ᠴᠠᠭ ᠠᠭᠠᠷ ᠢ ᠡᠬᠦᠯᠨ᠂ ᠰᠠᠯᠬᠢ᠂ ᠴᠠᠰᠤ᠂ ᠪᠤᠷᠤᠭ᠎ᠠ ᠲᠠᠢ ᠬᠤᠯᠪᠣᠭᠳᠠᠭᠤᠯᠤᠨ ᠤᠷᠢᠳᠴᠢᠯᠠᠨ ᠮᠡᠳᠡᠬᠦ
ᠨᠡᠶᠢᠲᠡᠯᠡᠭᠰᠡᠨ ᠴᠠᠭ᠄
2021/10/19
      ᠬᠡᠳᠥᠨ ᠬᠤᠨᠤᠭ ᠦᠷᠬᠦᠯᠵᠢᠯᠡᠨ ᠡᠮᠥᠨ᠎ᠡ ᠠᠴᠠ ᠪᠤᠶᠤ ᠪᠠᠷᠠᠭᠤᠨ ᠡᠮᠥᠨ᠎ᠡ ᠠᠴᠠ ᠬᠠᠯᠠᠭᠤᠨ ᠬᠠᠭᠤᠷᠠᠢ ᠰᠠᠯᠬᠢᠯᠠᠪᠠᠯ ᠡᠪᠥᠯ᠂ ᠬᠠᠪᠤᠷ ᠤᠨ ᠤᠯᠡᠷᠢᠯ ᠳᠤ ᠴᠠᠰᠤ ᠤᠷᠤᠵᠥ ᠰᠢᠭᠤᠷᠭ᠎ᠠ ᠰᠢᠭᠤᠷᠠᠬᠤ᠂ ᠵᠤᠨ ᠤ ᠴᠠᠭ ᠲᠤ ᠪᠤᠯ ᠰᠠᠯᠬᠢ ᠰᠢᠷᠥᠭᠦᠰᠴᠤ ᠪᠤᠷᠤᠭ᠎ᠠ ᠤᠷᠤᠵᠥ ᠬᠦᠢᠲᠡᠷᠡᠬᠦ᠃ ᠦᠳᠡᠰᠢ ᠤᠷᠤᠢ ᠶᠢᠨ ᠴᠠᠭ ᠢᠶᠠᠷ ᠰᠠᠯᠬᠢ ᠰᠢᠷᠥᠬᠦᠰᠪᠡᠯ ᠲᠩᠷᠢ ᠮᠠᠭᠤᠳᠠᠵᠥ ᠰᠢᠭᠤᠷᠭ᠎ᠠ ᠰᠢᠭᠤᠷᠴᠤ ᠴᠠᠰᠤ ᠪᠤᠷᠤᠭ᠎ᠠ ᠤᠷᠤᠬᠤ ᠪᠤᠯᠤᠨ᠎ᠠ᠃ ᠪᠤᠷᠤᠭ᠎ᠠ ᠤᠷᠤᠵᠥ ᠪᠠᠶᠢᠬᠤ ᠳᠤ ᠵᠡᠬᠦᠨ ᠤᠷᠢᠳᠥ᠂ ᠵᠡᠬᠦᠨ ᠵᠦᠭ ᠲᠤ ᠰᠤᠯᠤᠩᠭ᠎ᠠ ᠲᠠᠳᠠᠪᠠᠯ ᠪᠤᠷᠤᠭ᠎ᠠ ᠠᠷᠢᠯᠠᠳᠠᠭ᠃      ᠪᠤᠷᠤᠭ᠎ᠠ ᠤᠷᠤᠭᠠᠳ ᠵᠤᠭᠰᠤᠭᠰᠠᠨ ᠤ ᠲᠠᠷᠠᠭ᠎ᠠ ᠡᠬᠦᠯᠨ ᠬᠤᠶᠢᠰᠢ ᠪᠠᠨ ᠨᠡᠬᠦᠵᠥ ᠪᠠᠶᠢᠪᠠᠯ ᠳᠠᠬᠢᠨ ᠪᠤᠷᠤᠭ᠎ᠠ ᠤᠷᠤᠨ᠎ᠠ᠂ ᠤᠷᠤᠭᠰᠢ ᠪᠠᠨ ᠨᠡᠬᠦᠵᠥ ᠪᠠᠶᠢᠪᠠᠯ ᠲᠩᠷᠢ ᠴᠡᠯᠮᠡᠵᠥ ᠳᠠᠬᠢᠨ ᠪᠤᠷᠤᠭ᠎ᠠ ᠤᠷᠤᠬᠤ ᠦᠭᠡᠢ᠃      ᠴᠠᠰᠤ᠂ ᠪᠤᠷᠤᠭᠠᠨ ᠤ ᠲᠤᠰᠤᠯ ᠰᠢᠷᠬᠢᠭ ᠨᠢ ᠵᠢᠵᠢᠭ ᠪᠠᠶᠢᠪᠠᠯ ᠤᠳᠠᠭᠠᠨ ᠤᠷᠤᠬᠤ᠂ ᠲᠤᠮᠤ ᠪᠠᠶᠢᠪᠠᠯ ᠦᠷᠭᠦᠯᠵᠢᠯᠡᠬᠦ ᠨᠢ ᠪᠤᠭᠤᠨᠢᠬᠠᠨ ᠪᠠᠶᠢᠨ᠎ᠠ᠃ ᠴᠠᠰᠤ᠂ ᠪᠤᠷᠤᠭ᠎ᠠ ᠤᠷᠤᠵᠥ ᠪᠠᠶᠢᠬᠤ ᠳᠤ ᠰᠠᠯᠬᠢ ᠰᠢᠷᠥᠬᠦᠨ ᠪᠠᠶᠢᠪᠠᠯ ᠤᠳᠠᠬᠤ ᠦᠭᠡᠢ ᠲᠩᠷᠢ ᠴᠡᠯᠮᠡᠨ᠎ᠡ᠂ ᠰᠠᠯᠬᠢ ᠵᠦᠭᠡᠯᠡᠨ ᠪᠠᠶᠢᠪᠠᠯ ᠴᠠᠰᠤ᠂ ᠪᠤᠷᠤᠭ᠎ᠠ ᠤᠳᠠᠭᠠᠨ ᠤᠷᠤᠳᠠᠭ᠃      ᠴᠠᠰᠤ᠂ ᠪᠤᠷᠤᠭ᠎ᠠ ᠤᠷᠤᠵᠥ ᠪᠠᠶᠢᠬᠤ ᠳᠤ ᠰᠠᠯᠬᠢ ᠵᠡᠬᠦᠨ ᠬᠤᠶᠢᠨ᠎ᠠ ᠠᠴᠠ ᠪᠤᠯᠪᠠᠯ ᠤᠳᠠᠭᠠᠨ ᠤᠷᠤᠬᠤ ᠶᠢᠨ ᠰᠢᠨᠵᠢ᠃ ᠡᠬᠦᠯᠨ ᠬᠤᠭᠤᠷᠤᠨᠳᠥ ᠪᠠᠨ ᠵᠦᠷᠢᠪᠡᠯ ᠴᠠᠰᠤ ᠤᠷᠤᠨ᠎ᠠ᠃ ᠵᠤᠨ ᠤ ᠤᠯᠡᠷᠢᠯ ᠳᠤ ᠡᠳᠥᠷ ᠨᠢ ᠶᠡᠭᠡ ᠬᠠᠯᠠᠭᠤᠨ᠃ ᠰᠦᠨᠢ ᠨᠢ ᠶᠡᠭᠡ ᠬᠦᠢᠲᠡᠨ ᠪᠠᠶᠢᠪᠠᠯ ᠭᠠᠩᠳᠠᠬᠤ ᠶᠢᠨ ᠰᠢᠨᠵᠢ᠃ ᠰᠦᠨᠢ ᠳᠡᠭᠡᠨ ᠡᠬᠦᠯᠨ ᠠᠷᠢᠯᠠᠬᠤ ᠦᠭᠡᠢ ᠬᠤᠨᠤᠪᠠᠯ ᠬᠤᠷ᠎ᠠ ᠪᠤᠷᠤᠭ᠎ᠠ ᠤᠷᠤᠨ᠎ᠠ᠃ ᠠᠳᠠᠷ ᠪᠤᠷᠤᠭ᠎ᠠ ᠲᠠᠭᠤ ᠪᠠᠭ᠎ᠠ ᠲᠠᠢ ᠪᠤᠯ ᠶᠡᠭᠡ ᠤᠷᠤᠳᠠᠭ᠂ ᠲᠠᠭᠤ ᠶᠡᠭᠡᠲᠡᠢ ᠪᠤᠯ ᠪᠠᠭ᠎ᠠ ᠤᠷᠤᠳᠠᠭ᠃      ᠭᠡᠷᠪᠡ ᠡᠬᠦᠯᠡᠨ ᠤ ᠲᠤᠯᠤᠭᠠᠢ ᠬᠤᠶᠢᠰᠢ ᠪᠠᠨ ᠪᠦᠬᠡᠶᠢᠭᠰᠡᠨ ᠪᠠᠶᠢᠪᠠᠯ ᠬᠤᠷ᠎ᠠ ᠲᠤᠨᠤᠳᠠᠰᠤ ᠤᠷᠤᠨ᠎ᠠ᠃ ᠴᠠᠰᠤ ᠪᠤᠷᠤᠭ᠎ᠠ ᠤᠷᠤᠵᠥ ᠪᠠᠶᠢᠬᠤ ᠡᠬᠦᠯᠨ ᠰᠠᠯᠬᠢᠨ ᠤ ᠬᠢᠨ ᠵᠦᠭ ᠲᠤ ᠬᠦᠨᠳᠡᠯᠡᠨ ᠪᠠᠶᠢᠷᠢᠯᠠᠪᠠᠯ ᠲᠩᠷᠢ ᠴᠡᠯᠮᠡᠨ᠎ᠡ᠃ ᠲᠩᠷᠢ ᠴᠡᠯᠮᠡᠭ ᠪᠠᠶᠢᠬᠤ ᠳᠤ ᠨᠢᠮᠭᠡᠨ ᠴᠠᠭᠠᠨ ᠡᠬᠦᠯᠨ ᠲᠩᠷᠢ ᠶᠢᠨ ᠬᠠᠶᠠᠭᠠᠨ ᠠᠴᠠ ᠤᠷᠢᠳᠥ ᠪᠠᠷ ᠰᠤᠨᠠᠵᠥ ᠪᠤᠢ ᠪᠤᠯᠪᠠᠯ ᠴᠠᠰᠤ᠂ ᠪᠤᠤᠭ᠎ᠠ ᠤᠷᠤᠬᠤ ᠪᠠ ᠰᠠᠯᠬᠢ ᠰᠢᠷᠥᠬᠦᠰᠴᠤ ᠰᠢᠭᠤᠷᠭ᠎ᠠ ᠰᠢᠭᠤᠷᠠᠨ᠎ᠠ᠃      ᠬᠠᠷ᠎ᠠ ᠴᠢᠬᠢᠭ᠂ ᠰᠢᠭᠦᠳᠡᠷ᠂ ᠤᠨᠠᠬᠤ᠂ ᠬᠢᠷᠠᠭᠤ ᠪᠠᠭᠤᠬᠤ ᠨᠢ ᠮᠠᠷᠢᠭᠠᠰᠢ ᠳᠠᠭᠠᠨ ᠲᠩᠷᠢ ᠴᠡᠯᠮᠡᠭ᠂ ᠬᠤᠷ᠎ᠠ ᠲᠤᠨᠤᠳᠠᠰᠤ ᠦᠭᠡᠢ ᠪᠠᠶᠢᠨ᠎ᠠ᠃ ᠰᠦᠨᠢ ᠳᠡᠭᠡᠨ ᠮᠠᠨᠠᠨ ᠡᠭᠦᠰᠪᠡᠯ ᠮᠠᠷᠢᠭᠠᠰᠢ ᠨᠢ ᠬᠤᠷ᠎ᠠ ᠲᠤᠨᠤᠳᠠᠰᠤ ᠦᠭᠡᠢ ᠪᠠᠶᠢᠨ᠎ᠠ᠃ ᠰᠦᠨᠢ ᠶᠢᠨ ᠴᠠᠭ ᠢᠶᠠᠷ ᠬᠤᠳᠤᠭᠤᠷ ᠬᠦᠨᠳᠢ ᠭᠠᠵᠠᠷ ᠬᠦᠢᠲᠡᠪᠳᠥᠷ᠂ ᠲᠤᠪᠤ ᠦᠨᠳᠥᠷ ᠭᠠᠵᠠᠷ ᠢᠶᠠᠷ ᠲᠤᠯᠠᠭᠠᠪᠳᠤᠷ ᠪᠠᠶᠢᠬᠤ ᠨᠢ ᠮᠠᠷᠢᠭᠠᠰᠢ ᠨᠢ ᠴᠠᠭ ᠠᠭᠠᠷ ᠲᠤᠭᠳᠠᠭᠤᠨ ᠪᠠᠶᠢᠬᠤ ᠶᠢᠨ ᠰᠢᠨᠵᠢ᠃      ᠦᠷᠯᠥᠬᠡᠭᠦᠷ ᠲᠩᠷᠢ ᠳᠤ ᠨᠢᠭᠡ ᠲᠦᠪᠰᠢᠨ ᠳᠤ ᠰᠠᠭᠤᠷᠢᠲᠠᠢ ᠪᠡᠶ᠎ᠡ ᠪᠡᠶ᠎ᠡ ᠳᠡᠭᠡᠨ ᠤᠭᠰᠠᠷᠠᠯᠳᠠᠭᠰᠠᠨ ᠨᠤᠬᠠᠢ ᠶᠢᠨ ᠰᠢᠳᠥ ᠰᠢᠭ ᠬᠡᠯᠪᠡᠷᠢ ᠶᠢᠨ ᠵᠢᠵᠢᠭᠬᠡᠨ ᠴᠠᠭᠠᠨ ᠡᠬᠦᠯᠨ ᠭᠠᠷᠪᠠᠯ ᠦᠳᠡ ᠠᠴᠠ ᠬᠤᠶᠢᠰᠢ ᠲᠠᠭᠤᠲᠠᠢ ᠪᠤᠷᠤᠭ᠎ᠠ ᠤᠷᠤᠨ᠎ᠠ᠃ ᠦᠷᠯᠦᠭᠡ ᠮᠠᠨᠠᠨ ᠲᠡᠭᠰᠢ ᠬᠦᠭᠡᠷᠡᠵᠥ ᠡᠬᠦᠯᠨ ᠪᠤᠯᠪᠠᠯ ᠪᠤᠷᠤᠭ᠎ᠠ ᠤᠷᠤᠨ᠎ᠠ᠃ ᠵᠤᠨ ᠤ ᠴᠠᠭ ᠲᠤ ᠪᠦᠭᠡᠮ ᠪᠦᠭᠡᠮ ᠪᠤᠳᠠᠩ ᠲᠠᠳᠠᠪᠠᠯ ᠪᠤᠷᠤᠭ᠎ᠠ ᠤᠷᠤᠨ᠎ᠠ᠃ ᠬᠠᠪᠤᠷ ᠤᠨ ᠴᠠᠭ ᠲᠤ ᠭᠡᠨᠡᠳᠲᠡ ᠶᠡᠭᠡ ᠬᠠᠯᠠᠪᠠᠯ ᠤᠳᠠᠬᠤ ᠦᠭᠡᠢ ᠰᠢᠭᠤᠷᠭᠠᠨ ᠪᠤᠯᠤᠨ᠎ᠠ᠃      ᠰᠠᠯᠬᠢ ᠵᠡᠬᠦᠨ ᠠᠴᠠ ᠪᠤᠯ ᠬᠤᠷ᠎ᠠ ᠤᠷᠤᠨ᠎ᠠ᠃      ᠨᠤᠭᠤᠭᠠᠨ ᠲᠤᠤᠷᠡᠬᠢ ᠴᠢᠯᠠᠭᠤ ᠶᠡᠭᠡ ᠲᠤᠭᠤᠰᠤ ᠲᠠᠢ ᠲᠡᠷᠨ ᠵᠢᠯ ᠴᠠᠰᠤ ᠶᠡᠭᠡ ᠤᠷᠤᠳᠠᠭ᠃      ᠰᠠᠯᠬᠢᠨ ᠤ ᠴᠢᠭ ᠰᠤᠯᠢᠭᠳᠠᠬᠤ ᠨᠢ ᠬᠤᠷ᠎ᠠ ᠤᠷᠤᠬᠤ ᠶᠢᠨ ᠰᠢᠨᠵᠢ ᠭᠡᠵᠥ ᠲᠡᠮᠳᠡᠭᠯᠡᠭᠰᠡᠨ ᠪᠠᠶᠢᠳᠠᠭ ᠪᠠᠶᠢᠨ᠎ᠠ᠃
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号