ᠪᠦᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ ᠶᠢᠨ ᠠᠵᠢᠯ ᠤᠨ ᠬᠠᠮᠲᠤᠷᠠᠭᠰᠠᠨ ᠬᠤᠷᠠᠯ ᠵᠢᠴᠢ ᠴᠢᠬᠤᠯᠠ ᠬᠤᠷᠠᠯ ᠂ ᠴᠢᠬᠤᠯᠠ ᠶᠡᠭᠡ ᠠᠵᠢᠯᠯᠠᠭ᠎ᠠ ᠶᠢᠨ ᠵᠠᠬᠢᠳᠠᠯ ᠰᠤᠷᠪᠤᠯᠵᠢᠯᠠᠭ᠎ᠠ ᠶᠢᠨ ᠠᠮᠤᠷ ᠢ ᠬᠠᠮᠠᠭᠠᠯᠠᠬᠤ ᠠᠵᠢᠯ ᠤᠨ ᠬᠤᠷᠠᠯ ᠬᠤᠷᠠᠯᠳᠣᠭᠤᠯᠪᠠ
ᠨᠡᠶᠢᠲᠡᠯᠡᠭᠰᠡᠨ ᠴᠠᠭ᠄
2021/11/10
      11 ᠰᠠᠷ᠎ᠠ‌‍ᠶᠢᠨ 5 ᠤ ᠡᠳᠦᠷ᠂ ᠮᠠᠨ ᠤ ᠬᠤᠰᠢᠭᠤ ᠪᠥᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ  ᠶᠢᠨ ᠠᠵᠢᠯ ᠤᠨ ᠬᠠᠮᠲᠤᠷᠠᠭᠰᠠᠨ ᠬᠤᠷᠠᠯ ᠵᠢᠴᠢ ᠴᠢᠬᠤᠯᠠ ᠬᠤᠷᠠᠯ ᠂ ᠴᠢᠬᠤᠯᠠ ᠶᠡᠭᠡ‌ᠠᠵᠢᠯᠯᠠᠭ᠎ᠠ‌‍ᠶᠢᠨ ᠵᠠᠬᠢᠳᠠᠯ ᠰᠤᠷᠪᠤᠯᠵᠢᠯᠠᠭ᠎ᠠ‌‍ᠶᠢᠨ ᠠᠮᠤᠷ ᠢ ᠬᠠᠮᠠᠭᠠᠯᠠᠬᠤ ᠠᠵᠢᠯ ᠤᠨ ᠬᠤᠷᠠᠯ ᠬᠤᠷᠠᠯᠳᠤᠭᠤᠯᠵᠤ᠂ ᠪᠥᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ‌‍ᠶᠢᠨ ᠠᠵᠢᠯ ᠤᠨ ᠪᠠᠶᠢᠳᠠᠯ ᠢ ᠮᠡᠳᠡᠭᠳᠡᠵᠦ᠂ ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ ᠵᠢᠷᠭᠤᠳᠤᠭᠠᠷ ᠪᠥᠬᠦᠳᠡ ᠬᠤᠷᠠᠯ᠂ ᠥᠪᠡᠷᠲᠡᠭᠡᠨ ᠵᠠᠰᠠᠬᠤ ᠣᠷᠣᠨ ᠤ ᠠᠷᠪᠠᠨ ᠨᠢᠭᠡᠳᠦᠭᠡᠷ ᠤᠳᠠᠭᠠᠨ ᠤ ᠨᠠᠮ ᠤᠨ ᠲᠥᠯᠥᠭᠡᠯᠡᠭᠴᠢᠳ ᠤᠨ ᠬᠤᠷᠠᠯ ᠪᠣᠯᠤᠨ ᠪᠡᠭᠡᠵᠢᠩ ᠤᠨ ᠡᠪᠦᠯ ᠤᠨ ᠤᠯᠠᠷᠢᠯ ᠤᠨ ᠣᠯᠢᠮᠫᠢᠺ‌‍ᠤᠨ ᠲᠠᠮᠢᠷ ᠤᠨ ᠴᠤᠭᠯᠠᠭᠠᠨ ᠤ ᠬᠤᠭᠤᠴᠠᠭᠠᠨ ᠳᠠᠬᠢ ᠵᠠᠬᠢᠳᠠᠯ ᠰᠤᠷᠪᠤᠯᠵᠢᠯᠠᠭ᠎ᠠ‌‍ᠶᠢᠨ ᠠᠮᠤᠷ ᠢ ᠬᠠᠮᠠᠭᠠᠯᠠᠬᠤ ᠠᠵᠢᠯ ᠪᠣᠯᠤᠨ ᠪᠥᠬᠦ ᠬᠤᠰᠢᠭᠤᠨ ᠤ ᠨᠡᠶᠢᠭᠡᠮ ᠤᠨ ᠠᠮᠤᠷ ᠲᠣᠭᠲᠠᠭᠤᠨ ᠤ ᠠᠶᠤᠯ ᠲᠦᠭᠰᠢᠭᠦᠷᠢ ᠶᠢ ᠵᠢᠭᠰᠠᠭᠠᠨ ᠪᠠᠶᠢᠴᠠᠭᠠᠬᠤ ︽ᠵᠠᠭᠤᠨ ᠡᠳᠦᠷ ᠤᠨ ᠪᠣᠭᠤᠮᠲᠠ ᠰᠢᠪᠲᠤᠯᠬᠤ︾ ᠠᠵᠢᠯᠯᠠᠭ᠎ᠠ‌‍ᠶᠢᠨ ᠲᠤᠬᠠᠶ ᠪᠠᠶᠢᠷᠢᠯᠠᠭᠤᠯᠤᠯᠲᠠ ᠬᠢᠪᠠ᠃      ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ ᠠᠯᠮᠠᠰ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠯᠤᠰ ᠲᠥᠷᠥ ᠬᠠᠤᠯᠢ ᠴᠠᠭᠠᠵᠠ ᠶᠢᠨ ᠬᠤᠷᠢᠶᠠᠨ ᠤ ᠱᠦᠵᠢ ᠪᠥᠬᠡ᠂  ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠨᠢᠭᠡᠳᠦᠮᠡᠯ ᠹᠷᠣᠨᠲ ᠤᠨ ᠬᠡᠯᠲᠡᠰ ᠤᠨ ᠳᠠᠷᠤᠭ᠎ᠠ‌‍ᠬᠦ᠋ᠳᠡᠷ᠂  ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠬᠤᠰᠢᠭᠤ ᠨᠠᠮ ᠤᠨ ᠬᠤᠷᠢᠶᠠᠨ ᠤ ᠠᠯᠪᠠᠨ ᠬᠡᠷ ᠤᠨ ᠡᠷᠬᠢᠯᠡᠭᠴᠢ ᠸᠠᠩ‌ᠬᠤᠩ‌‍ᠶᠠᠨ ᠪᠣᠯᠣᠨ ᠬᠤᠰᠢᠭᠤ ᠠᠷᠠᠳ ᠤᠨ ᠪᠠᠶᠢᠴᠠᠭᠠᠬᠤ ᠬᠤᠷᠢᠶᠠᠨ ᠤ ᠪᠠᠶᠢᠴᠠᠭᠠᠬᠤ ᠳᠠᠷᠤᠭ᠎ᠠ‌‍ᠪᠠᠶᠠᠷ ᠬᠤᠷᠠᠯ ᠳᠤ ᠣᠷᠣᠯᠴᠠᠵᠤ᠂ ᠳᠡᠳ᠋ ᠬᠤᠰᠢᠭᠤ ᠳᠠᠷᠤᠭ᠎ᠠ᠂ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠳᠠᠷᠤᠭ᠎ᠠ‌‍ᠺᠧ ᠰᠢᠶᠤᠤ ᠮᠢᠩ ᠬᠤᠷᠠᠯ ᠢ ᠡᠷᠬᠢᠯᠡᠪᠡ᠃ ᠪᠥᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ‌‍ᠶᠢᠨ ᠬᠠᠮᠲᠤᠷᠠᠭᠰᠠᠨ ᠬᠤᠷᠠᠯ ᠤᠨ ᠡᠯ᠎ᠡ ᠪᠦᠷᠢᠯᠳᠦᠬᠦᠨ ᠨᠢᠭᠡᠴᠡ ᠶᠢᠨ ᠭᠤᠤᠯ ᠬᠠᠷᠢᠭᠤᠴᠠᠯᠭᠠᠲᠠᠨ ᠬᠤᠷᠠᠯ ᠳᠤ ᠣᠷᠣᠯᠴᠠᠪᠠ᠃      ᠬᠤᠷᠠᠯ ᠠᠴᠠ ᠵᠢᠭᠠᠬᠤ ᠳᠠᠭᠠᠨ᠂ ᠨᠠᠮ ᠤᠨ ᠠᠷᠪᠠ‌‍ᠶ᠋ᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠵᠢᠷᠭᠤᠳᠤᠭᠠᠷ ᠪᠥᠬᠦᠳᠡ ᠬᠤᠷᠠᠯ᠂ ᠥᠪᠡᠷᠲᠡᠭᠡᠨ ᠵᠠᠰᠠᠬᠤ ᠣᠷᠣᠨ ᠤ ᠠᠷᠪᠠᠨ ᠨᠢᠭᠡᠳᠦᠭᠡᠷ ᠣᠳᠠᠭᠠᠨ ᠤ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠪᠠ ᠪᠡᠭᠡᠵᠢᠩ ᠤᠨ ᠡᠪᠦᠯ ᠤᠨ ᠤᠯᠠᠷᠢᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠤᠳᠠᠯ ᠥᠬᠡᠶ ᠬᠤᠷᠠᠯᠳᠤᠬᠤ ᠪᠠᠷ  ᠪᠠᠶᠢᠨ᠎ᠠ᠂ ᠵᠠᠬᠢᠳᠠᠯ ᠰᠤᠷᠪᠤᠯᠵᠢᠯᠠᠭ᠎ᠠ ᠶᠢᠨ ᠠᠮᠤᠷ ᠢ ᠬᠠᠮᠠᠭᠠᠯᠠᠬᠤ ᠠᠵᠢᠯ ᠢ ᠰᠠᠶᠢᠲᠤᠷ  ᠬᠢᠵᠦ᠂ ᠡᠶ᠎ᠡ ᠵᠣᠬᠢᠴᠠᠯ ᠲᠠᠢ ᠠᠮᠤᠷ ᠲᠣᠭᠲᠠᠭᠤᠨ ᠤᠯᠤᠰ ᠲᠥᠷᠥ ᠶᠢᠨ ᠣᠷᠴᠢᠨ ᠨᠥᠬᠦᠴᠡᠯ ᠂ ᠨᠡᠶᠢᠭᠡᠮ ᠤᠨ ᠣᠷᠴᠢᠨ ᠨᠥᠬᠦᠴᠡᠯ ᠢ ᠪᠤᠢ ᠪᠤᠯᠭᠠᠬᠤ ᠪᠣᠯ ᠣᠳᠣᠬᠠᠨ ᠤ ᠡᠯ᠎ᠡ‌‍ᠱᠠᠲᠤᠨ ᠤ ᠨᠠᠮ ᠤᠨ ᠬᠤᠷᠢᠶᠠᠨ‌‍ᠤ ᠤᠯᠤᠰ ᠲᠦᠷᠦ ᠶᠢᠨ ᠵᠥᠪᠯᠡᠯᠭᠡᠨ ᠤ ᠴᠢᠬᠤᠯᠠ ᠶᠡᠭᠡ‌ᠤᠯᠤᠰ ᠲᠦᠷᠦ ᠶᠢᠨ ᠬᠠᠷᠢᠭᠤᠴᠠᠯᠭ᠎ᠠ‌‍ᠪᠠ ᠡᠭᠦᠷᠭᠡ‌ᠮᠥ᠋ᠨ᠂ ᠡᠯ᠎ᠡ‌‍ᠱᠠᠲᠤ ᠡᠯ᠎ᠡ‌‍ᠰᠠᠯᠠᠭ᠎ᠠ‌ᠮᠥ᠋ᠴᠢᠷ ᠤᠨ ᠬᠢᠨ ᠤᠯᠤᠰ ᠲᠥᠷᠥ ᠶᠢᠨ ᠵᠣᠭᠰᠣᠴᠠ  ᠪᠠᠨ ᠤᠯᠠᠮ ᠴᠢᠨᠠᠭᠰᠢᠳᠠ ᠳᠡᠭᠡᠭᠰᠢᠯᠡᠭᠦᠯᠵᠦ᠂ ᠦᠵᠡᠯ ᠰᠠᠨᠠᠭ᠎ᠠ‌ᠦᠢᠯᠡ ᠠᠵᠢᠯᠯᠠᠭ᠎ᠠ‌‍ᠪᠠᠨ ᠨᠠᠮ ᠤᠨ ᠲᠥᠪ‌ᠬᠤᠷᠢᠶᠠᠨ ᠤ ᠰᠢᠢᠳᠪᠦᠷᠢᠲᠦ ᠪᠣᠳᠣᠯᠭ᠎ᠠ‌‍ᠪᠠᠶᠢᠷᠢᠯᠠᠭᠤᠯᠤᠯᠲᠠ ᠪᠠ‌‍ᠲ᠋ᠡᠭᠡᠳᠦ ᠱᠠᠲᠤᠨ ᠤ ᠨᠠᠮ ᠤᠨ ᠬᠤᠷᠢᠶ᠎ᠠ᠂ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠠᠵᠢᠯ ᠤᠨ ᠱᠠᠭᠠᠷᠳᠠᠯᠭ᠎ᠠ ᠲᠠᠢ ᠦᠨᠡᠨ ᠬᠦ ᠨᠢᠬᠡᠳᠭᠡᠵᠦ᠂ ᠶᠠᠭ ᠥᠷᠨᠢᠭᠦᠯᠵᠦ ᠪᠠᠶᠢᠭ᠎ᠠ ︽ᠬᠤᠤᠰ ᠵᠠᠭᠤᠨ︾ ᠤ ᠪᠣᠭᠤᠮᠲᠠ ᠰᠢᠪᠲᠤᠯᠬᠤ ᠠᠵᠢᠯᠯᠠᠭ᠎ᠠ ᠲᠠᠢ ᠤᠶᠠᠯᠳᠤᠭᠤᠯᠤᠨ᠂ ᠦᠨᠡᠨ ᠬᠦ ᠲᠤᠰᠠᠲᠠᠶ ᠠᠷᠭ᠎ᠠ‌‍ᠬᠡᠮᠵᠢᠶ᠎ᠡ‌‍ᠪᠠᠷ ᠵᠠᠬᠢᠳᠠᠯ ᠰᠤᠷᠪᠤᠯᠵᠢᠯᠠᠭ᠎ᠠ‌‍ᠶᠢᠨ ᠬᠦᠷᠢᠶᠡᠨ‌‍ᠳᠤ ᠣᠷᠣᠰᠢᠵᠤ ᠪᠠᠶᠢᠭ᠎ᠠ‌ᠡᠯ᠎ᠡ‌ᠵᠦ᠋ᠢᠯ ᠤᠨ ᠠᠰᠠᠭᠤᠳᠠᠯ ᠢ ᠦᠨᠡᠨ ᠬᠦ ᠰᠠᠶᠢᠲᠤᠷ  ᠰᠢᠢᠳᠪᠦᠷᠢᠯᠡᠵᠦ᠂ ᠪᠣᠳᠠᠲᠤ ᠠᠵᠢᠯᠯᠠᠭ᠎ᠠ‌‍ᠪᠠᠷ ᠢᠶᠠᠨ ᠡᠬᠡ‌ᠤᠯᠤᠰ ᠤᠨ ᠤᠮᠠᠷᠠᠲᠤ ᠶᠢᠨ ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢ ᠪᠠᠲᠤ  ᠴᠣᠭᠴᠠᠯᠠᠬᠤ ᠬᠡᠷᠡᠭᠲᠠᠢ ᠭᠡᠵᠡᠢ᠃      ᠬᠤᠷᠠᠯ ᠠᠴᠠ ᠴᠢᠬᠤᠯᠠᠴᠢᠯᠠᠬᠤ ᠳᠠᠭᠠᠨ᠂ ᠡᠯ᠎ᠡ‌ᠭᠠᠵᠠᠷ ᠡᠯ᠎ᠡ‌‍ᠰᠠᠯᠠᠭ᠎ᠠ‌ᠮᠥ᠋ᠴᠢᠷ ᠤᠨ ᠬᠢᠨ ᠬᠦᠴᠦᠨ  ᠢᠶᠠᠨ ᠲᠥᠪᠯᠡᠷᠡᠭᠦᠯᠦᠨ ᠪᠣᠭᠤᠮᠲᠠ ᠰᠢᠪᠲᠤᠯᠵᠤ᠂ ᠨᠢᠭᠡᠨᠲᠡ‌ᠢᠯᠡᠷᠡᠭᠦᠯᠦᠭᠰᠡᠨ ᠡᠯ᠎ᠡ‌‍ᠲ᠋ᠥ᠋ᠷᠥᠯ ᠤᠨ ᠠᠶᠤᠯ ᠲᠦᠭᠰᠢᠭᠦᠷᠢ ᠶᠢᠨ ᠬᠡᠮ ᠰᠣᠭᠤᠭ ᠪᠣᠯᠤᠨ ᠲᠣᠭᠲᠠᠭᠤᠨ ᠪᠤᠰᠤ ᠬᠦᠴᠦᠨ ᠵᠦᠢᠯ ᠢ ᠬᠦᠴᠦᠯᠡᠨ ᠰᠠᠶᠢᠲᠤᠷ ᠰᠢᠢᠳᠪᠦᠷᠢᠯᠡᠭᠰᠡᠨ ᠰᠠᠭᠤᠷᠢᠨ ᠳᠡᠭᠡᠷ᠎ᠡ᠂ ᠲᠣᠰ ᠭᠠᠵᠠᠷ ᠣᠷᠣᠨ ᠲᠣᠰ ᠬᠦᠷᠢᠶᠡᠨ ᠤ ᠨᠡᠶᠢᠭᠡᠮ ᠤᠨ ᠠᠮᠤᠷ ᠲᠣᠭᠲᠠᠭᠤᠨ ᠤ ᠠᠶᠤᠯ ᠲᠦᠭᠰᠢᠭᠦᠷᠢ ᠶᠢᠨ ᠬᠡᠮ ᠰᠣᠭᠤᠭ ᠢ ᠨᠢᠭᠡ‌ᠤᠳᠠᠭ᠎ᠠ‌‍ᠪᠦ᠋ᠬᠦᠨ ᠢ  ᠬᠠᠮᠤᠷᠤᠨ ᠵᠢᠭᠰᠠᠭᠠᠨ ᠪᠠᠶᠢᠴᠠᠭᠠᠵᠤ᠂ ᠬᠡᠮ ᠰᠣᠭᠤᠭ ᠤᠨ ᠠᠰᠠᠭᠤᠳᠠᠯ ᠢ ᠴᠠᠭ ᠲᠤᠬᠠᠶ ᠳᠤᠨᠢ ᠤᠶᠢᠯᠠᠭᠠᠨ ᠡᠵᠡᠮᠰᠢᠵᠦ᠂ ᠬᠡᠮ ᠰᠣᠭᠤᠭ ᠢ ᠠᠩᠬ᠎ᠠ‌ᠡᠭᠦᠰᠬᠦ ᠦᠶ᠎ᠡ‌‍ᠳᠤᠨᠢ ᠠᠷᠢᠯᠭᠠᠬᠤ ᠬᠡᠷᠡᠭᠲᠡᠶ᠃ ᠠᠵᠢᠯ ᠤᠨ ᠬᠠᠷᠢᠭᠤᠴᠠᠯᠭ᠎ᠠ‌‍ᠶᠢ ᠤᠯᠠᠮ ᠴᠢᠨᠠᠭᠰᠢᠳᠠ ᠪᠣᠳᠠᠲᠠᠶᠢᠵᠢᠭᠤᠯᠵᠤ᠂ ᠡᠬᠢ ᠡᠭᠦᠰᠦᠯ ᠠᠴᠠ ᠨᠢ ᠵᠠᠰᠠᠬᠤ᠂ ᠨᠡᠶᠢᠭᠡᠮ ᠤᠨ ᠲᠠᠯ᠎ᠠ‌ᠡᠴᠠ ᠬᠠᠮᠢᠶᠠᠷᠤᠨ ᠡᠵᠡᠮᠳᠡᠬᠦ ᠪᠠ‌‍ᠶᠠᠷᠢᠶ᠎ᠠ‌‍ᠬᠡᠯᠡᠯᠴᠡᠭᠡᠨ ᠤ ᠪᠠᠶᠢᠳᠠᠯ ᠢ ᠬᠠᠮᠢᠶᠠᠷᠤᠨ ᠡᠵᠡᠮᠳᠡᠬᠦ ᠶᠢ ᠲᠤᠪᠤᠶᠢᠯᠭᠠᠨ ᠰᠠᠶᠢᠲᠤᠷ ᠠᠳᠬᠤᠵᠤ᠂ ᠵᠠᠬᠢᠳᠠᠯ ᠰᠤᠷᠪᠤᠯᠵᠢᠯᠠᠭ᠎ᠠ‌‍ᠶᠢᠨ ᠵᠦᠢᠯᠡᠰ ᠢ ᠪᠦᠬᠦ ᠬᠦᠴᠦ ᠪᠠᠷ ᠵᠶ᠋ᠠᠨ‌‍ᠰᠢᠢᠳᠪᠦᠷᠢᠯᠡᠬᠦ ᠬᠡᠷᠡᠭᠲᠡᠢ᠃ ᠨᠢᠭᠡ ᠬᠥᠯᠭᠡ‌‍ᠰᠢᠳᠠᠷ᠎ᠠ ᠶᠢᠨ ᠦᠵᠡᠯ ᠰᠠᠨᠠᠭ᠎ᠠ‌‍ᠶᠢ ᠪᠠᠲᠤ ᠪᠠᠬᠢ ᠪᠤᠢ ᠪᠣᠯᠭᠠᠵᠤ᠂ ᠵᠣᠬᠢᠶᠠᠨ ᠪᠠᠶᠢᠭᠤᠯᠵᠤ ᠤᠳᠤᠷᠢᠳᠬᠤ ᠪᠠᠨ ᠤᠯᠠᠮ ᠴᠢᠨᠠᠭᠰᠢᠳᠠ ᠴᠢᠩᠭᠠᠳᠬᠠᠵᠤ᠂ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ ᠲᠣᠭᠲᠠᠴᠠ ᠪᠠᠨ ᠴᠢᠩᠭᠠᠳᠬᠠᠵᠤ᠂ ᠭᠠᠵᠠᠷ ᠣᠷᠣᠨ ᠤ ᠬᠤᠭᠤᠷᠣᠨᠳᠣᠬᠢ᠂ ᠰᠠᠯᠠᠭ᠎ᠠ‌ᠮᠥ᠋ᠴᠢᠷ ᠤᠨ ᠬᠤᠭᠤᠷᠣᠨᠳᠣᠬᠢ ᠬᠠᠮᠵᠢᠯᠴᠠᠭ᠎ᠠ‌‍ᠪᠠᠨ‌‍ᠴᠢᠩᠭᠠᠳᠬᠠᠵᠤ᠂ ᠡᠯ᠎ᠡ‌‍ᠲ᠋ᠠᠯ᠎ᠠ‌‍ᠶᠢᠨ ᠢᠳᠡᠪᠬᠢᠵᠢᠯ ᠪᠣᠯᠤᠨ‌ᠠᠰᠢᠭᠲᠠᠢ ᠬᠦᠴᠦᠨ ᠵᠦᠢᠯ ᠢ ᠲᠠᠶᠢᠴᠢᠯᠠᠵᠤ᠂ ᠵᠡᠷᠭᠡ‌‍ᠪᠠᠷ ᠠᠳᠬᠤᠵᠤ ᠬᠠᠮᠲᠤ ᠪᠠᠷ ᠬᠠᠮᠢᠶᠠᠷᠬᠤ ᠠᠵᠢᠯ ᠤᠨ ᠪᠠᠶᠢᠷᠢᠰᠢᠯ ᠢ ᠪᠦᠷᠢᠯᠳᠦᠭᠦᠯᠬᠦ ᠵᠢ‌ᠠᠬᠢᠭᠤᠯᠬᠤ ᠬᠡᠷᠡᠭᠲᠡᠢ᠃ ᠵᠠᠬᠢᠳᠠᠯ ᠰᠤᠷᠪᠤᠯᠵᠢᠯᠠᠭ᠎ᠠ‌‍ᠶᠢᠨ ᠠᠮᠤᠷ ᠲᠣᠭᠲᠠᠭᠤᠨ ᠢ ᠬᠠᠮᠠᠭᠠᠯᠠᠬᠤ ᠠᠵᠢᠯ ᠤᠨ ᠪᠥᠬᠦ ᠶᠠᠪᠤᠴᠠ ᠳᠤ ᠥᠪᠡᠷ ᠢ ᠪᠠᠨ ᠪᠠᠶᠢᠴᠠᠭᠠᠵᠤ ᠥᠪᠡᠷ ᠢ ᠪᠠᠨ ᠦᠨᠡᠯᠡᠬᠦ ᠶᠢ ᠴᠢᠩᠭᠠᠳᠬᠠᠵᠤ᠂ ᠠᠵᠢᠯ ᠤᠨ ᠳᠤᠮᠳᠠᠬᠢ ᠪᠠᠭᠤᠷᠠᠶ ᠭᠤᠭᠴᠤᠭ᠎ᠠ‌‍ᠪᠠ‌‍ᠲ᠋ᠣᠲᠠᠭᠳᠠᠯ ᠢᠶᠠᠨ ᠴᠠᠭ ᠲᠤᠬᠠᠶ ᠳ᠋ᠤᠨᠢ‌ᠢᠯᠡᠷᠡᠭᠦᠯᠵᠦ᠂ ᠦᠳᠲᠡᠷ ᠲᠦᠷᠭᠡᠨ ᠴᠡᠭᠴᠡᠯᠡᠨ ᠰᠠᠶᠢᠵᠢᠷᠠᠭᠤᠯᠵᠤ᠂ ᠡᠯ᠎ᠡ‌ᠵᠦ᠋ᠢᠯ ᠤᠨ ᠠᠵᠢᠯ ᠤᠨ ᠠᠷᠭ᠎ᠠ‌‍ᠬᠡᠮᠵᠢᠶ᠎ᠡ‌‍ᠶᠢ ᠪᠣᠳᠠᠲᠠᠶ ᠳᠤ ᠨᠠᠶᠢᠳᠠᠪᠤᠷᠢᠵᠢᠭᠤᠯᠬᠤ ᠶᠢ ᠪᠠᠲᠤᠯᠠᠬᠤ ᠬᠡᠷᠡᠭᠲᠡᠶ ᠭᠡᠪᠡ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号