤᠶ᠂ ᠡᠳ᠋ ᠤᠨ ᠵᠠᠰᠠᠭ ᠤᠨ | ᠰᠠᠯᠠᠭ᠎ᠠ ᠮᠥᠴᠢᠷ ᠡᠭᠦᠷᠭᠡ ᠬᠠᠷᠢᠭᠤᠴᠠᠯᠭ᠎ᠠ ᠪᠠ ᠬᠠᠮᠢᠶ᠎ᠠ ᠪᠥᠬᠦᠶ ᠲᠣᠭᠲᠠᠭᠠᠯ ᠶᠣᠰᠣᠭᠠᠷ ᠬᠤᠰᠢᠭᠤ ᠲᠠᠷᠢᠶᠠᠯᠠᠩ ᠤᠨ | ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠬᠡᠷᠡᠭᠵᠢᠭᠦᠯᠬᠦ ᠲᠥᠰᠦᠯ᠂ ᠬᠡᠷᠡᠭᠵᠢᠬᠦᠯᠬᠦ ᠠᠯᠬᠤᠮ ᠳᠠᠷᠠᠭ᠎ᠠ᠂ | ᠨᠥᠬᠦᠪᠥᠷᠢ ᠮᠦᠩᠭᠦ ᠨᠠᠷᠢᠨ ᠬᠦᠰᠦᠨᠦᠭᠲᠦ᠂ ᠨᠥᠬᠦᠪᠥᠷᠢ ᠥᠭᠬᠦ ᠮᠠᠰᠢᠨ ᠲᠦᠬᠦᠭᠡᠷᠣᠮᠵᠢ ᠶᠢᠨ ᠮᠡᠳᠡᠭᠡ ᠵᠠᠩᠭᠢ ᠶᠢᠨ | ᠬᠦᠰᠦᠨᠦᠭᠲᠦ᠂ ᠮᠠᠰᠢᠨ ᠲᠦᠬᠦᠭᠡᠷᠣᠮᠵᠢ ᠶᠢ ᠬᠠᠷᠭᠤᠭᠤᠯᠤᠨ ᠪᠠᠶᠢᠴᠠᠭᠠᠬᠤ ᠲᠦᠷᠢᠮ᠂ ᠠᠰᠠᠭᠤᠨ ᠯᠠᠪᠯᠠᠬᠤ ᠢᠯᠡᠴᠢᠯᠡᠨ | ᠮᠡᠳᠡᠭᠦᠯᠬᠦ ᠤᠲᠠᠰᠤ ᠵᠡᠷᠭᠡ ᠮᠡᠳᠡᠭᠡ ᠵᠠᠩᠭᠢ ᠶᠢ ᠨᠡᠶᠢᠲᠡᠯᠡᠨ᠎ᠡ᠃ | ︵ᠬᠤᠶᠠᠷ︶ ᠳᠡᠰ ᠳᠠᠪᠬᠤᠷᠭ᠎ᠠ ᠶᠢ ᠳᠣᠭᠳᠠᠭᠠᠨ᠎ᠠ᠃ ᠲᠠᠷᠢᠶᠠᠯᠠᠩ ᠤᠨ ᠮᠠᠰᠢᠨ ᠬᠤᠳᠠᠯᠳᠤᠨ ᠠᠪᠠᠨ᠋ᠥ ᠳᠤ | ᠨᠥᠬᠦᠪᠥᠷᠢ ᠥᠭᠬᠦ ᠳᠤ ᠰᠠᠶᠢᠨ ᠳᠤᠷ᠎ᠠ ᠠᠴᠠ ᠪᠠᠨ ᠣᠷᠣᠯᠴᠠᠭᠰᠠᠨ ᠲᠠᠷᠢᠶᠠᠯᠠᠩ ᠤᠨ ᠮᠠᠰᠢᠨ ᠤ ᠦᠢᠯᠡᠳᠬᠦ ᠠᠵᠤ | ᠠᠬᠤᠶᠢᠯᠠᠯ ᠤᠳ ᠲᠠᠷᠢᠶᠠᠯᠠᠩ ᠤᠨ ᠮᠠᠰᠢᠨ ᠬᠤᠳᠠᠯᠳᠤᠨ ᠠᠪᠠᠨ᠋ᠥ ᠳᠤ ᠨᠥᠬᠦᠪᠥᠷᠢ ᠥᠭᠬᠦ ᠮᠠᠰᠢᠨ ᠲᠦᠭᠦᠭᠡᠷᠣᠮᠵᠢ ᠶᠢᠨ | ᠡᠵᠡᠨ ᠮᠡᠳᠡᠵᠣ ᠳᠡᠰ ᠳᠠᠪᠬᠤᠷᠭ᠎ᠠ ᠲᠣᠭᠳᠠᠭᠠᠬᠤ ᠲᠠᠪᠴᠠᠩ ᠢᠶᠠᠷ ᠳᠠᠮᠵᠢᠭᠤᠯᠤᠨ ᠲᠣᠭᠲᠠᠭᠠᠯ ᠶᠣᠰᠣᠭᠠᠷ ᠬᠤᠯᠪᠣᠭᠳᠠᠯ | ᠪᠥᠬᠦᠶ ᠮᠠᠲ᠋ᠧᠷᠢᠶᠠᠯ ᠢᠶᠠᠨ ᠲᠤᠰᠢᠶᠠᠵᠤ᠂ ᠥᠪᠡᠷᠲᠡᠭᠡᠨ ᠵᠠᠰᠠᠬᠤ ᠣᠷᠣᠨ ᠤ ᠳᠡᠰ ᠳᠠᠪᠬᠤᠷᠭ᠎ᠠ ᠳᠣᠭᠳᠠᠭᠠᠬᠤ | ᠲᠠᠪᠴᠠᠩ ᠨᠢ ᠪᠥᠬᠦ ᠵᠢᠯ ᠳᠤ ᠨᠡᠪᠳᠡᠷᠡᠨ᠎ᠡ᠃ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠶᠢᠨ | ᠲᠢᠩᠬᠢᠮ ᠠᠴᠠ ᠬᠢᠨᠠᠨ ᠬᠠᠷᠭᠤᠭᠤᠯᠵᠣ᠂ ᠳᠡᠰ ᠳᠠᠪᠬᠤᠷᠭ᠎ᠠ ᠲᠣᠭᠳᠠᠭᠠᠭᠰᠠᠨ ᠦᠷ᠎ᠡ ᠳ᠋ᠦᠩ ᠢ ᠵᠠᠷᠯᠠᠨ | ᠨᠡᠶᠢᠲᠡᠯᠡᠬᠦ ᠶᠢᠨ ᠬᠠᠮᠲᠤ᠂ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠭᠤᠶᠤᠴᠢᠯᠠᠨ | ᠭᠦᠢᠴᠡᠳᠬᠡᠬᠦ ᠦᠢᠯᠡᠴᠢᠯᠡᠭᠡᠨ ᠤ ᠰᠢᠰᠲ᠋ᠧᠮ ︵ᠳᠣᠷᠣᠭᠰᠢ ︽ᠭᠦᠢᠴᠡᠳᠬᠡᠬᠦ ᠦᠢᠯᠡᠴᠢᠯᠡᠭᠡᠨ ᠤ ᠰᠢᠰᠲ᠋ᠧᠮ︾ ᠭᠡᠵᠦ | ᠲᠣᠪᠴᠢᠯᠠᠨ᠎ᠠ︶ ᠳᠤ ᠣᠷᠣᠭᠤᠯᠤᠨ᠎ᠠ᠃ ᠦᠢᠯᠡᠳᠬᠦ ᠠᠵᠤ ᠠᠬᠤᠶᠢᠯᠠᠯ ᠨᠢ ᠳᠡᠰ ᠳᠠᠪᠬᠤᠷᠭ᠎ᠠ ᠳᠣᠭᠳᠠᠭᠠᠬᠤ | ᠦᠢᠯᠡᠳᠬᠦᠨ ᠤ ᠮᠡᠳᠡᠭᠡ ᠵᠠᠩᠭᠢ ᠶᠢᠨ ᠦᠨᠡᠨ ᠪᠣᠳᠠᠲᠤ ᠴᠢᠨᠠᠷ ᠲᠤ ᠬᠠᠷᠢᠭᠤᠴᠠᠬᠤ ᠶᠢᠨ ᠬᠠᠮᠲᠤ ᠦᠢᠯᠡᠳᠬᠦᠨ ᠤ | ᠮᠡᠳᠡᠭᠡ ᠵᠠᠩᠭᠢ ᠨᠢ ᠦᠨᠡᠨ ᠪᠣᠳᠠᠲᠠᠶ ᠪᠢᠰᠢ᠂ ᠬᠤᠳᠠᠯ ᠬᠠᠭᠤᠷᠮᠠᠭ ᠵᠡᠷᠭᠡ ᠠᠴᠠ ᠪᠣᠯᠤᠭᠰᠠᠨ ᠬᠤᠬᠢᠷᠠᠯ ᠪᠤᠶᠤ | ᠵᠢᠭᠤᠷᠠᠯᠳᠤᠭᠠᠨ ᠳᠤ ᠬᠠᠤᠯᠢ ᠴᠠᠭᠠᠵᠠ ᠶᠢᠨ ᠬᠠᠷᠢᠭᠤᠴᠠᠯᠭ᠎ᠠ ᠡᠬᠦᠷᠭᠡᠯᠡᠬᠦ ᠬᠡᠷᠡᠭᠲᠠᠢ᠃ | ︵ᠭᠤᠷᠪᠠ︶ ᠴᠢᠯᠣᠭᠡᠳᠠᠢ ᠪᠠᠷ ᠮᠠᠰᠢᠨ ᠬᠤᠳᠠᠯᠳᠣᠨ ᠠᠪᠣᠨ᠎ᠠ᠃ ᠮᠠᠰᠢᠨ ᠬᠤᠳᠠᠯᠳᠤᠨ ᠠᠪᠤᠭᠴᠢ ᠮᠠᠰᠢᠨ | ᠲᠦᠬᠦᠭᠡᠷᠣᠮᠵᠢ ᠪᠠᠨ ᠦᠪᠡᠷᠳᠡᠭᠡᠨ ᠡᠵᠡᠨ ᠮᠡᠳᠡᠨ ᠰᠣᠩᠭᠤᠵᠣ᠂ ᠤᠷᠢᠳ ᠢᠶᠠᠷ ᠬᠤᠳᠠᠯᠳᠤᠨ ᠠᠪᠴᠣ ᠳᠠᠷᠠᠭ᠎ᠠ ᠨᠢ | ᠨᠦᠬᠦᠪᠦᠷᠢ ᠭᠤᠶᠤᠴᠢᠯᠠᠨ᠎ᠠ᠃ ᠨᠥᠬᠦᠪᠥᠷᠢ ᠭᠤᠶᠣᠴᠢᠯᠠᠭᠰᠠᠨ ᠮᠠᠰᠢᠨ ᠬᠤᠳᠠᠯᠳᠤᠨ ᠠᠪᠤᠭᠴᠢ ᠪᠠᠷᠠᠭ᠎ᠠ ᠬᠠᠩᠭᠠᠬᠤ | ᠠᠵᠤ ᠠᠬᠤᠶᠢᠯᠠᠯ ᠠᠴᠠ ᠫᠢᠶᠣᠣ ᠪᠠᠷᠢᠮᠲᠠ ᠪᠣᠯᠤᠨ ᠮᠠᠰᠢᠨ ᠲᠦᠭᠦᠭᠡᠷᠣᠮᠵᠢ ᠶᠢᠨ ᠦᠨᠳᠦᠰᠦᠨ ᠮᠡᠳᠡᠭᠡ ᠵᠠᠩᠭᠢ ᠶᠢᠨ | ᠬᠠᠭᠤᠳᠠᠰᠤ ᠠᠪᠴᠤ᠂ ᠨᠥᠬᠦᠪᠥᠷᠢ ᠭᠤᠶᠤᠴᠢᠯᠠᠬᠤ ᠦᠶ᠎ᠡ ᠳᠤ ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ | ᠰᠠᠯᠠᠭ᠎ᠠ ᠮᠥᠴᠢᠷ ᠲᠤ ᠬᠠᠩᠭᠠᠬᠤ ᠬᠡᠷᠡᠭᠲᠡᠶ᠃ | ︵ᠲᠦᠷᠪᠡ︶ ᠭᠤᠶᠤᠴᠢᠯᠠᠯ ᠢ ᠬᠦᠯᠢᠶᠡᠨ ᠠᠪᠴᠤ ᠰᠢᠢᠳᠪᠦᠷᠢᠯᠡᠨ᠎ᠡ᠃ ᠮᠠᠰᠢᠨ ᠬᠤᠳᠠᠯᠳᠤᠨ ᠠᠪᠤᠭᠴᠢ | ᠮᠠᠰᠢᠨ ᠬᠤᠳᠠᠯᠳᠤᠨ ᠠᠪᠤᠭᠰᠠᠨ ᠫᠢᠶᠣᠣ ᠪᠠᠷᠢᠮᠲᠠ᠂ ᠮᠠᠰᠢᠨ ᠲᠦᠭᠦᠭᠡᠷᠣᠮᠵᠢ ᠶᠢᠨ ᠦᠨᠳᠦᠰᠦᠨ ᠮᠡᠳᠡᠭᠡ ᠵᠠᠩᠭᠢ ᠶᠢᠨ | ᠬᠠᠭᠤᠳᠠᠰᠤ᠂ ᠪᠡᠶ᠎ᠡ ᠶᠢᠨ ᠦᠨᠡᠮᠯᠡᠯ᠂ ᠡᠷᠦᠬᠡ ᠠᠮᠠ ᠶᠢᠨ ᠳᠡᠪᠲᠡᠷ᠂ ᠮᠠᠯᠴᠢᠳ ᠲᠤ ᠠᠰᠢᠭ ᠬᠦᠷᠲᠡᠭᠡᠬᠦ ︽ᠨᠢᠭᠡ | ᠺᠠᠷᠲ ᠪᠠᠷ ᠲᠠᠷᠬᠠᠭᠠᠬᠤ︾ ᠺᠠᠷᠲ ︵ᠪᠠᠩᠬᠢ ᠶᠢᠨ ᠺᠠᠷᠲ︶ ᠢᠶᠠᠨ ᠠᠪᠴᠤ᠂ ᠡᠷᠦᠬᠡ ᠠᠮᠠ ᠶᠢᠨ ᠪᠠᠶᠢᠭ᠎ᠠ ᠬᠤᠰᠢᠭᠤ | ᠰᠢᠶᠠᠨ ︵ᠲᠣᠭᠤᠷᠢᠭ︶ ᠤ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠲᠤ ᠨᠥᠬᠦᠪᠥᠷᠢ ᠮᠥᠩᠭᠦ | ᠭᠤᠶᠤᠴᠢᠯᠠᠨ᠎ᠠ︔ ᠥᠪᠡᠷᠲᠡᠭᠡᠨ ᠵᠠᠰᠠᠬᠤ ᠣᠷᠣᠨ ᠤ ᠬᠢᠯᠢ ᠳᠠᠬᠢ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ | ᠰᠠᠯᠠᠭ᠎ᠠ ᠮᠥᠴᠢᠷ ᠲᠤ ᠳᠠᠩᠰᠠᠯᠠᠭᠤᠯᠤᠭᠰᠠᠨ ᠮᠠᠯᠴᠢᠨ ᠲᠠᠷᠢᠶᠠᠴᠢᠨ ᠤ ᠲᠤᠰᠬᠠᠶ ᠬᠤᠷᠰᠢᠶ᠎ᠠ ᠪᠠ ᠪᠤᠰᠤᠳ ᠲᠠᠷᠢᠶᠠᠯᠠᠩ | ᠮᠠᠯ ᠠᠵᠤ ᠠᠬᠤᠶ ᠶᠢᠨ ᠦᠢᠯᠡᠳᠪᠦᠷᠢᠯᠡᠯ ᠡᠵᠡᠩᠨᠡᠯᠲᠡ ᠶᠢᠨ ᠵᠣᠬᠢᠶᠠᠨ ᠪᠠᠶᠢᠭᠤᠯᠤᠯᠲᠠ ᠨᠢ᠂ ᠬᠠᠤᠯᠢ ᠶᠢᠨ ᠡᠷᠬᠡᠲᠡᠨ ᠤ | ᠡᠷᠦᠬᠡ ᠠᠮᠠ ᠶᠢᠨ ᠲᠠᠩᠰᠠ ᠶᠢᠨ ᠪᠠᠶᠢᠭ᠎ᠠ ᠭᠠᠵᠠᠷ ᠪᠤᠶᠤ ᠳᠠᠩᠰᠠᠯᠠᠭᠤᠯᠤᠭᠰᠠᠨ ᠭᠠᠵᠠᠷ ᠲᠠᠭᠠᠨ ᠬᠦᠷᠴᠦ | ᠭᠤᠶᠣᠴᠢᠯᠠᠵᠣ ᠪᠣᠯᠤᠨ᠎ᠠ᠂ ᠲᠠᠷᠢᠶᠠᠯᠠᠩ ᠮᠠᠯ ᠠᠵᠤ ᠠᠬᠤᠶ ᠶᠢᠨ ᠦᠢᠯᠡᠳᠪᠦᠷᠢᠯᠡᠯ ᠡᠵᠡᠩᠨᠡᠯᠲᠡ ᠶᠢᠨ ᠵᠣᠬᠢᠶᠠᠨ | ᠪᠠᠶᠢᠭᠤᠯᠤᠯᠲᠠ ᠨᠢ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠥᠷᠢ ᠭᠤᠶᠤᠴᠢᠯᠠᠬᠤ ᠳᠤ ᠡᠵᠡᠩᠨᠡᠯᠲᠡ ᠶᠢᠨ | ᠦᠨᠡᠮᠯᠡᠯ ᠢᠶᠠᠨ ᠬᠠᠩᠭᠠᠵᠤ᠂ ᠭᠠᠷᠲᠠᠨ ᠭᠦᠢᠴᠡᠳᠬᠡᠭᠴᠢ ᠨᠢ ᠲᠣᠰ ᠵᠣᠬᠢᠶᠠᠨ ᠪᠠᠶᠢᠭᠤᠯᠤᠯᠲᠠ ᠶᠢᠨ ᠬᠡᠰᠢᠭᠦᠨ ᠳᠤ | ᠭᠡᠷᠡᠴᠢ ᠬᠠᠩᠭᠠᠬᠤ ᠬᠡᠷᠡᠭᠲᠡᠶ︔ ᠮᠠᠯᠴᠢᠳ ᠪᠣᠯᠤᠨ ᠮᠠᠯᠴᠢᠳ ᠤᠨ ᠦᠢᠯᠡᠳᠪᠦᠷᠢᠯᠡᠯ ᠡᠵᠡᠩᠨᠡᠯᠲᠡ ᠶᠢᠨ ᠵᠣᠬᠢᠶᠠᠨ | ᠪᠠᠶᠢᠭᠤᠯᠤᠯᠲᠠ ᠨᠢ ᠥᠪᠡᠷᠲᠡᠭᠡᠨ ᠵᠠᠰᠠᠬᠤ ᠣᠷᠣᠨ ᠤ ᠨᠥᠬᠦᠪᠥᠷᠢ ᠮᠥᠩᠭᠦ ᠶᠢ ᠭᠤᠶᠣᠴᠢᠯᠠᠬᠤ ᠳᠤ᠂ ᠥᠪᠡᠷᠲᠡᠭᠡᠨ | ᠵᠠᠰᠠᠬᠤ ᠣᠷᠣᠨ ᠠᠴᠠ ᠨᠢᠭᠡᠳᠣᠯᠳᠠᠢ ᠲᠠᠷᠬᠠᠭᠠᠭᠰᠠᠨ ᠨᠤᠳᠤᠭ ᠪᠡᠯᠴᠢᠭᠡᠷ ᠤᠨ ᠳᠠᠭᠠᠭᠠᠴᠢᠯᠠᠨ ᠡᠵᠡᠩᠨᠡᠬᠦ ᠦᠨᠡᠮᠯᠡᠯ ᠤᠨ | ᠮᠠᠲ᠋ᠧᠷᠢᠶᠠᠯ ᠢᠶᠠᠨ ᠬᠠᠮᠲᠤ ᠳᠤᠨᠢ ᠬᠠᠩᠭᠠᠵᠤ᠂ ᠡᠷᠥᠭᠡ ᠬᠤᠪᠢᠶᠠᠭᠰᠠᠨ ᠤ ᠲᠠᠷᠠᠭ᠎ᠠ ᠬᠠᠮᠲᠤ ᠪᠠᠷ ᠬᠡᠷᠡᠭᠯᠡᠵᠣ ᠪᠠᠶᠢᠭ᠎ᠠ | ᠪᠤᠶᠤ ᠦᠨᠡᠮᠯᠡᠯ ᠢᠶᠠᠨ ᠣᠯᠭᠤᠭᠠᠳᠤᠶ ᠪᠣᠯ ᠬᠠᠮᠲᠤ ᠪᠠᠷ ᠬᠡᠷᠡᠭᠯᠡᠵᠣ ᠪᠠᠶᠢᠭ᠎ᠠ ᠨᠣᠳᠤᠭ ᠪᠡᠯᠴᠢᠭᠡᠷ ᠤᠨ ᠦᠨᠡᠮᠯᠡᠯ ᠵᠢᠴᠢ | ᠮᠠᠰᠢᠨ ᠬᠤᠳᠠᠯᠳᠤᠨ ᠠᠪᠤᠭᠴᠢ ᠶᠢᠨ ᠪᠠᠶᠢᠭ᠎ᠠ ᠰᠤᠮᠤ ︵ᠪᠠᠯᠭᠠᠰᠤ︶ ᠪᠤᠶᠤ ᠭᠠᠴᠠᠭ᠎ᠠ ᠠᠴᠠ ᠣᠯᠭᠤᠭᠰᠠᠨ ᠭᠡᠷᠡᠴᠢ | ᠬᠠᠩᠭᠠᠬᠤ ᠬᠡᠷᠡᠭᠲᠡᠶ᠃ ᠮᠠᠰᠢᠨ ᠬᠤᠳᠠᠯᠳᠤᠨ ᠠᠪᠤᠭᠴᠢ ᠲᠣᠭᠲᠠᠭᠠᠯ ᠶᠣᠰᠣᠭᠠᠷ ᠭᠤᠶᠤᠴᠢᠯᠠᠬᠤ ᠮᠠᠲ᠋ᠧᠷᠢᠶᠠᠯ ᠢᠶᠠᠨ | ᠬᠠᠩᠭᠠᠵᠣ᠂ ᠦᠨᠡᠨ ᠪᠣᠳᠠᠲᠤ ᠴᠢᠨᠠᠷ᠂ ᠪᠦᠷᠢᠨ ᠪᠦᠲᠦᠨ ᠴᠢᠨᠠᠷ ᠪᠠ ᠪᠦᠲᠦᠮᠵᠢᠲᠦ ᠴᠢᠨᠠᠷ ᠢ ᠮᠠᠰᠢᠨ ᠬᠤᠳᠠᠯᠳᠤᠨ | ᠠᠪᠤᠭᠴᠢ ᠪᠠ ᠮᠠᠰᠢᠨ ᠲᠦᠬᠦᠭᠡᠷᠣᠮᠵᠢ ᠶᠢᠨ ᠠᠵᠤ ᠠᠬᠤᠶᠢᠯᠠᠯ ᠠᠴᠠ ᠬᠠᠷᠢᠭᠤᠴᠠᠬᠤ ᠶᠢᠨ ᠬᠠᠮᠲᠤ ᠬᠤᠯᠪᠣᠭᠳᠠᠯ | ᠪᠦᠬᠦᠢ ᠬᠠᠤᠯᠢ ᠶᠢᠨ ᠬᠠᠷᠢᠭᠤᠴᠠᠯᠭ᠎ᠠ ᠶᠢ ᠡᠭᠦᠷᠭᠡᠯᠡᠨ᠎ᠡ᠃ | ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠤᠨ ᠭᠦᠢᠴᠡᠳᠭᠡᠬᠦ ᠦᠢᠯᠡᠴᠢᠯᠡᠭᠡᠨ ᠤ | ᠰᠢᠰᠲ᠋ᠧᠮ ᠨᠢ ᠪᠠᠶᠢᠩᠭᠤ ᠨᠡᠪᠳᠡᠷᠡᠵᠣ᠂ ᠮᠠᠰᠢᠨ ᠬᠤᠳᠠᠯᠳᠤᠨ ᠠᠪᠤᠭᠴᠢ ᠶᠢᠨ ᠰᠦᠯᠵᠢᠶᠡᠨ ᠳᠡᠭᠡᠷ᠎ᠡ ᠨᠥᠬᠦᠪᠥᠷᠢ | ᠭᠤᠶᠤᠴᠢᠯᠠᠬᠤ ᠳᠤ ᠲᠥᠬᠦᠮ ᠦᠵᠡᠬᠦᠯᠦᠨ᠎ᠡ᠃ ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠨᠢ | ᠮᠠᠰᠢᠨ ᠬᠤᠳᠠᠯᠳᠤᠨ ᠠᠪᠤᠭᠴᠢ ᠶᠢᠨ ᠠᠬᠤᠢ ᠲᠠᠯᠠᠪᠠᠶ ᠶᠢᠨ ᠭᠤᠶᠤᠴᠢᠯᠠᠯ᠂ APP ᠭᠤᠶᠤᠴᠢᠯᠠᠯ ᠤᠨ | ᠳᠠᠷᠠᠭᠠᠯᠠᠯ ᠢᠶᠠᠷ ᠬᠢᠨᠠᠨ ᠬᠠᠷᠭᠤᠭᠤᠯᠵᠤ᠂ ᠠᠯᠳᠠᠭ᠎ᠠ ᠥᠬᠡᠶ ᠪᠠᠶᠢᠪᠠᠯ ᠬᠦᠢᠴᠡᠳᠬᠡᠬᠦ ᠦᠢᠯᠡᠴᠢᠯᠡᠭᠡᠨ ᠤ ᠰᠢᠰᠲ᠋ᠧᠮ ᠳᠤ | ᠨᠥᠬᠦᠪᠥᠷᠢ ᠶᠢᠨ ᠮᠡᠳᠡᠭᠡ ᠵᠠᠩᠭᠢ ᠶᠢ ᠣᠷᠣᠭᠤᠯᠵᠤ᠂ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠥᠷᠢ | ᠭᠤᠶᠣᠴᠢᠯᠠᠬᠤ ᠬᠦᠰᠦᠨᠦᠭᠲᠦ ᠳᠤ ᠭᠠᠷ ᠤᠨ ᠥᠰᠥᠭ ᠵᠢᠷᠣᠨ᠎ᠠ᠃ ᠲᠠᠷᠢᠶᠠᠯᠠᠩ ᠤᠨ ᠮᠠᠰᠢᠨ ᠬᠤᠳᠠᠯᠳᠤᠨ ᠠᠪᠬᠤ | ᠨᠥᠬᠦᠪᠥᠷᠢ ᠭᠤᠶᠣᠴᠢᠯᠠᠬᠤ ᠬᠦᠰᠦᠨᠦᠭᠲᠦ ᠨᠢ ᠨᠢᠭᠡ ᠬᠡᠯᠪᠡᠷᠢ ᠶᠢᠨ ᠬᠤᠶᠠᠷ ᠬᠤᠪᠢ ᠪᠠᠶᠢᠵᠤ᠂ ᠨᠢᠭᠡ ᠬᠤᠪᠢ ᠶᠢ ᠨᠢ | ᠮᠧᠬᠠᠨᠢᠭ ᠬᠤᠳᠠᠯᠳᠤᠨ ᠠᠪᠤᠭᠴᠢ ᠦᠪᠡᠷᠳᠡᠭᠡᠨ ᠦᠯᠡᠳᠡᠭᠡᠵᠣ᠂ ᠨᠢᠭᠡ ᠬᠤᠪᠢ ᠶᠢ ᠨᠢ ᠲᠠᠩᠰᠠ ᠡᠪᠬᠡᠮᠡᠯ ᠳᠤ | ᠣᠷᠣᠭᠤᠯᠤᠨ᠎ᠠ᠃ ᠮᠠᠰᠢᠨ ᠬᠤᠳᠠᠯᠳᠤᠨ ᠠᠪᠤᠭᠴᠢ ᠨᠢ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠥᠷᠢ | ᠭᠤᠶᠤᠴᠢᠯᠠᠬᠤ ᠬᠦᠰᠦᠨᠦᠭᠲᠦ ᠳᠤ ᠭᠠᠷ ᠤᠨ ᠦᠰᠦᠭ ᠢᠶᠠᠨ ᠵᠢᠷᠤᠵᠤ᠂ ᠦᠨᠡᠨ ᠪᠣᠳᠠᠲᠤ ᠴᠢᠨᠠᠷ ᠲᠤ ᠬᠠᠷᠢᠭᠤᠴᠠᠬᠤ | ᠬᠡᠷᠡᠭᠲᠡᠶ︔ ᠮᠠᠰᠢᠨ ᠬᠤᠳᠠᠯᠳᠣᠨ ᠠᠪᠣᠭᠴᠢ ᠦᠪᠡᠷᠳᠡᠭᠡᠨ ᠲᠤᠬᠠᠶ ᠶᠢᠨ ᠲᠠᠯᠠᠪᠤᠷ ᠲᠤ ᠬᠦᠷᠴᠦ ᠭᠤᠶᠣᠴᠢᠯᠠᠵᠣ | ᠴᠢᠳᠠᠬᠤ ᠦᠭᠡᠢ ᠪᠤᠰᠤᠳ ᠢᠶᠠᠷ ᠨᠠᠶᠢᠳᠠᠨ ᠬᠦᠢᠴᠡᠳᠭᠡᠯᠭᠡᠬᠦ ᠳᠤ ᠡᠷᠬᠡᠪᠴᠢ ᠪᠢᠴᠢᠭ ᠤᠨ ᠬᠡᠯᠪᠡᠷᠢ ᠶᠢᠨ ᠨᠠᠶᠢᠳᠠᠨ | ᠭᠦᠢᠴᠡᠳᠭᠡᠬᠦ ᠪᠢᠴᠢᠭ ᠪᠠᠶᠢᠬᠤ ᠭᠡᠷᠡᠭᠲᠠᠢ ᠃ ᠫᠠᠶᠢᠰᠠ ᠦᠨᠡᠮᠯᠡᠯ ᠤᠨ ᠬᠠᠮᠢᠶᠠᠷᠤᠯᠲᠠ ᠶᠢ ᠬᠡᠷᠡᠭᠵᠢᠭᠦᠯᠵᠦ ᠪᠠᠶᠢᠭ᠎ᠠ | ᠮᠠᠰᠢᠨ ᠲᠦᠬᠦᠭᠡᠷᠣᠮᠵᠢ ᠨᠢ ᠫᠠᠶᠢᠰᠠ ᠦᠨᠡᠮᠯᠡᠯ ᠤᠨ ᠭᠠᠷ ᠭᠦᠢᠴᠡᠳᠬᠡᠯ ᠢᠶᠠᠨ ᠤᠷᠢᠳᠠᠪᠠᠷ ᠬᠢᠬᠦ ᠬᠡᠷᠡᠭᠲᠡᠶ᠃ | ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠥᠷᠢ ᠭᠤᠶᠤᠴᠢᠯᠠᠭᠰᠠᠨ ᠨᠦᠬᠦᠪᠦᠷᠢ ᠮᠦᠩᠭᠦ ᠨᠢ | ᠲᠤᠬᠠᠶ ᠶᠢᠨ ᠵᠢᠯ ᠤᠨ ᠬᠡᠷᠡᠭᠯᠡᠵᠦ ᠪᠣᠯᠬᠤ ᠪᠡᠯᠡ ᠮᠥᠩᠭᠦ ︵ᠳ᠋ᠦᠩᠨᠡᠨ ᠰᠢᠯᠵᠢᠭᠦᠯᠦᠭᠰᠡᠨ ᠪᠡᠯᠡ ᠮᠥᠩᠭᠦ ᠪᠠ | ᠳᠤᠬᠢᠷᠠᠭᠤᠯᠤᠯᠳᠠ ᠶᠢᠨ ᠪᠡᠯᠡ ᠮᠥᠩᠭᠦ ᠪᠠᠭᠲᠠᠨ᠎ᠠ︶ ᠶᠢᠨ ᠶᠡᠷᠦᠩᠬᠡᠶ ᠬᠡᠮᠵᠢᠶ᠎ᠡ ᠶᠢᠨ 110% ᠳᠤ ᠬᠦᠷᠦᠭᠰᠡᠨ | ᠪᠠᠶᠢᠪᠠᠯ᠂ ᠴᠠᠭ ᠲᠤᠬᠠᠶ ᠳᠤᠨᠢ ᠠᠯᠪᠠᠨ ᠵᠠᠷ ᠨᠡᠶᠢᠲᠡᠯᠡᠵᠦ᠂ ᠨᠥᠬᠦᠪᠥᠷᠢ ᠥᠭᠬᠦ ᠪᠠᠨ ᠵᠣᠭᠰᠣᠭᠠᠬᠤ ᠬᠡᠷᠡᠭᠲᠡᠶ᠃ | ︵ᠲᠠᠪᠤ︶ ᠵᠠᠷᠯᠠᠨ ᠨᠡᠶᠢᠲᠡᠯᠡᠭᠰᠡᠨ ᠮᠡᠳᠡᠭᠡ ᠵᠠᠩᠭᠢ ᠶᠢ ᠬᠢᠨᠠᠨ ᠰᠢᠯᠭᠠᠨ᠎ᠠ᠃ ᠬᠤᠰᠢᠭᠤ ᠲᠠᠷᠢᠶᠠᠯᠠᠩ ᠮᠠᠯ ᠠᠵᠤ | ᠠᠬᠤᠶ ᠶᠢᠨ ᠰᠠᠯᠠᠭ᠎ᠠ ᠮᠥᠴᠢᠷ ︽ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠮᠠᠰᠢᠨ | ᠲᠦᠭᠦᠬᠡᠷᠣᠮᠵᠢ ᠶᠢ ᠬᠠᠷᠭᠤᠭᠤᠯᠤᠨ ᠪᠠᠶᠢᠴᠠᠭᠠᠬᠤ ᠠᠵᠢᠯ ᠤᠨ ᠭᠤᠤᠯᠳᠠᠯᠭ᠎ᠠ ︵ᠲᠤᠷᠰᠢᠨ ᠬᠡᠷᠡᠭᠵᠢᠭᠦᠯᠬᠦ︶︾ ᠵᠡᠷᠭᠡ | ᠱᠠᠭᠠᠷᠳᠠᠯᠭ᠎ᠠ ᠶᠣᠰᠣᠭᠠᠷ᠂ ᠨᠥᠬᠦᠪᠥᠷᠢ ᠥᠭᠬᠦ ᠬᠠᠮᠢᠶ᠎ᠠ ᠪᠥᠬᠦᠶ ᠭᠤᠶᠤᠴᠢᠯᠠᠯ ᠤᠨ ᠮᠠᠲ᠋ᠧᠷᠢᠶᠠᠯ ᠪᠠ ᠮᠠᠰᠢᠨ | ᠲᠦᠬᠦᠭᠡᠷᠣᠮᠵᠢ ᠶᠢ ᠬᠠᠷᠭᠤᠭᠤᠯᠤᠨ ᠪᠠᠶᠢᠴᠠᠭᠠᠨ᠎ᠠ᠂ ᠡᠭᠦᠨ ᠳᠤ ᠫᠠᠶᠢᠰᠠ ᠦᠨᠡᠮᠯᠡᠯ ᠲᠠᠢ ᠮᠠᠰᠢᠨ ᠲᠦᠭᠦᠭᠡᠷᠣᠮᠵᠢ ᠶᠢ | ᠬᠠᠷᠭᠤᠭᠤᠯᠤᠨ ᠪᠠᠶᠢᠴᠠᠭᠠᠬᠤ ᠴᠢᠬᠤᠯᠠ ᠦᠭᠡᠢ᠃ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠨᠢ ᠮᠠᠰᠢᠨ | ᠬᠤᠳᠠᠯᠳᠤᠨ ᠠᠪᠤᠭᠴᠢ ᠶᠢᠨ ᠭᠤᠶᠤᠴᠢᠯᠠᠯ ᠢ ᠣᠯᠤᠭᠰᠠᠨ ᠤ ᠲᠠᠷᠠᠭ᠎ᠠ᠂ 2 ᠠᠵᠢᠯᠯᠠᠬᠤ ᠡᠳᠦᠷ ᠤᠨ ᠳᠣᠲᠣᠷ᠎ᠠ | ᠬᠥᠯᠢᠶᠡᠨ ᠭᠦᠢᠴᠡᠳᠭᠡᠵᠣ᠂ ᠮᠠᠲ᠋ᠧᠷᠢᠶᠠᠯ ᠨᠢ ᠪᠦᠷᠢᠨ ᠪᠤᠰᠤ ᠵᠡᠷᠭᠡ ᠰᠢᠯᠲᠠᠭᠠᠨ ᠠᠴᠠ ᠪᠣᠯᠵᠥ ᠭᠦᠢᠴᠡᠳᠭᠡᠵᠣ ᠳᠡᠶᠢᠯᠬᠦ | ᠦᠭᠡᠢ ᠪᠠᠶᠢᠪᠠᠯ ᠰᠢᠯᠲᠠᠭᠠᠨ ᠢ ᠨᠢ ᠲᠣᠳᠣᠷᠬᠠᠶᠢᠯᠠᠵᠣ᠂ ᠤᠤᠯ ᠶᠠᠩᠵᠣ ᠪᠠᠷ ᠭᠤᠶᠤᠴᠢᠯᠠᠯ ᠢ ᠨᠢ ᠪᠤᠴᠠᠭᠠᠬᠤ ᠬᠡᠷᠡᠭᠲᠡᠶ︔ | ᠨᠥᠬᠦᠴᠡᠯ ᠳᠤ ᠨᠡᠶᠢᠴᠡᠪᠡᠯ ᠭᠥᠯᠢᠶᠡᠨ ᠭᠦᠢᠴᠡᠳᠭᠡᠵᠣ᠂ 13 ᠠᠵᠢᠯᠯᠠᠬᠤ ᠡᠳᠦᠷ ᠤᠨ ᠳᠣᠲᠣᠷ᠎ᠠ ︵ᠢᠯᠡ | ᠨᠡᠶᠢᠲᠡᠯᠡᠬᠦ ᠴᠠᠭ ᠪᠠᠭᠲᠠᠬᠤ ᠥᠬᠡᠶ︶ ᠬᠠᠮᠢᠶ᠎ᠠ ᠪᠥᠬᠦᠶ ᠬᠠᠷᠭᠤᠭᠤᠯᠤᠨ ᠪᠠᠶᠢᠴᠠᠭᠠᠬᠤ ᠠᠵᠢᠯ ᠢ ᠲᠠᠭᠤᠰᠬᠠᠬᠤ ᠶᠢᠨ | ᠬᠠᠮᠲᠤ᠂ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠮᠡᠳᠡᠭᠡ ᠵᠠᠩᠭᠢ ᠶᠢ ᠢᠯᠡ | ᠨᠡᠶᠢᠲᠡᠯᠡᠵᠦ᠂ ᠢᠯᠡ ᠨᠡᠶᠢᠲᠡᠯᠡᠬᠦ ᠴᠠᠭ ᠨᠢ 5 ᠠᠵᠢᠯᠯᠠᠬᠤ ᠡᠳᠦᠷ ᠪᠣᠯᠤᠨ᠎ᠠ᠃ ᠰᠤᠮᠤ ︵ᠪᠠᠯᠭᠠᠰᠤ︶ ᠪᠤᠶᠤ | ᠨᠥᠬᠦᠪᠥᠷᠢ ᠭᠤᠶᠤᠴᠢᠯᠠᠬᠤ ᠴᠡᠭ ᠤᠨ ᠵᠠᠷᠯᠠᠨ ᠨᠡᠶᠢᠲᠡᠯᠡᠬᠦ ᠪᠤᠯᠤᠩ ᠳᠤ ᠮᠡᠳᠡᠭᠡ ᠵᠠᠩᠭᠢ ᠶᠢ ᠬᠠᠮᠲᠤ ᠳᠤᠨᠢ ᠢᠯᠡ | ᠨᠡᠶᠢᠲᠡᠯᠡᠬᠦ ᠶᠢ ᠵᠣᠷᠢᠭᠵᠢᠭᠤᠯᠤᠨ᠎ᠠ᠃ 2021 ᠣᠨ ᠳᠤ ᠨᠥᠬᠦᠪᠥᠷᠢ ᠮᠦᠩᠭᠦ ᠨᠢ 3000 ᠲᠥᠭᠦᠷᠢᠭ ᠠᠴᠠ | ᠳᠠᠪᠠᠭᠰᠠᠨ ᠨᠥᠬᠦᠪᠥᠷᠢ ᠶᠢᠨ ᠮᠠᠰᠢᠨ ᠲᠦᠬᠦᠭᠡᠷᠣᠮᠵᠢ ᠶᠢ ᠡᠷᠬᠡᠪᠰᠢ ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ | ᠮᠡᠷᠭᠡᠵᠢᠯ ᠳᠡᠯᠭᠡᠷᠡᠭᠦᠯᠬᠦ ᠲᠥᠪ ᠲᠤ ᠬᠦᠷᠴᠦ ᠬᠢᠨᠠᠨ ᠪᠠᠶᠢᠴᠠᠭᠠᠯᠭᠠᠵᠣ᠂ ᠮᠠᠰᠢᠨ ᠲᠠᠢ ᠪᠠᠨ ᠬᠠᠮᠲᠤ ᠶᠢᠨ ᠰᠡᠭᠦᠳᠡᠷ | ᠲᠠᠲᠠᠭᠤᠯᠵᠤ ᠳᠠᠩᠰᠠᠯᠠᠭᠤᠯᠬᠤ ᠬᠡᠷᠡᠭᠲᠡᠶ᠃ 180 ᠮᠣᠷᠢᠨ ᠬᠦᠴᠦ ᠠᠴᠠ ᠳᠡᠭᠡᠭᠰᠢ ︵180 ᠮᠣᠷᠢᠨ ᠬᠦᠴᠦ ᠶᠢ | ᠪᠠᠭᠲᠠᠭᠠᠬᠤ ᠥᠬᠡᠶ︶ ᠲᠷᠠᠺᠲ᠋ᠣᠷ ᠤᠨ ᠨᠥᠬᠦᠪᠥᠷᠢ ᠶᠢ ᠭᠤᠶᠤᠴᠢᠯᠠᠬᠤ ᠳᠤ᠂ ᠡᠷᠬᠡᠪᠰᠢ ᠬᠤᠰᠢᠭᠤᠨ ᠤ | ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠦᠭᠬᠦ ᠤᠳᠤᠷᠢᠳᠬᠤ ᠳᠤᠭᠤᠶᠢᠯᠠᠩ ᠢᠶᠠᠷ ᠰᠤᠳᠤᠯᠤᠨ | ᠲᠣᠭᠲᠠᠭᠠᠯᠭᠠᠬᠤ ᠬᠡᠷᠡᠭᠲᠡᠶ᠃ | ︵ᠵᠢᠷᠭᠤᠭ᠎ᠠ︶ ᠨᠦᠬᠦᠪᠦᠷᠢ ᠮᠦᠩᠭᠦ ᠶᠢ ᠲᠠᠷᠬᠠᠭᠠᠬᠤ᠃ ᠬᠤᠰᠢᠭᠤ ᠡᠳ᠋ ᠤᠨ ᠵᠠᠰᠠᠭ ᠤᠨ ᠰᠠᠯᠠᠭ᠎ᠠ ᠮᠥᠴᠢᠷ | ᠠᠴᠠ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠤᠨ ᠲᠤᠰᠢᠶᠠᠭᠰᠠᠨ ᠨᠦᠬᠦᠪᠦᠷᠢ ᠮᠦᠩᠭᠦ ᠲᠠᠷᠬᠠᠭᠠᠬᠤ | ᠭᠤᠶᠤᠴᠢᠯᠠᠯ ᠪᠣᠯᠤᠨ ᠬᠠᠮᠢᠶ᠎ᠠ ᠪᠦᠬᠦᠢ ᠮᠠᠲ᠋ᠧᠷᠢᠶᠠᠯ ᠢ ᠬᠢᠨᠠᠨ ᠬᠠᠷᠭᠤᠭᠤᠯᠵᠤ᠂ 15 ᠠᠵᠢᠯᠯᠠᠬᠤ ᠡᠳᠦᠷ ᠤᠨ | ᠳᠣᠲᠣᠷ᠎ᠠ ᠤᠯᠤᠰ ᠤᠨ ᠬᠥᠮᠥᠷᠭᠡ ᠠᠴᠠ ᠲᠥᠪᠯᠡᠷᠡᠭᠦᠯᠦᠨ ᠣᠯᠭᠤᠬᠤ ᠠᠷᠭ᠎ᠠ ᠮᠠᠶ᠋ᠢᠭ ᠢᠶᠠᠷ ᠱᠠᠭᠠᠷᠳᠠᠯᠭ᠎ᠠ ᠳᠤ | ᠨᠡᠶᠢᠴᠡᠬᠦ ᠮᠠᠰᠢᠨ ᠬᠤᠳᠠᠯᠳᠤᠨ ᠠᠪᠤᠭᠴᠢ ᠳᠤ ᠨᠦᠬᠦᠪᠦᠷᠢ ᠮᠥᠩᠭᠦ ᠶᠢ ︽ᠨᠢᠬᠡ ᠺᠠᠷᠲ ᠪᠠᠷ ᠲᠠᠷᠬᠠᠭᠠᠬᠤ︾ ︵ | ᠪᠠᠩᠬᠢ ᠶᠢᠨ ᠺᠠᠷᠲ︶ ᠬᠡᠯᠪᠡᠷᠢ ᠪᠠᠷ ᠨᠢᠭᠡ ᠯᠡ ᠣᠳᠠᠭ᠎ᠠ ᠳᠤ ᠪᠦᠬᠦᠨ ᠢ ᠣᠯᠭᠤᠵᠣ᠂ ᠮᠠᠯᠴᠢᠨ ᠲᠠᠷᠢᠶᠠᠴᠢᠨ ᠤ | ᠲᠤᠰᠬᠠᠶ ᠬᠤᠷᠰᠢᠶ᠎ᠠ ᠪᠤᠶᠤ ᠪᠤᠰᠤᠳ ᠲᠠᠷᠢᠶᠠᠯᠠᠩ ᠮᠠᠯ ᠠᠵᠤ ᠠᠬᠤᠶ ᠶᠢᠨ ᠦᠢᠯᠡᠳᠪᠦᠷᠢᠯᠡᠯ ᠡᠵᠡᠩᠨᠡᠯᠲᠡ ᠶᠢᠨ | ᠵᠣᠬᠢᠶᠠᠨ ᠪᠠᠶᠢᠭᠤᠯᠤᠯᠲᠠ ᠶᠢᠨ ᠨᠥᠬᠦᠪᠥᠷᠢ ᠮᠥᠩᠭᠦ ᠶᠢ ᠳᠡᠭᠡᠷ᠎ᠡ ᠳᠤᠷᠠᠳᠤᠭᠰᠠᠨ ᠵᠣᠬᠢᠶᠠᠨ ᠪᠠᠶᠢᠭᠤᠯᠤᠯᠲᠠ ᠶᠢᠨ | ᠲᠠᠩᠰᠠᠨ ᠳᠤ ᠰᠢᠯᠵᠢᠭᠦᠯᠦᠨ ᠥᠭᠭᠦᠨ᠎ᠡ︔ ᠳᠠᠩᠰᠠ ᠪᠠᠶᠢᠭᠤᠯᠤᠭᠰᠠᠨ ᠥᠬᠡᠶ ᠪᠠᠶᠢᠪᠠᠯ᠂ ᠵᠣᠬᠢᠶᠠᠨ | ᠪᠠᠶᠢᠭᠤᠯᠤᠯᠲᠠ ᠶᠢᠨ ᠪᠦᠷᠢᠯᠳᠦᠬᠦᠨ ᠢᠶᠠᠷ ᠵᠥᠪᠰᠢᠶᠡᠷᠡᠭᠦᠯᠬᠦ ᠶᠢᠨ ᠬᠠᠮᠲᠤ ᠭᠠᠷ ᠤᠨ ᠥᠰᠥᠭ ᠵᠢᠷᠤᠭᠤᠯᠵᠤ᠂ | ᠮᠠᠲ᠋ᠧᠷᠢᠶᠠᠯ ᠢ ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠲᠤ ᠮᠡᠳᠡᠭᠦᠯᠦᠨ | ᠳᠠᠩᠰᠠᠯᠠᠭᠤᠯᠤᠭᠰᠠᠨ ᠤ ᠳᠠᠷᠠᠭ᠎ᠠ᠂ ᠵᠣᠬᠢᠶᠠᠨ ᠪᠠᠶᠢᠭᠤᠯᠤᠯᠲᠠ ᠶᠢᠨ ᠬᠠᠤᠯᠢ ᠶᠢᠨ ᠡᠷᠬᠡᠲᠡᠨ ᠪᠤᠶᠤ ᠪᠤᠰᠤᠳ | ᠪᠦᠷᠢᠯᠳᠦᠬᠦᠨ ᠳᠤ ︽ᠨᠢᠭᠡ ᠺᠠᠷᠲ ᠪᠠᠷ ᠲᠠᠷᠬᠠᠭᠠᠬᠤ︾ ᠬᠡᠯᠪᠡᠷᠢ ᠪᠠᠷ ᠬᠤᠪᠢ ᠶᠢᠨ ᠲᠠᠩᠰᠠᠨ ᠳᠤ ᠲᠠᠷᠬᠠᠭᠠᠨ᠎ᠠ᠃ | ᠲᠠᠷᠢᠶᠠᠯᠠᠩ ᠤᠨ ᠮᠠᠰᠢᠨ ᠲᠦᠬᠦᠭᠡᠷᠣᠮᠵᠢ ᠬᠤᠳᠠᠯᠳᠤᠨ ᠠᠪᠬᠤ ᠨᠥᠬᠦᠪᠥᠷᠢ ᠮᠥᠩᠭᠦ ᠶᠢ ᠡᠵᠡᠯᠡᠨ ᠬᠡᠷᠡᠭᠯᠡᠵᠣ | ᠰᠢᠯᠵᠢᠬᠦᠯᠦᠨ ᠬᠡᠷᠡᠭᠯᠡᠬᠦ ᠶᠢ ᠴᠢᠩᠭ᠎ᠠ ᠴᠠᠭᠠᠵᠠᠯᠠᠬᠤ ᠭᠡᠷᠡᠭᠲᠠᠢ᠃ ᠪᠠᠯᠠ ᠮᠥᠩᠭᠦ ᠬᠦᠷᠦᠯᠴᠡᠬᠦ ᠥᠬᠡᠶ ᠪᠤᠶᠤ ᠬᠢᠨᠠᠯᠲᠠ | ᠬᠠᠮᠢᠶᠠᠷᠤᠯᠲᠠ ᠪᠠᠨ ᠴᠢᠩᠭᠠᠳᠬᠠᠬᠤ ᠵᠡᠷᠭᠡ ᠰᠢᠯᠲᠠᠭᠠᠨ ᠠᠴᠠ ᠪᠣᠯᠵᠣ ᠨᠦᠬᠦᠪᠦᠷᠢ ᠲᠠᠷᠬᠠᠭᠠᠬᠤ ᠬᠤᠭᠤᠴᠠᠭ᠎ᠠ ᠶᠢ | ᠬᠤᠶᠢᠰᠢᠯᠠᠭᠤᠯᠬᠤ ᠴᠢᠬᠤᠯᠠ ᠲᠠᠢ ᠪᠣᠯ᠂ ᠮᠠᠰᠢᠨ ᠬᠤᠳᠠᠯᠳᠤᠨ ᠠᠪᠤᠭᠴᠢ ᠳᠤ ᠮᠡᠳᠡᠭᠳᠡᠬᠦ ᠶᠢᠨ ᠬᠠᠮᠲᠤ ᠴᠠᠭ | ᠲᠤᠬᠠᠶ ᠳᠤᠨᠢ ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠲᠠᠢ ᠬᠠᠮᠳᠣᠷᠠᠨ ᠪᠠᠯᠠ ᠮᠥᠩᠭᠦ ᠶᠢᠨ | ᠪᠠᠶᠢᠳᠠᠯ ᠢᠶᠠᠨ ᠳᠡᠭᠡᠭᠰᠢ ᠮᠡᠳᠡᠭᠦᠯᠬᠦ ᠬᠡᠷᠡᠭᠲᠡᠶ᠃ ᠨᠥᠬᠦᠪᠥᠷᠢ ᠭᠤᠶᠤᠴᠢᠯᠠᠬᠤ ᠨᠢ ᠵᠠᠷᠴᠢᠮ ᠳᠡᠭᠡᠷ᠎ᠡ ᠪᠠᠨ ᠲᠤᠬᠠᠶ ᠶᠢᠨ | ᠵᠢᠯ ᠳᠤ ᠬᠦᠴᠦᠨ ᠲᠠᠢ᠂ ᠲᠤᠬᠠᠶ ᠶᠢᠨ ᠵᠢᠯ ᠤᠨ ᠡᠳ᠋ ᠤᠨ ᠵᠠᠰᠠᠭ ᠤᠨ ᠨᠥᠬᠦᠪᠥᠷᠢ ᠮᠥᠩᠭᠦ ᠬᠦᠷᠦᠯᠴᠡᠬᠦ ᠥᠬᠡᠶ᠂ | ᠭᠠᠷᠳᠠᠮ ᠭᠦᠢᠴᠡᠳᠬᠡᠬᠦ ᠴᠠᠭ ᠪᠠᠴᠢᠮ ᠵᠡᠷᠭᠡ ᠠᠴᠠ ᠪᠣᠯᠵᠣ ᠬᠦᠢᠴᠡᠳᠭᠡᠭᠰᠡᠨ ᠦᠭᠡᠢ ᠪᠠᠶᠢᠪᠠᠯ᠂ ᠳᠠᠷᠠᠭ᠎ᠠ ᠵᠢᠯ ᠳᠤ | ᠲᠦᠷᠦᠬᠦᠯᠡᠨ ᠭᠦᠢᠴᠡᠳᠭᠡᠬᠦ ᠬᠡᠷᠡᠭᠲᠠᠢ᠃ | ᠨᠥᠬᠦᠪᠥᠷᠢ ᠶᠢᠨ ᠲᠥᠷᠥ ᠶᠢᠨ ᠪᠣᠳᠣᠯᠭ᠎ᠠ ᠶᠢ ᠵᠢᠯ ᠲᠠᠷᠠᠭᠠᠯᠠᠨ ᠬᠡᠷᠡᠭᠵᠢᠭᠦᠯᠵᠦ᠂ ᠲᠣᠭᠲᠠᠭᠠᠯ ᠠᠴᠠ | ᠵᠥᠷᠢᠴᠡᠭᠰᠡᠨ ᠠᠵᠢᠯᠯᠠᠭ᠎ᠠ ᠣᠷᠣᠰᠢᠬᠤ ᠪᠤᠶᠤ ᠨᠥᠬᠦᠪᠥᠷᠢ ᠮᠥᠩᠭᠦ ᠬᠡᠪᠴᠢᠶᠡᠨ ᠠᠴᠠ ᠬᠡᠳᠣᠷᠡᠬᠦ ᠠᠴᠠ ᠪᠣᠰᠣᠳ᠂ | ᠶᠠᠮᠠᠷᠪᠠ ᠰᠢᠯᠲᠠᠭᠠᠨ ᠢᠶᠠᠷ ᠮᠠᠰᠢᠨ ᠬᠤᠳᠠᠯᠳᠤᠨ ᠠᠪᠤᠭᠴᠢ ᠶᠢᠨ ᠨᠥᠬᠦᠪᠥᠷᠢ ᠭᠤᠶᠤᠴᠢᠯᠠᠬᠤ ᠶᠢ ᠬᠢᠵᠠᠭᠠᠷᠯᠠᠵᠤ ᠪᠣᠯᠬᠤ | ᠥᠬᠡᠶ ᠮᠥᠷᠲᠡᠭᠡᠨ ᠨᠥᠬᠦᠪᠥᠷᠢ ᠥᠭᠬᠦ ᠮᠠᠰᠢᠨ ᠲᠦᠬᠦᠭᠡᠷᠣᠮᠵᠢ ᠶᠢᠨ ᠬᠢᠷᠢ ᠬᠡᠮ᠂ ᠨᠥᠬᠦᠪᠥᠷᠢ ᠥᠭᠬᠦ ᠪᠠᠷᠢᠮᠵᠢᠶ᠎ᠠ ᠪᠠ | ᠭᠦᠢᠴᠡᠳᠬᠡᠬᠦ ᠲᠠᠰ ᠳᠠᠷᠠᠭᠠᠯᠠᠯ ᠵᠡᠷᠭᠡ ᠶᠢ ᠴᠥᠮ ᠭᠤᠶᠣᠴᠢᠯᠠᠯ ᠤᠨ ᠮᠠᠲ᠋ᠧᠷᠢᠶᠠᠯ ᠢᠶᠠᠨ ᠲᠣᠰᠢᠶᠠᠵᠣ᠂ | ᠦᠢᠯᠡᠴᠢᠯᠡᠭᠡᠨ ᠤ ᠰᠢᠰᠲ᠋ᠧᠮ ᠳᠤ ᠣᠷᠣᠭᠤᠯᠬᠤ ᠦᠶ᠎ᠡ ᠶᠢᠨ ᠬᠠᠮᠢᠶ᠎ᠠ ᠪᠥᠬᠦᠶ ᠲᠣᠭᠲᠠᠭᠠᠯ ᠢᠶᠠᠷ ᠬᠡᠷᠡᠭᠵᠢᠭᠦᠯᠵᠦ᠂ | ᠲᠥᠷᠥ ᠶᠢᠨ ᠪᠣᠳᠣᠯᠭ᠎ᠠ ᠶᠢᠨ ᠲᠣᠬᠢᠷᠠᠭᠤᠯᠤᠯᠲᠠ ᠳᠤ ᠨᠥᠯᠥᠭᠡᠯᠡᠭᠳᠡᠬᠦ ᠥᠬᠡᠶ᠃ ᠮᠠᠰᠢᠨ ᠬᠤᠳᠠᠯᠳᠤᠨ ᠠᠪᠤᠭᠴᠢ ᠨᠢ | ᠬᠤᠳᠠᠯᠳᠤᠨ ᠠᠪᠤᠭᠰᠠᠨ ᠮᠠᠰᠢᠨ ᠲᠦᠬᠦᠭᠡᠷᠣᠮᠵᠢ ᠪᠠᠨ ᠥᠮᠴᠢᠯᠡᠬᠦ ᠡᠷᠬᠡ ᠲᠠᠢ᠂ ᠦᠪᠡᠷᠳᠡᠭᠡᠨ ᠡᠵᠡᠨ ᠮᠡᠳᠡᠨ | ᠬᠡᠷᠡᠭᠯᠡᠵᠣ᠂ ᠬᠠᠤᠯᠢ ᠶᠣᠰᠣᠭᠠᠷ ᠰᠢᠢᠳᠪᠦᠷᠢᠯᠡᠵᠦ ᠪᠣᠯᠤᠨ᠎ᠠ᠃ | ᠳᠣᠯᠤᠭ᠎ᠠ᠂ ᠬᠡᠷᠡᠭᠵᠢᠭᠦᠯᠬᠦ ᠱᠠᠭᠠᠷᠳᠠᠯᠭ᠎ᠠ | ︵ᠨᠢᠭᠡ︶ ᠤᠳᠤᠷᠢᠳᠤᠯᠭ᠎ᠠ ᠪᠠᠨ ᠴᠢᠩᠭᠠᠳᠬᠠᠵᠤ᠂ ᠠᠵᠢᠯ ᠤᠨ ᠬᠤᠪᠢᠶᠠᠷᠢᠯᠠᠯ ᠢᠶᠠᠨ ᠲᠣᠳᠣᠷᠬᠠᠶᠢᠯᠠᠬᠤ | ᠬᠡᠷᠡᠭᠲᠡᠶ᠃ ᠮᠠᠨ ᠤ ᠬᠤᠰᠢᠭᠤᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠥᠷᠢ ᠥᠭᠬᠦ ᠲᠤᠰᠬᠠᠶ | ᠠᠵᠢᠯ ᠢ ᠤᠷᠤᠭᠰᠢᠲᠠᠶ ᠠᠬᠢᠭᠤᠯᠬᠤ ᠶᠢᠨ ᠲᠥᠯᠥᠭᠡ᠂ ᠬᠤᠰᠢᠭᠤ ᠵᠠᠰᠠᠭ ᠤᠨ ᠣᠷᠳᠣᠨ ᠠᠴᠠ ᠶᠠᠷᠢᠯᠴᠠᠨ | ᠨᠢᠭᠳᠠᠯᠠᠭᠠᠳ᠂ ᠵᠡᠭᠦᠨ ᠦᠵᠦᠮᠦᠴᠢᠨ ᠬᠤᠰᠢᠭᠤᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ | ᠥᠭᠬᠦ ᠲᠤᠰᠬᠠᠶ ᠠᠵᠢᠯ ᠤᠨ ᠤᠳᠤᠷᠢᠳᠬᠤ ᠳᠤᠭᠤᠶᠢᠯᠠᠩ ᠪᠠᠶᠢᠭᠤᠯᠬᠤ ᠪᠠᠷ ᠲᠣᠭᠲᠠᠪᠠ᠃ | ᠤᠳᠤᠷᠢᠳᠬᠤ ᠳᠤᠭᠤᠶᠢᠯᠠᠩ ᠤᠨ ᠠᠯᠪᠠᠨ ᠬᠡᠷ ᠢ ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ ᠮᠡᠷᠭᠡᠵᠢᠯ | ᠳᠡᠯᠭᠡᠷᠡᠭᠦᠯᠬᠦ ᠲᠥᠪ ᠲᠤ ᠲᠣᠬᠢᠷᠠᠭᠤᠯᠵᠣ᠂ ᠨᠥᠬᠦᠪᠥᠷᠢ ᠦᠭᠬᠦ ᠪᠣᠳᠠᠲᠠᠶ ᠠᠵᠢᠯ ᠢ ᠬᠠᠷᠢᠭᠤᠴᠠᠨ᠎ᠠ᠃ ᠠᠯᠪᠠᠨ | ᠭᠡᠷ ᠤᠨ ᠡᠷᠬᠢᠯᠡᠭᠴᠢ ᠶᠢᠨ ᠲᠤᠰᠢᠶᠠᠯ ᠢ ᠶᠢᠨ ᠭᠦᠸᠧ ᠲᠣᠰᠢᠶᠠᠯ ᠬᠠᠪᠰᠣᠷᠭᠠᠨ᠎ᠠ᠃ ᠴᠢᠬᠤᠯᠠ ᠵᠦᠢᠯ ᠢ ᠡᠷᠬᠡᠪᠰᠢ | ᠬᠤᠰᠢᠭᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠠᠵᠢᠯ ᠤᠨ ᠤᠳᠤᠷᠢᠳᠬᠤ | ᠳᠤᠭᠤᠶᠢᠯᠠᠩ ᠳᠤ ᠮᠡᠳᠡᠬᠦᠯᠵᠦ᠂ ᠰᠢᠢᠳᠪᠦᠷᠢ ᠶᠢ ᠪᠢᠴᠢᠭ ᠤᠨ ᠬᠡᠯᠪᠡᠷᠢ ᠪᠠᠷ ᠬᠠᠳᠠᠭᠠᠯᠠᠵᠣ᠂ ᠨᠥᠬᠦᠪᠥᠷᠢ ᠮᠥᠩᠭᠦ ᠶᠢᠨ | ᠠᠮᠤᠷ ᠲᠦᠪᠰᠢᠨ ᠢ ᠪᠠᠳᠣᠯᠠᠬᠤ ᠬᠡᠷᠡᠭᠲᠠᠢ᠃ ᠬᠢᠨᠠᠨ ᠬᠠᠷᠭᠤᠭᠤᠯᠬᠤ ᠪᠠᠷ ᠭᠤᠶᠤᠴᠢᠯᠠᠬᠤ ᠳᠤ ᠬᠢᠨᠠᠨ | ᠬᠠᠷᠭᠤᠭᠤᠯᠤᠭᠰᠠᠨ ᠰᠠᠨᠠᠯ ᠢ ᠣᠷᠣᠭᠤᠯᠬᠤ ᠬᠡᠷᠡᠭᠲᠡᠶ᠃ ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ | ᠮᠥᠴᠢᠷ ᠤᠨ ᠭᠤᠤᠯ ᠤᠳᠤᠷᠢᠳᠤᠯᠭ᠎ᠠ ᠪᠠᠷ ᠬᠢᠨᠠᠨ ᠵᠥᠪᠰᠢᠶᠡᠷᠡᠭᠦᠯᠬᠦ ᠬᠡᠷᠡᠭᠲᠡᠶ᠃ ᠨᠥᠬᠦᠪᠥᠷᠢ ᠮᠥᠩᠭᠦ ᠭᠤᠶᠣᠴᠢᠯᠠᠬᠤ | ᠬᠦᠰᠦᠨᠦᠭᠲᠦ ᠶᠢ ᠬᠤᠰᠢᠭᠤ ᠲᠠᠷᠢᠶᠠᠯᠠᠩ ᠮᠠᠯ ᠠᠵᠣ ᠠᠬᠤᠢ ᠪᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ | ᠲᠣᠪᠴᠢᠶ᠎ᠠ ᠶᠢᠨ ᠭᠤᠤᠯ ᠤᠳᠤᠷᠢᠳᠤᠯᠭ᠎ᠠ ᠪᠣᠯᠤᠨ ᠬᠤᠰᠢᠭᠤ ᠲᠠᠷᠢᠶᠠᠯᠠᠩ ᠮᠠᠯ ᠠᠵᠤ ᠠᠬᠤᠶ ᠶᠢᠨ ᠮᠡᠷᠭᠡᠵᠢᠯ | ᠳᠡᠯᠭᠡᠷᠡᠭᠦᠯᠬᠦ ᠲᠥᠪ ᠤᠨ ᠡᠷᠬᠢᠯᠡᠭᠴᠢ ᠪᠠᠷ ᠬᠢᠨᠠᠨ ᠬᠠᠷᠭᠤᠭᠤᠯᠵᠤ ᠭᠠᠷ ᠤᠨ ᠥᠰᠥᠭ ᠵᠢᠷᠣᠭᠤᠯᠬᠤ ᠭᠡᠷᠡᠭᠲᠠᠢ᠃ | ᠬᠤᠰᠢᠭᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠤᠲᠠᠰᠤ᠄ 2770325᠂ | ᠬᠢᠨᠠᠯᠲᠠ ᠲᠠᠯᠪᠢᠵᠤ ᠢᠯᠡᠴᠢᠯᠡᠨ ᠮᠡᠳᠡᠭᠦᠯᠬᠦ ᠤᠲᠠᠰᠤ᠄ 0479 — 8213484 ︵ᠠᠶᠢᠮᠠᠭ ᠤᠨ ᠮᠠᠰᠢᠨ | ᠬᠤᠳᠠᠯᠳᠤᠨ ᠠᠪᠬᠤ ᠳᠤ ᠨᠥᠬᠦᠪᠥᠷᠢ ᠥᠭᠬᠦ ᠠᠯᠪᠠᠨ ᠬᠡᠷ︶᠃ | ᠬᠤᠰᠢᠭᠤ ᠲᠠᠷᠢᠶᠠᠯᠠᠩ ᠮᠠᠯ ᠠᠵᠤ ᠠᠬᠤᠶ᠂ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠵᠠᠰᠠᠭ ᠤᠨ | ᠣᠷᠳᠣᠨ ᠤ ᠤᠳᠤᠷᠢᠳᠤᠯᠭ᠎ᠠ ᠳᠣᠤᠷᠠᠬᠢ ᠬᠠᠮᠲᠤᠷᠠᠨ ᠬᠡᠷᠡᠭᠵᠢᠭᠦᠯᠬᠦ ᠪᠠ ᠬᠢᠨᠠᠨ ᠬᠠᠮᠢᠶᠠᠷᠬᠤ ᠲᠣᠭᠲᠠᠴᠠ ᠶᠢ | ᠪᠠᠶᠢᠭᠤᠯᠤᠨ ᠪᠦᠷᠢᠨᠰᠢᠬᠦᠯᠵᠦ᠂ ᠵᠣᠬᠢᠶᠠᠨ ᠪᠠᠶᠢᠭᠤᠯᠤᠨ ᠵᠣᠬᠢᠴᠠᠭᠤᠯᠬᠤ ᠪᠠᠨ ᠦᠨᠡᠨᠬᠦ ᠴᠢᠩᠭᠠᠳᠬᠠᠨ᠂ ᠨᠢᠭᠳᠠ | ᠬᠠᠮᠵᠢᠯᠴᠠᠨ᠂ ᠠᠶᠤᠯ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ ᠠᠵᠢᠯ ᠤᠨ ᠲᠦᠷᠢᠮ ᠪᠠ ᠳᠣᠲᠣᠭᠠᠳᠤ ᠶᠢᠨ ᠡᠵᠡᠮᠳᠡᠬᠦ | ᠲᠦᠷᠢᠮ ᠢ ᠪᠦᠷᠢᠨᠰᠢᠬᠦᠯᠦᠨ ᠲᠡᠭᠦᠯᠳᠡᠷᠵᠢᠭᠦᠯᠵᠦ᠂ ᠡᠭᠦᠷᠭᠡ ᠬᠠᠷᠢᠭᠤᠴᠠᠯᠭ᠎ᠠ ᠠᠵᠢᠯ ᠤᠨ ᠬᠤᠪᠢᠶᠠᠷᠢᠯᠠᠯ ᠢᠶᠠᠨ | ᠲᠣᠳᠣᠷᠬᠠᠶᠢᠯᠠᠵᠤ᠂ ᠬᠠᠮᠳᠣ ᠶᠢᠨ ᠬᠦᠴᠦᠨ ᠢ ᠪᠦᠷᠢᠯᠳᠦᠭᠦᠯᠬᠦ ᠬᠡᠷᠡᠭᠲᠡᠶ᠃ ᠲᠤᠬᠠᠶᠢᠯᠠᠭᠰᠠᠨ ᠠᠵᠢᠯ ᠤᠨ | ᠪᠣᠯᠪᠠᠰᠤᠷᠠᠭᠤᠯᠤᠯ ᠪᠠ ᠠᠷᠢᠭᠤᠨ ᠴᠢᠬᠡᠴᠢ ᠪᠠᠷ ᠵᠠᠰᠠᠭ ᠪᠠᠷᠢᠬᠤ ᠰᠡᠷᠡᠮᠵᠢᠯᠡᠭᠦᠯᠬᠦ ᠬᠥᠮᠦᠵᠢᠯ ᠥᠷᠨᠢᠭᠦᠯᠵᠦ᠂ | ᠨᠥᠬᠦᠪᠥᠷᠢ ᠥᠭᠬᠦ ᠠᠵᠢᠯᠳᠠᠳ ᠤᠨ ᠲᠤᠬᠠᠶᠢᠯᠠᠭᠰᠠᠨ ᠠᠵᠢᠯ ᠤᠨ ᠬᠡᠪ ᠴᠢᠨᠠᠷ ᠪᠠ ᠠᠶᠤᠯ ᠲᠦᠭᠰᠢᠭᠦᠷᠢ ᠶᠢ | ᠰᠡᠷᠭᠡᠶᠢᠯᠡᠨ ᠡᠵᠡᠮᠳᠡᠬᠦ ᠴᠢᠳᠠᠪᠤᠷᠢ ᠶᠢ ᠳᠡᠭᠡᠭᠰᠢᠯᠡᠭᠦᠯᠬᠦ ᠬᠡᠷᠡᠭᠲᠡᠶ᠃ | ︵ᠬᠤᠶᠠᠷ︶ ᠰᠠᠬᠢᠯᠭ᠎ᠠ ᠪᠠᠲᠤ ᠶᠢ ᠴᠢᠩᠭᠠᠯᠠᠵᠣ᠂ ᠳᠦᠷᠢᠮ ᠶᠣᠰᠣᠭᠠᠷ ᠠᠵᠢᠯᠯᠠᠬᠤ ᠬᠡᠷᠡᠭᠲᠠᠢ᠃ ᠬᠤᠰᠢᠭᠤ | ᠲᠠᠷᠢᠶᠠᠯᠠᠩ ᠮᠠᠯ ᠠᠵᠤ ᠠᠬᠤᠶ ᠪᠠ ᠡᠳ᠋ ᠤᠨ ᠵᠠᠰᠠᠭ ᠤᠨ ᠰᠠᠯᠠᠭ᠎ᠠ ᠮᠥᠴᠢᠷ ᠬᠠᠤᠯᠢ ᠲᠣᠭᠲᠠᠭᠠᠯ ᠶᠣᠰᠣᠭᠠᠷ | ᠠᠵᠢᠯᠯᠠᠵᠤ᠂ ᠡᠭᠦᠷᠭᠡ ᠬᠠᠷᠢᠭᠤᠴᠠᠯᠭ᠎ᠠ ᠪᠠᠨ ᠨᠠᠷᠢᠨ ᠬᠢᠨᠠᠮᠠᠭᠠᠶ ᠭᠦᠢᠴᠡᠳᠬᠡᠵᠦ᠂ ᠨᠥᠬᠦᠪᠥᠷᠢ ᠦᠭᠬᠦ ᠲᠥᠷᠥ ᠶᠢᠨ | ᠪᠣᠳᠣᠯᠭ᠎ᠠ ᠶᠢ ᠳᠦᠷᠢᠮ ᠶᠣᠰᠣᠭᠠᠷ ᠬᠡᠷᠡᠭᠵᠢᠭᠦᠯᠬᠦ ᠬᠡᠷᠡᠭᠲᠡᠶ᠃ ᠨᠢᠭᠡ ᠳᠤ᠂ ᠲᠣᠭᠲᠠᠭᠠᠯ ᠶᠣᠰᠣᠭᠠᠷ ᠠᠵᠢᠯ ᠢᠶᠠᠨ | ᠥᠷᠨᠢᠭᠦᠯᠵᠦ᠂ ᠬᠠᠮᠢᠶᠠᠷᠣᠯᠳᠠ ᠪᠠᠨ ᠴᠢᠩᠭᠠᠳᠬᠠᠬᠤ ᠬᠡᠷᠡᠭᠲᠠᠢ᠃ ᠪᠣᠳᠠᠳᠠᠢ ᠪᠠᠶᠢᠳᠠᠯ ᠢᠶᠠᠨ ᠦᠨᠳᠦᠰᠦᠯᠡᠨ ᠠᠷᠭ᠎ᠠ | ᠬᠡᠯᠪᠡᠷᠢ ᠶᠢᠨ ᠰᠢᠨ᠎ᠡ ᠶᠢ ᠡᠬᠦᠳᠦᠭᠰᠡᠨ ᠪᠠᠶᠢᠪᠠᠯ᠂ ᠬᠠᠮᠲᠤ ᠪᠠᠷ ᠰᠤᠳᠤᠯᠤᠨ ᠰᠢᠢᠳᠪᠦᠷᠢ ᠭᠠᠷᠭᠠᠭᠰᠠᠨ ᠤ ᠳᠠᠷᠠᠭ᠎ᠠ᠂ | ᠬᠤᠰᠢᠭᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠠᠵᠢᠯ ᠤᠨ ᠤᠳᠤᠷᠢᠳᠬᠤ | ᠳᠤᠭᠤᠶᠢᠯᠠᠩ ᠢᠶᠠᠷ ᠬᠢᠨᠠᠨ ᠵᠥᠪᠰᠢᠶᠡᠷᠡᠭᠦᠯᠵᠦ᠂ ᠪᠢᠴᠢᠭ ᠤᠨ ᠬᠡᠯᠪᠡᠷᠢ ᠪᠠᠷ ᠵᠠᠰᠠᠭ ᠤᠨ ᠣᠷᠳᠣᠨ ᠤ ᠰᠢᠢᠳᠪᠦᠷᠢ | ᠭᠠᠷᠭᠠᠵᠤ᠂ ᠳᠡᠭᠡᠷ᠎ᠡ ᠨᠢᠭᠡ ᠱᠠᠲᠤᠨ ᠤ ᠭᠤᠣᠯᠯᠠᠨ ᠬᠠᠮᠢᠶᠠᠷᠬᠤ ᠰᠠᠯᠠᠭ᠎ᠠ ᠮᠥᠴᠢᠷ ᠲᠤ ᠮᠡᠳᠡᠭᠦᠯᠦᠨ | ᠳᠠᠩᠰᠠᠯᠠᠭᠤᠯᠤᠭᠰᠠᠨ ᠤ ᠳᠠᠷᠠᠭ᠎ᠠ ᠬᠡᠷᠡᠭᠵᠢᠭᠦᠯᠵᠦ ᠪᠣᠯᠤᠨ᠎ᠠ᠃ ᠬᠤᠶᠠᠷ ᠲᠤ᠂ ᠲᠣᠭᠲᠠᠭᠰᠠᠨ ᠴᠠᠭ ᠤᠨ ᠬᠢᠵᠠᠭᠠᠷ | ᠶᠣᠰᠣᠭᠠᠷ ᠭᠦᠢᠴᠡᠳᠭᠡᠬᠦ ᠭᠡᠷᠡᠭᠲᠠᠢ᠃ ᠡᠬᠦᠨ ᠳᠤ ᠭᠤᠶᠤᠴᠢᠯᠠᠯ ᠢ ᠭᠥᠯᠢᠶᠡᠨ ᠭᠦᠢᠴᠡᠳᠭᠡᠬᠦ ᠴᠠᠭ ᠤᠨ ᠬᠢᠵᠠᠭᠠᠷ᠂ | ᠬᠠᠷᠭᠤᠭᠤᠯᠤᠨ ᠪᠠᠶᠢᠴᠠᠭᠠᠬᠤ ᠴᠠᠭ ᠤᠨ ᠬᠢᠵᠠᠭᠠᠷ᠂ ᠪᠠᠯᠠ ᠮᠥᠩᠭᠦ ᠶᠢ ᠳ᠋ᠦᠩᠨᠡᠨ ᠪᠤᠳᠤᠬᠤ ᠴᠠᠭ ᠤᠨ ᠬᠢᠵᠠᠭᠠᠷ ᠵᠢᠴᠢ | ᠵᠠᠭᠠᠯᠳᠤᠯᠭ᠎ᠠ ᠶᠢ ᠭᠥᠯᠢᠶᠡᠨ ᠠᠪᠴᠤ ᠰᠢᠢᠳᠪᠦᠷᠢᠯᠡᠬᠦ ᠴᠠᠭ ᠤᠨ ᠬᠢᠵᠠᠭᠠᠷ ᠵᠡᠷᠭᠡ ᠶᠢ ᠪᠠᠭᠲᠠᠭᠠᠵᠤ᠂ ᠦᠢᠯᠡᠴᠢᠯᠡᠬᠦ | ᠨᠢᠭᠤᠷᠯᠠᠯ ᠤᠨ ᠡᠷᠬᠡ ᠠᠰᠢᠭ ᠢ ᠪᠠᠳᠣᠯᠠᠬᠤ ᠬᠡᠷᠡᠭᠲᠠᠢ᠃ ᠭᠤᠷᠪᠠ ᠳᠤ᠂ ᠠᠵᠢᠯ ᠤᠨ ᠰᠤᠷᠲᠠᠯ ᠢᠶᠠᠨ ᠤᠯᠠᠮ ᠨᠢᠭᠡ | ᠠᠯᠬᠤᠮ ᠰᠠᠶᠢᠵᠢᠷᠠᠭᠤᠯᠵᠤ᠂ ᠠᠷᠢᠭᠤᠨ ᠴᠢᠬᠡᠴᠢ ᠪᠠᠷ ᠵᠠᠰᠠᠭ ᠪᠠᠷᠢᠬᠤ ᠲᠣᠭᠲᠠᠭᠠᠯ ᠢ ᠴᠢᠩᠭ᠎ᠠ ᠵᠢᠷᠤᠮᠯᠠᠨ᠂ ᠦᠪᠡᠷ ᠢ | ᠪᠠᠨ ᠴᠢᠩᠭ᠎ᠠ ᠱᠠᠭᠠᠷᠳᠠᠵᠣ᠂ ᠮᠠᠰᠢᠨ ᠬᠤᠳᠠᠯᠳᠤᠨ ᠠᠪᠤᠭᠴᠢ ᠶᠢᠨ ᠡᠵᠡᠨ ᠮᠡᠳᠡᠨ ᠰᠣᠩᠭᠤᠬᠤ ᠡᠷᠬᠡ ᠶᠢ | ᠬᠦᠨᠳᠦᠳᠬᠡᠵᠦ᠂ ᠨᠥᠬᠦᠪᠥᠷᠢ ᠦᠭᠬᠦ ᠨᠢᠭᠤᠷᠯᠠᠯ ᠢ ᠡᠷᠬᠡ ᠲᠡᠭᠰᠢ ᠲᠥᠪ ᠭᠤᠤᠯᠴᠢ ᠪᠠᠷ ᠲᠣᠭᠲᠠᠭᠠᠵᠤ᠂ ᠰᠤᠯᠠ | ᠵᠠᠳᠠᠭᠠᠶ ᠬᠠᠷᠢᠯᠴᠠᠨ ᠨᠠᠶᠢᠳᠠᠬᠤ᠂ ᠠᠯᠪᠠ ᠬᠠᠰᠢᠵᠤ ᠠᠮᠠ ᠪᠥᠭᠯᠡᠬᠦ ᠮᠠᠭᠤ ᠰᠤᠷᠲᠠᠯ ᠢ ᠡᠷᠡᠰ ᠴᠡᠭᠡᠷᠯᠡᠵᠣ᠂ ᠰᠤᠷᠲᠠᠯ | ᠴᠢᠬᠡᠴᠢ ᠣᠪᠣᠷ ᠲᠥᠪ ᠠᠵᠢᠯ ᠤᠨ ᠣᠷᠴᠢᠨ ᠢ ᠪᠣᠢ ᠪᠣᠯᠭᠠᠬᠤ ᠭᠡᠷᠡᠭᠲᠠᠢ᠃ | ︵ᠭᠤᠷᠪᠠ︶ ᠦᠢᠯᠡᠴᠢᠯᠡᠭᠡ ᠪᠠᠨ ᠰᠢᠯᠢᠳᠡᠭᠵᠢᠭᠦᠯᠵᠦ᠂ ᠴᠢᠳᠠᠪᠬᠢ ᠪᠠᠨ ᠳᠡᠭᠡᠭᠰᠢᠯᠡᠬᠦᠯᠬᠦ ᠭᠡᠷᠡᠭᠲᠠᠢ᠃ | ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠲᠥᠷᠥ ᠶᠢᠨ ᠪᠣᠳᠣᠯᠭ᠎ᠠ ᠶᠢ ᠭᠦᠢᠴᠡᠳᠬᠡᠬᠦ | ᠦᠢᠯᠡᠴᠢᠯᠡᠭᠡᠨ ᠤ ᠰᠢᠰᠲ᠋ᠧᠮ ᠳᠤ ᠲᠦᠰᠢᠭᠯᠡᠨ᠂ ᠬᠤᠰᠢᠭᠤ ᠲᠠᠷᠢᠶᠠᠯᠠᠩ ᠮᠠᠯ ᠠᠵᠤ ᠠᠬᠤᠶ ᠪᠠ ᠡᠳ᠋ ᠤᠨ ᠵᠠᠰᠠᠭ ᠤᠨ | ᠰᠠᠯᠠᠭ᠎ᠠ ᠮᠥᠴᠢᠷ ᠤᠨ ᠨᠥᠬᠦᠪᠥᠷᠢ ᠭᠤᠶᠤᠴᠢᠯᠠᠬᠤ ᠪᠣᠳᠠᠲᠠᠶ ᠴᠠᠭ ᠬᠤᠭᠤᠴᠠᠭ᠎ᠠ ᠶᠢ ᠬᠥᠳᠡᠯᠦᠩᠭᠦᠶ ᠪᠠᠷ ᠵᠠᠳᠠᠯᠵᠤ᠂ | ᠴᠠᠭ ᠠᠴᠠ ᠬᠡᠲᠦᠷᠡᠭᠦᠯᠦᠨ ᠭᠦᠢᠴᠡᠳᠬᠡᠬᠦ ᠠᠵᠢᠯᠯᠠᠭ᠎ᠠ ᠶᠢ ᠴᠠᠭ ᠲᠤᠬᠠᠶ ᠳᠤᠨᠢ ᠤᠷᠢᠳᠴᠢᠯᠠᠨ ᠰᠡᠷᠡᠮᠵᠢᠯᠡᠭᠦᠯᠬᠦ ᠪᠠ | ᠲᠣᠭᠲᠠᠮᠠᠯ ᠬᠤᠭᠤᠴᠠᠭ᠎ᠠ ᠲᠠᠢ ᠪᠠᠷ ᠮᠡᠳᠡᠭᠳᠡᠵᠦ᠂ ᠨᠥᠬᠦᠪᠥᠷᠢ ᠭᠤᠶᠤᠴᠢᠯᠠᠬᠤ ᠭᠤᠶᠤᠴᠢᠯᠠᠯ ᠢ ᠭᠥᠯᠢᠶᠡᠨ ᠠᠪᠴᠤ | ᠰᠢᠢᠳᠪᠦᠷᠢᠯᠡᠬᠦ᠂ ᠬᠢᠷᠢ ᠬᠡᠮ ᠢ ᠬᠢᠨᠠᠨ ᠬᠠᠷᠭᠤᠭᠤᠯᠬᠤ᠂ ᠮᠠᠰᠢᠨ ᠲᠦᠭᠦᠭᠡᠷᠣᠮᠵᠢ ᠶᠢ ᠬᠢᠨᠠᠨ ᠰᠢᠯᠭᠠᠬᠤ᠂ ᠨᠦᠬᠦᠪᠦᠷᠢ | ᠮᠥᠩᠭᠦ ᠲᠠᠷᠬᠠᠭᠠᠬᠤ ᠵᠡᠷᠭᠡ ᠠᠵᠢᠯ ᠢ ᠦᠨᠡᠨᠬᠦ ᠲᠦᠷᠭᠡᠳᠬᠡᠬᠦ ᠬᠡᠷᠡᠭᠲᠡᠶ᠃ ᠠᠵᠤ ᠦᠢᠯᠡᠰ ᠤᠨ ᠬᠡᠯᠬᠢᠶᠡᠰᠣ | ᠬᠠᠩᠭᠠᠯᠭ᠎ᠠ ᠶᠢᠨ ᠬᠡᠯᠬᠢᠶᠡᠰᠣ ᠶᠢ ᠰᠠᠭᠠᠳ ᠦᠭᠡᠢ ᠨᠡᠪᠲᠡᠷᠡᠭᠦᠯᠵᠦ᠂ ᠬᠤᠳᠠᠯᠳᠤᠭ᠎ᠠ ᠡᠵᠡᠩᠨᠡᠬᠦ ᠣᠬᠢ ᠰᠠᠶᠢᠨ | ᠣᠷᠴᠢᠨ ᠨᠥᠬᠦᠴᠡᠯ ᠢ ᠪᠤᠢ ᠪᠣᠯᠭᠠᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠠᠤᠯᠢ ᠶᠣᠰᠣᠨ ᠤ ᠡᠷᠬᠡ | ᠠᠰᠢᠭ ᠢ ᠪᠠᠲᠤᠯᠠᠵᠤ᠂ ᠬᠠᠤᠯᠢ ᠴᠠᠭᠠᠵᠠ ᠶᠢᠨ ᠪᠠᠶᠢᠭᠤᠯᠭ᠎ᠠ ᠠᠴᠠ ᠬᠢᠨᠠᠨ ᠳᠣᠭᠳᠠᠭᠠᠭᠰᠠᠨ ᠲᠠᠷᠢᠶᠠᠯᠠᠩ ᠤᠨ ᠮᠠᠰᠢᠨ | ᠦᠢᠯᠡᠳᠬᠦ ᠪᠣᠷᠣᠯᠠᠭᠤᠯᠬᠤ ᠠᠵᠤ ᠠᠬᠤᠶᠢᠯᠠᠯ ᠠᠴᠠ ᠮᠠᠰᠢᠨ ᠬᠤᠳᠠᠯᠳᠤᠨ ᠠᠪᠣᠭᠰᠠᠨ ᠵᠣᠭᠤᠰ ᠢᠶᠠᠨ ᠵᠣᠷᠢᠭᠤᠳᠠ | ᠥᠷᠢᠲᠦᠭᠰᠡᠨ ᠮᠠᠰᠢᠨ ᠬᠤᠳᠠᠯᠳᠤᠨ ᠠᠪᠤᠭᠴᠢ ᠶᠢᠨ ᠨᠥᠬᠦᠪᠥᠷᠢ ᠬᠦᠷᠳᠡᠬᠦ ᠬᠢᠷᠢ ᠬᠡᠮ ᠢ ᠨᠢ ᠬᠦᠴᠦᠨ ᠦᠭᠡᠢ | ᠪᠣᠯᠭᠠᠬᠤ ᠬᠡᠷᠡᠭᠲᠠᠢ᠃ ᠨᠥᠬᠦᠪᠥᠷᠢ ᠥᠭᠬᠦ ᠮᠠᠰᠢᠨ ᠪᠠᠭᠠᠵᠢ ᠶᠢ ᠬᠠᠷᠭᠤᠭᠤᠯᠤᠨ ᠪᠠᠶᠢᠴᠠᠭᠠᠬᠤ ᠮᠡᠳᠡᠭᠡ | ᠵᠠᠩᠭᠢᠵᠢᠯᠲᠠ ᠶᠢᠨ ᠬᠢᠷᠢ ᠲᠦᠪᠰᠢᠨ ᠢ ᠳᠡᠭᠡᠭᠰᠢᠯᠡᠭᠦᠯᠵᠦ᠂ ᠲᠠᠷᠢᠶᠠᠯᠠᠩ ᠤᠨ ᠮᠠᠰᠢᠨ ᠤ ᠲᠤᠷᠰᠢᠯᠲᠠ ᠶᠢᠨ ᠬᠢᠨᠠᠨ | ᠲᠣᠭᠲᠠᠭᠠᠬᠤ᠂ ᠨᠥᠬᠦᠪᠥᠷᠢ ᠥᠭᠬᠦ ᠮᠠᠰᠢᠨ ᠲᠦᠬᠦᠭᠡᠷᠣᠮᠵᠢ ᠶᠢ ᠳᠡᠰ ᠳᠣᠭᠳᠠᠭᠠᠬᠤ᠂ ᠫᠠᠶᠢᠰᠠ ᠦᠨᠡᠮᠯᠡᠯ ᠢ | ᠬᠠᠮᠢᠶᠠᠷᠬᠤ᠂ ᠨᠥᠬᠦᠪᠥᠷᠢ ᠮᠥᠩᠭᠦ ᠶᠢ ᠭᠤᠶᠣᠴᠢᠯᠠᠬᠤ ᠵᠡᠷᠭᠡ ᠮᠡᠳᠡᠭᠡ ᠵᠠᠩᠭᠢ ᠶᠢ ᠬᠠᠷᠢᠯᠴᠠᠨ ᠨᠡᠪᠳᠡᠷᠡᠬᠦᠯᠬᠦ ᠶᠢ | ᠲᠦᠷᠭᠡᠳᠬᠡᠵᠦ᠂ ᠨᠥᠬᠦᠪᠥᠷᠢ ᠥᠭᠬᠦ ᠮᠠᠰᠢᠨ ᠲᠦᠬᠦᠭᠡᠷᠣᠮᠵᠢ ᠶᠢ ᠬᠥᠮᠦᠨ ᠤ ᠬᠦᠴᠦ ᠪᠠᠷ ᠬᠠᠷᠭᠤᠭᠤᠯᠤᠨ | ᠪᠠᠶᠢᠴᠠᠭᠠᠵᠤ ᠪᠠᠶᠢᠭᠰᠠᠨ ᠠᠴᠠ ᠮᠠᠰᠢᠨ ᠢᠶᠠᠷ ᠬᠠᠷᠭᠤᠭᠤᠯᠤᠨ ᠪᠠᠶᠢᠴᠠᠭᠠᠬᠤ ᠲᠡᠰᠢ ᠬᠤᠪᠢᠷᠠᠭᠤᠯᠬᠤ ᠶᠢ ᠲᠦᠯᠬᠢᠨ | ᠠᠬᠢᠭᠤᠯᠬᠤ ᠬᠡᠷᠡᠭᠲᠠᠢ᠃ ᠨᠥᠬᠦᠪᠥᠷᠢ ᠭᠤᠶᠤᠴᠢᠯᠠᠬᠤ᠂ ᠬᠢᠨᠠᠨ ᠬᠠᠷᠭᠤᠭᠤᠯᠬᠤ᠂ ᠨᠦᠬᠦᠪᠦᠷᠢ ᠲᠠᠷᠬᠠᠭᠠᠬᠤ ᠶᠠᠪᠣᠴᠠ | ᠶᠢ ᠰᠦᠯᠵᠢᠶ᠎ᠡ ᠪᠠᠷ ᠭᠦᠢᠴᠡᠳᠬᠡᠬᠦ ᠰᠢᠨ᠎ᠡ ᠵᠠᠭᠪᠤᠷ ᠢ ᠢᠳᠡᠪᠬᠢᠲᠡᠶ ᠪᠠᠷ ᠬᠠᠶᠢᠨ ᠰᠦᠪᠡᠭᠴᠢᠯᠡᠵᠦ᠂ ᠬᠢᠨᠠᠯᠲᠠ | ᠬᠠᠮᠢᠶᠠᠷᠤᠯᠲᠠ ᠶᠢᠨ ᠮᠡᠳᠡᠭᠡ ᠵᠠᠩᠭᠢᠵᠢᠯᠲᠠ ᠶᠢ ᠠᠬᠢᠭᠤᠯᠬᠤ ᠬᠡᠷᠡᠭᠲᠠᠢ᠃ | ︵ᠳᠥᠷᠪᠡ︶ ᠮᠡᠳᠡᠭᠡ ᠵᠠᠩᠭᠢ ᠶᠢ ᠢᠯᠡ ᠪᠣᠯᠭᠠᠵᠤ᠂ ᠬᠢᠨᠠᠯᠲᠠ ᠶᠢ ᠬᠦᠯᠢᠶᠡᠬᠦ ᠭᠡᠷᠡᠭᠲᠠᠢ᠃ ᠲᠤᠬᠠᠶ ᠶᠢᠨ | ᠭᠠᠵᠠᠷ ᠣᠷᠣᠨ ᠤ ᠪᠠᠶᠢᠳᠠᠯ ᠳᠠᠭᠠᠨ ᠳᠣᠭᠢᠷᠠᠭᠤᠯᠤᠨ᠂ ᠤᠬᠠᠭᠤᠯᠭ᠎ᠠ ᠶᠢᠨ ᠵᠢᠷᠤᠭ᠂ ᠷᠠᠳᠢᠣ᠋ ᠨᠡᠪᠲᠡᠷᠡᠭᠦᠯᠭᠡ ᠲᠧᠯᠸᠢᠰ᠂ | ᠢᠨᠲ᠋ᠤᠷ ᠰᠦᠯᠵᠢᠶ᠎ᠡ ᠪᠣᠶᠣ ᠭᠠᠴᠠᠭᠠᠨ ᠤ ᠵᠠᠰᠠᠭ ᠤᠨ ᠶᠠᠪᠤᠳᠠᠯ ᠢ ᠢᠯᠡ ᠪᠣᠯᠭᠠᠬᠤ ᠳᠠᠪᠴᠠᠩ ᠵᠡᠷᠭᠡ ᠶᠢ ᠠᠰᠢᠭᠯᠠᠨ᠂ | ᠨᠥᠬᠦᠪᠥᠷᠢ ᠶᠢᠨ ᠲᠥᠷᠥ ᠶᠢᠨ ᠪᠣᠳᠣᠯᠭ᠎ᠠ ᠬᠢᠭᠡᠳ ᠬᠡᠷᠡᠭᠵᠢᠬᠦᠯᠬᠦ ᠳᠦᠰᠦᠯ ᠢ ᠣᠬᠠᠭᠤᠯᠵᠣ᠂ ᠮᠠᠰᠢᠨ ᠬᠤᠳᠠᠯᠳᠤᠨ | ᠠᠪᠤᠭᠴᠢ᠂ ᠡᠵᠡᠩᠨᠡᠨ ᠪᠣᠷᠣᠯᠠᠭᠤᠯᠬᠤ ᠠᠵᠤ ᠠᠬᠤᠶᠢᠯᠠᠯ ᠪᠣᠯᠤᠨ ᠥᠷᠭᠡᠨ ᠣᠯᠠᠨ ᠮᠠᠯᠴᠢᠨ ᠲᠦᠮᠡᠨ ᠤ ᠪᠠᠶᠢᠳᠠᠯ ᠢ | ᠦᠢᠯᠠᠭᠠᠬᠤ ᠡᠷᠬᠡ᠂ ᠬᠢᠨᠠᠯᠲᠠ ᠲᠠᠯᠪᠢᠬᠤ ᠡᠷᠬᠡ ᠶᠢ ᠦᠨᠡᠨᠬᠦ ᠪᠠᠲᠤᠯᠠᠬᠤ ᠬᠡᠷᠡᠭᠲᠡᠶ᠃ ᠬᠤᠰᠢᠭᠤ ᠲᠠᠷᠢᠶᠠᠯᠠᠩ ᠤᠨ | ᠮᠠᠰᠢᠨ ᠬᠤᠳᠠᠯᠳᠤᠨ ᠠᠪᠬᠤ ᠨᠥᠬᠦᠪᠥᠷᠢ ᠶᠢᠨ ᠮᠡᠳᠡᠭᠡ ᠵᠠᠩᠭᠢ ᠶᠢ ᠨᠡᠶᠢᠲᠡᠯᠡᠬᠦ ᠲᠤᠰᠬᠠᠶ ᠪᠤᠯᠤᠩ ᠤᠨ | ᠪᠠᠶᠢᠭᠤᠯᠤᠯᠲᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠣᠶᠢᠷ᠎ᠠ ᠶᠢᠨ ᠭᠤᠷᠪᠠᠨ ᠵᠢᠯ ᠤᠨ ᠨᠥᠬᠦᠪᠥᠷᠢ | ᠭᠥᠷᠳᠡᠬᠦ ᠨᠢᠭᠤᠷᠯᠠᠯ᠂ ᠨᠦᠬᠦᠪᠦᠷᠢ ᠲᠠᠷᠬᠠᠭᠠᠭᠰᠠᠨ ᠪᠠᠶᠢᠳᠠᠯ᠂ ᠲᠠᠷᠢᠶᠠᠯᠠᠩ ᠮᠠᠯ ᠠᠵᠤ ᠠᠬᠤᠶ ᠪᠠ ᠡᠳ᠋ ᠤᠨ | ᠵᠠᠰᠠᠭ ᠤᠨ ᠰᠠᠯᠠᠭ᠎ᠠ ᠮᠥᠴᠢᠷ ᠤᠨ ᠠᠰᠠᠭᠤᠨ ᠯᠠᠪᠯᠠᠬᠤ ᠢᠯᠡᠴᠢᠯᠡᠨ ᠮᠡᠳᠡᠬᠦᠯᠬᠦ ᠣᠳᠠᠰᠣ᠂ ᠨᠥᠬᠦᠪᠥᠷᠢ ᠮᠥᠩᠭᠦ ᠶᠢᠨ | ᠬᠡᠪᠴᠢᠶ᠎ᠡ᠂ ᠬᠡᠷᠡᠭᠯᠡᠯᠲᠡ ᠶᠢᠨ ᠠᠬᠢᠴᠠ᠂ ᠲᠣᠭᠲᠠᠭᠠᠯ ᠠᠴᠠ ᠵᠥᠷᠢᠴᠡᠨ ᠢ ᠪᠠᠶᠢᠴᠠᠭᠠᠨ ᠰᠢᠢᠳᠪᠦᠷᠢᠯᠡᠭᠰᠡᠨ ᠵᠡᠷᠭᠡ ᠡᠯ᠎ᠡ | ᠲᠥᠷᠥᠯ ᠤᠨ ᠮᠡᠳᠡᠭᠡ ᠵᠠᠩᠭᠢ ᠶᠢ ᠪᠥᠬᠦ ᠲᠠᠯ᠎ᠠ ᠪᠠᠷ ᠢᠯᠡ ᠪᠣᠯᠭᠠᠵᠤ᠂ ᠨᠡᠶᠢᠭᠡᠮ ᠤᠨ ᠬᠢᠨᠠᠯᠲᠠ ᠶᠢ ᠬᠦᠯᠢᠶᠡᠬᠦ ᠬᠡᠷᠡᠭᠲᠡᠶ | ᠃ | ︵ᠲᠠᠪᠤ︶ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠵᠤ᠂ ᠲᠣᠭᠲᠠᠭᠠᠯ ᠠᠴᠠ ᠵᠥᠷᠢᠴᠡᠭᠰᠡᠳ ᠢ ᠴᠢᠩᠭ᠎ᠠ | ᠰᠢᠢᠳᠭᠡᠬᠦ ᠭᠡᠷᠡᠭᠲᠠᠢ᠃ ᠲᠤᠰ ᠲᠥᠰᠦᠯ ᠪᠠ ︽ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ | ᠲᠥᠷᠥ ᠶᠢᠨ ᠪᠣᠳᠣᠯᠭ᠎ᠠ ᠶᠢᠨ ᠬᠢᠨᠠᠯᠲᠠ ᠬᠠᠮᠢᠶᠠᠷᠤᠯᠲᠠ ᠶᠢ ᠪᠠ ᠰᠠᠬᠢᠯᠭ᠎ᠠ ᠪᠠᠲᠤ ᠶᠢ ᠣᠯᠠᠮ ᠨᠢᠭᠡ ᠠᠯᠬᠤᠮ | ᠴᠢᠩᠭᠠᠳᠬᠠᠬᠤ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠶᠢᠨ | ᠲᠢᠩᠬᠢᠮ ︵ᠥᠪᠥᠷ ᠲᠠᠷᠢᠶᠠᠯᠠᠩ ᠮᠠᠯ ᠠᠵᠤ ᠠᠬᠤᠶ ᠮᠠᠰᠢᠨ ᠲᠠᠷᠬᠠᠭᠠᠭᠰᠠᠨ ︹ 2019 ︺ 216 ᠲᠣᠭᠠᠲᠤ︶ | ᠪᠠ ︽︿ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ | ᠨᠥᠬᠦᠪᠥᠷᠢ ᠥᠭᠬᠦ ᠦᠢᠯᠡᠳᠬᠦᠨ ᠢ ᠲᠣᠭᠲᠠᠭᠠᠯ ᠠᠴᠠ ᠵᠥᠷᠢᠴᠡᠨ ᠡᠵᠡᠩᠨᠡᠭᠰᠡᠨ ᠠᠵᠢᠯᠯᠠᠭ᠎ᠠ ᠶᠢ ᠰᠢᠢᠳᠪᠦᠷᠢᠯᠡᠬᠦ | ᠠᠷᠭ᠎ᠠ ︵ᠲᠤᠷᠰᠢᠨ ᠬᠡᠷᠡᠭᠵᠢᠭᠦᠯᠬᠦ︶﹀ ᠶᠢ ᠳᠠᠷᠤᠮᠠᠯᠯᠠᠨ ᠲᠠᠷᠬᠠᠭᠠᠬᠤ ᠲᠤᠬᠠᠶ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠶᠢᠨ ᠲᠢᠩᠬᠢᠮ ᠡᠳ᠋ ᠤᠨ ᠵᠠᠰᠠᠭ ᠤᠨ ᠲᠢᠩᠬᠢᠮ ᠤᠨ ᠮᠡᠳᠡᠭᠳᠡᠯ︾ ︵ | ᠥᠪᠥᠷ ᠲᠠᠷᠢᠶᠠᠯᠠᠩ ᠮᠠᠯ ᠠᠵᠤ ᠠᠬᠤᠶ ᠲᠣᠭᠲᠠᠭᠠᠯ ᠲᠠᠷᠬᠠᠭᠠᠭᠰᠠᠨ ︹ 2017 ︺ 9 ᠲᠣᠭᠠᠲᠤ︶ ᠤᠨ | ᠱᠠᠭᠠᠷᠳᠠᠯᠭ᠎ᠠ ᠶᠢ ᠪᠦᠬᠦ ᠳᠠᠯ᠎ᠠ ᠪᠠᠷ ᠨᠠᠶᠢᠳᠠᠪᠣᠷᠢᠵᠢᠭᠤᠯᠵᠣ᠂ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ ᠬᠠᠷᠢᠭᠤᠴᠠᠯᠭ᠎ᠠ | ᠪᠠ ᠬᠡᠪ ᠤᠨ ᠪᠤᠰᠤ ᠪᠠᠶᠢᠳᠠᠯ ᠢ ᠰᠠᠨᠠᠭᠠᠴᠢᠯᠠᠭ᠎ᠠ ᠠᠴᠠ ᠪᠠᠨ ᠮᠡᠳᠡᠭᠦᠯᠬᠦ ᠳᠦᠷᠢᠮ ᠢ ᠨᠠᠷᠢᠨ ᠬᠢᠨᠠᠮᠠᠭᠠᠶ | ᠨᠠᠶᠢᠳᠠᠪᠤᠷᠢᠵᠢᠭᠤᠯᠵᠤ᠂ ᠢᠲᠡᠭᠡᠮᠵᠢ ᠶᠢᠨ ᠬᠠᠮᠢᠶᠠᠷᠤᠯᠲᠠ ᠪᠠ ᠲᠠᠷᠢᠶᠠᠯᠠᠩ ᠤᠨ ᠮᠠᠰᠢᠨ ᠤ ᠠᠵᠤ ᠠᠬᠤᠶᠢᠯᠠᠯ ᠤᠨ | ᠠᠮᠠᠯᠠᠯᠲᠠ ᠶᠢᠨ ᠲᠦᠷᠢᠮ ᠢ ᠴᠢᠩᠭᠠᠳᠬᠠᠵᠣ᠂ ᠲᠤᠰᠬᠠᠶ ᠪᠠᠶᠢᠭᠤᠯᠤᠮᠵᠢ ᠶᠢᠨ ᠮᠡᠷᠭᠡᠵᠢᠯ ᠤᠨ ᠳᠠᠪᠠᠭᠤᠯᠢᠭ ᠪᠠ ᠳ᠋ᠠᠶᠢᠲ᠋ᠠ | ᠬᠦᠮᠦᠷᠭᠡ ᠶᠢᠨ ᠮᠡᠳᠡᠭᠡ ᠵᠠᠩᠭᠢ ᠶᠢᠨ ᠳᠠᠪᠠᠭᠤᠯᠢᠭ ᠢ ᠭᠦᠢᠴᠡᠳ ᠪᠠᠳᠠᠷᠠᠭᠤᠯᠤᠨ᠂ ᠲᠣᠭᠲᠠᠭᠠᠯ ᠠᠴᠠ ᠵᠥᠷᠢᠴᠡᠭᠰᠡᠨ | ᠦᠢᠯᠡ ᠠᠵᠢᠯᠯᠠᠭ᠎ᠠ ᠶᠢ ᠪᠥᠬᠦ ᠶᠠᠪᠤᠴᠠ ᠳᠤ ᠵᠢᠭᠰᠠᠭᠠᠨ ᠪᠠᠶᠢᠴᠠᠭᠠᠵᠦ᠂ ᠲᠠᠷᠢᠶᠠᠯᠠᠩ ᠮᠠᠯ ᠠᠵᠣ ᠠᠬᠤᠢ ᠪᠠ ᠡᠳ᠋ ᠤᠨ | ᠵᠠᠰᠠᠭ ᠬᠤᠶᠠᠷ ᠰᠠᠯᠠᠭ᠎ᠠ ᠮᠥᠴᠢᠷ ᠠᠴᠠ ᠬᠠᠮᠲᠤᠷᠠᠨ ᠪᠠᠶᠢᠴᠠᠭᠠᠨ ᠰᠢᠢᠳᠪᠦᠷᠢᠯᠡᠬᠦ ᠪᠠ ᠮᠤᠵᠢ ᠬᠤᠯᠪᠣᠭᠠᠯᠠᠨ | ᠰᠢᠢᠳᠪᠦᠷᠢᠯᠡᠬᠦ ᠶᠢ ᠴᠢᠩᠭᠠᠳᠬᠠᠨ᠂ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠴᠢᠩᠭ᠎ᠠ ᠴᠡᠭᠴᠡᠯᠡᠨ | ᠵᠠᠰᠠᠵᠤ᠂ ᠲᠥᠷᠥ ᠶᠢᠨ ᠪᠣᠳᠣᠯᠭ᠎ᠠ ᠶᠢ ᠬᠡᠷᠡᠭᠵᠢᠬᠦᠯᠬᠦ ᠣᠬᠢ ᠰᠠᠶᠢᠨ ᠡᠮᠬᠢ ᠳᠢᠭᠯᠢᠮ ᠢ ᠪᠦᠲᠦᠮᠵᠢᠲᠡᠶ ᠬᠠᠮᠠᠭᠠᠯᠠᠬᠤ | ᠬᠡᠷᠡᠭᠲᠠᠢ᠃ | ︵ᠵᠢᠷᠭᠤᠭ᠎ᠠ︶ ᠠᠬᠢᠴᠠ ᠶᠢ ᠲᠦᠷᠭᠡᠳᠬᠡᠵᠦ᠂ ᠪᠠᠯᠠ ᠮᠥᠩᠭᠦ ᠶᠢ ᠪᠠᠳᠣᠯᠠᠬᠤ ᠬᠡᠷᠡᠭᠲᠠᠢ᠃ ᠬᠤᠰᠢᠭᠤ | ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠵᠡᠭᠦᠨ | ᠦᠵᠦᠮᠦᠴᠢᠨ ᠬᠤᠰᠢᠭᠤᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠬᠡᠷᠡᠭᠵᠢᠭᠦᠯᠬᠦ | ᠲᠥᠰᠦᠯ ︵2021 — 2023 ᠣᠨ︶ ᠢ ᠲᠣᠭᠳᠠᠭᠠᠨ ᠬᠡᠷᠡᠭᠵᠢᠭᠦᠯᠬᠦ ᠶᠢᠨ ᠬᠠᠮᠲᠤ ᠳᠡᠭᠡᠷ᠎ᠡ ᠱᠠᠲᠤᠨ ᠤ | ᠭᠤᠣᠯᠯᠠᠨ ᠬᠠᠮᠢᠶᠠᠷᠬᠤ ᠰᠠᠯᠠᠭ᠎ᠠ ᠮᠥᠴᠢᠷ ᠲᠤ ᠬᠠᠭᠤᠯᠤᠨ ᠬᠦᠷᠭᠡᠬᠦ ᠬᠡᠷᠡᠭᠲᠡᠶ᠃ ᠵᠢᠯ ᠪᠦᠷᠢ ᠶᠢᠨ 11 ᠰᠠᠷ᠎ᠠ ᠶᠢᠨ | 30 ᠤ ᠡᠳᠦᠷ ᠠᠴᠠ ᠡᠮᠦᠨ᠎ᠡ᠂ ᠪᠥᠬᠦ ᠵᠢᠯ ᠤᠨ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠥᠷᠢ ᠶᠢᠨ ᠪᠠᠯᠠ | ᠮᠥᠩᠭᠦ ᠶᠢ ᠬᠡᠷᠡᠭᠵᠢᠭᠦᠯᠦᠭᠰᠡᠨ ᠪᠠᠶᠢᠳᠠᠯ ᠢᠶᠠᠨ ᠳ᠋ᠦᠩᠨᠡᠵᠦ ᠮᠡᠳᠡᠬᠦᠯᠬᠦ ᠬᠡᠷᠡᠭᠲᠡᠶ᠃ ᠠᠵᠢᠯ ᠤᠨ ᠳ᠋ᠦᠩᠨᠡᠯᠲᠡ ᠳᠤ | ᠦᠨᠳᠦᠰᠦᠨ ᠪᠠᠶᠢᠳᠠᠯ ︵ᠬᠡᠷᠡᠭᠯᠡᠭᠡᠨ ᠠᠴᠠ ᠭᠠᠷᠭᠠᠵᠤ ᠰᠢᠨᠡᠳᠭᠡᠭᠰᠡᠨ ᠢ ᠪᠠᠭᠳᠠᠭᠠᠨ᠎ᠠ︶᠂ ᠠᠷᠭ᠎ᠠ ᠬᠡᠮᠵᠢᠶ᠎ᠡ᠂ ᠦᠷ᠎ᠡ | ᠪᠦᠲᠦᠮᠵᠢ᠂ ᠣᠷᠣᠰᠢᠵᠤ ᠪᠠᠶᠢᠭ᠎ᠠ ᠠᠰᠠᠭᠤᠳᠠᠯ ᠵᠢᠴᠢ ᠲᠥᠷᠥ ᠶᠢᠨ ᠪᠣᠳᠣᠯᠭ᠎ᠠ ᠶᠢᠨ ᠰᠠᠨᠠᠭᠤᠯᠭ᠎ᠠ ᠵᠡᠷᠭᠡ ᠶᠢ | ᠪᠠᠭᠲᠠᠭᠠᠨ᠎ᠠ᠃ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠳᠤ ᠨᠥᠬᠦᠪᠥᠷᠢ ᠥᠭᠬᠦ ᠪᠣᠯ ᠬᠢᠵᠠᠭᠠᠷᠯᠠᠬᠤ ᠴᠢᠨᠠᠷᠲᠠᠶ | ᠡᠭᠦᠷᠭᠡ ᠮᠥᠨ᠂ ᠬᠤᠰᠢᠭᠤ ᠡᠳ᠋ ᠤᠨ ᠵᠠᠰᠠᠭ ᠤᠨ ᠰᠠᠯᠠᠭ᠎ᠠ ᠮᠥᠴᠢᠷ ᠪᠠᠯᠠ ᠮᠥᠩᠭᠦ ᠶᠢᠨ ᠬᠠᠮᠢᠶᠠᠷᠤᠯᠲᠠ ᠪᠠᠨ | ᠴᠢᠩᠭᠠᠳᠬᠠᠵᠤ᠂ ᠪᠤᠰᠤᠳ ᠵᠠᠷᠤᠯᠭ᠎ᠠ ᠳᠤ ᠬᠡᠷᠡᠭᠯᠡᠵᠦ ᠪᠣᠯᠬᠤ ᠥᠬᠡᠶ ᠪᠥᠭᠡᠳ ᠨᠥᠬᠦᠪᠥᠷᠢ ᠥᠭᠬᠦ ᠠᠵᠢᠯ ᠤᠨ | ᠴᠢᠬᠤᠯᠠ ᠪᠥᠬᠦᠶ ᠵᠣᠬᠢᠶᠠᠨ ᠪᠠᠶᠢᠭᠤᠯᠤᠯᠲᠠ ᠶᠢᠨ ᠬᠠᠮᠢᠶᠠᠷᠤᠯᠲᠠ ᠶᠢᠨ ᠵᠠᠷᠤᠳᠠᠯ ᠢ ᠪᠠᠳᠣᠯᠠᠬᠤ ᠬᠡᠷᠡᠭᠲᠠᠢ᠃ | | ᠳᠠᠭᠠᠯᠳᠤᠭᠤᠯᠤᠯ᠄ 1. ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ 2021 — 2023 ᠣᠨ ᠤ | ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠨᠡᠮᠡᠵᠣ ᠨᠥᠬᠦᠪᠥᠷᠢ ᠦᠭᠬᠦ ᠮᠠᠰᠢᠨ ᠲᠦᠭᠦᠭᠡᠷᠣᠮᠵᠢ ᠶᠢᠨ | ᠲᠥᠷᠥᠯ ᠵᠦᠢᠯ | 2. ᠵᠡᠭᠦᠨ ᠦᠵᠦᠮᠦᠴᠢᠨ ᠬᠤᠰᠢᠭᠤᠨ ᠤ 2021 ᠣᠨ ᠤ ᠭᠤᠤᠯᠳᠠᠯᠭ᠎ᠠ ᠲᠠᠢ ᠨᠥᠬᠦᠪᠥᠷᠢ ᠥᠭᠬᠦ ᠮᠠᠰᠢᠨ | ᠲᠦᠬᠦᠭᠡᠷᠣᠮᠵᠢ ᠶᠢᠨ ᠲᠥᠯᠥᠪᠯᠡᠭᠡ ᠶᠢᠨ ᠨᠠᠷᠢᠨ ᠬᠦᠰᠦᠨᠦᠭᠲᠦ |