ᠥᠷᠯᠥᠭᠡ ᠪᠣᠰᠬᠤ ᠶᠢᠨ ᠳᠥᠷᠪᠡᠨ ᠴᠡᠭᠡᠷ
ᠨᠡᠶᠢᠲᠡᠯᠡᠭᠰᠡᠨ ᠴᠠᠭ᠄
2021/10/19
      1᠂ ᠤᠷᠤᠨ ᠳᠠᠭᠠᠨ ᠵᠠᠯᠬᠠᠭᠤᠷᠠᠨ ᠭᠡᠪᠳᠡᠭᠦ ᠶᠢ ᠴᠡᠭᠡᠷᠯᠡᠨ᠎ᠠ ᠤᠳᠤᠬᠠᠨ ᠦᠷᠯᠦᠭᠡ ᠰᠡᠷᠢᠴᠢᠭᠡᠭᠡᠳ ᠪᠤᠰᠬᠤ ᠦᠭᠡᠢ ᠠᠯᠵᠠᠭᠤᠷᠠᠨ ᠭᠡᠪᠳᠡᠭᠦ ᠭᠦᠮᠦᠰ ᠶᠠᠪᠤᠬᠤ ᠲᠤᠳᠤᠮ ᠤᠯᠠᠰᠢᠷᠠᠵᠠᠢ᠃ ᠠᠮᠠᠷᠠᠯᠳᠠ ᠶᠢᠨ ᠡᠳᠦᠷ ᠪᠤᠯ ᠨᠠᠩ ᠴᠤ ᠪᠤᠰᠬᠤ ᠲᠤᠷ᠎ᠠ ᠦᠭᠡᠢ᠃ ᠤᠷᠤᠨ ᠳᠠᠭᠠᠨ ᠠᠯᠵᠠᠭᠤᠷᠠᠨ ᠭᠡᠪᠳᠡᠭᠴᠢ ︵ᠨᠠᠰᠤᠳᠠᠢ ᠵᠠᠯᠠᠭᠤ ᠭᠡᠵᠤ ᠢᠯᠭᠠᠯ ᠦᠭᠡᠢ︶ ᠪᠦᠷ ᠡᠶᠢᠮᠦ ᠨᠢᠭᠡᠨ ᠲᠦᠷᠦᠭᠳᠡᠯ ᠲᠠᠢ᠄ ᠠᠯᠵᠠᠭᠤᠷᠠᠨ ᠭᠡᠪᠳᠡᠭᠦ ᠲᠤᠳᠤᠮ ᠪᠠᠶ᠎ᠠ ᠭᠦᠨᠳᠦᠷᠠᠨ᠂ ᠴᠤᠭ ᠵᠤᠯᠢ ᠦᠭᠡᠢ ᠪᠤᠯᠵᠤ᠂ ᠤᠨᠳᠠᠬᠤ ᠲᠤᠳᠤᠮ ᠶᠠᠳᠠᠷᠠᠬᠤ᠂ ᠤᠨᠳᠠᠬᠤ ᠲᠤᠳᠤᠮ ᠲᠠᠭᠠᠯᠠᠮᠵᠢ ᠦᠭᠡᠢ ᠪᠤᠯᠬᠤ ᠪᠤᠯᠤᠨ᠎ᠠ᠃ ᠡᠭᠦᠨ ᠤ ᠳ᠋ᠦᠩ ᠳᠤ᠂ ᠡᠷᠳᠡ ᠪᠤᠰᠴᠤ ᠠᠵᠢᠯ ᠳᠠᠭᠠᠨ ᠰᠢᠮᠳᠠᠭᠰᠠᠨ ᠢ ᠴᠤ ᠭᠦᠷᠭᠦ ᠦᠭᠡᠢ ᠪᠠᠶᠢᠵᠤ᠂ ᠡᠳᠦᠷ ᠲᠤᠳᠤᠮ ᠤᠨ ᠭᠡᠪ ᠤᠨ ᠠᠮᠢᠳᠤᠷᠠᠯ ᠤᠨ ᠡᠮᠭᠢ ᠵᠢᠷᠤᠮ ᠰᠠᠮᠠᠭᠤᠷᠠᠵᠤ᠂ ᠪᠡᠶ᠎ᠡ ᠶᠢᠨ ᠠᠮᠢᠳᠤ ᠪᠤᠳᠠᠰ ᠤᠨ ᠴᠠᠭ ᠲᠢᠭᠯᠢᠮ ᠢᠶᠠᠨ ᠠᠯᠳᠠᠳᠠᠭ᠃      2᠂ ᠪᠤᠰᠤᠮᠠᠭᠴᠡ ᠰᠢᠭᠡᠭᠦ ᠶᠢ ᠴᠡᠭᠡᠷᠯᠡᠨ᠎ᠠ ᠦᠷᠯᠦᠭᠡ ᠰᠡᠷᠢᠭᠦ ᠦᠶ᠎ᠠ ᠳᠤ᠂ ᠲᠠᠪᠤᠰᠠᠩ ᠨᠢᠭᠡᠮᠦᠰᠦᠨ ᠴᠢᠨᠦᠵᠤ᠂ ᠬᠤᠷᠳᠤᠠᠬᠨ ᠰᠢᠭᠡᠶ᠎ᠠ ᠭᠡᠵᠤ ᠪᠤᠳᠤᠳᠠᠭ᠃ ᠭᠡᠳᠦ ᠰᠢᠭᠡᠶ᠎ᠠ ᠭᠡᠵᠤ ᠪᠤᠳᠤᠬᠤ ᠲᠤᠳᠤᠮ ᠰᠢᠭᠡᠰᠦ ᠭᠦᠷᠴᠤ᠂ ᠲᠠᠷᠡ ᠲᠤᠤᠷ᠎ᠠ ᠨᠢ ᠪᠤᠰᠴᠤ ᠰᠢᠭᠡᠳᠡᠭ᠃ ᠢᠡᠭᠭᠢᠬᠦ ᠨᠢ ᠲᠤᠭᠢᠷᠠᠮᠵᠢ ᠦᠭᠡᠢ ᠪᠠᠶᠢᠵᠤ᠂ ᠢᠯᠠᠩᠭᠤᠶ᠎ᠠ ᠨᠠᠰᠤᠳᠠᠢ ᠭᠦᠮᠦᠨ ᠳᠤ ᠠᠰᠢᠭ ᠦᠭᠡᠢ᠃ ᠤᠴᠢᠷ ᠨᠢ ᠦᠷᠯᠦᠭᠡ ᠡᠷᠳᠡ ᠨᠢᠭᠡᠯᠡ ᠲᠤᠤᠷ᠎ᠠ ᠲᠠᠪᠤᠰᠠᠩ ᠢᠶᠠᠨ ᠬᠤᠭᠤᠰᠤᠯᠠᠪᠠᠯ᠂ ᠲᠤᠯᠤᠭᠠᠢ ᠡᠷᠭᠢᠭᠦ ᠴᠢᠨᠠᠭᠰᠢᠯᠠᠨ ᠰᠢᠭᠡᠭᠦ ᠠᠴᠠ ᠪᠤᠯᠤᠭᠰᠠᠨ ᠮᠠᠨᠠᠷᠠᠯᠳᠠ ᠶᠢ ᠡᠭᠦᠰᠭᠡᠵᠤ ᠮᠡᠳᠡᠨ᠎ᠠ᠃            3᠂ ᠪᠤᠰᠤᠮᠠᠭᠴᠠ ᠰᠢᠷᠦᠭᠦᠨ ᠭᠦᠳᠡᠯᠭᠡᠭᠡᠨ ᠭᠢᠭᠦ ᠶᠢ ᠴᠡᠭᠡᠷᠯᠡᠨ᠎ᠠ ᠭᠦᠮᠦᠰ ᠦᠷᠯᠦᠭᠡ ᠪᠤᠰᠪᠠᠯ ᠭᠦᠳᠡᠯᠭᠡᠭᠡᠨ ᠭᠢᠭᠦ ᠲᠠᠳᠬᠠᠯ ᠲᠠᠢ ᠪᠠᠶᠢᠳᠠᠭ᠃ ᠵᠤᠭᠢᠰᠳᠠᠢ ᠭᠦᠳᠡᠯᠭᠡᠭᠡᠨ ᠭᠢᠭᠦ ᠨᠢ ᠡᠷᠡᠭᠦᠯ ᠮᠡᠨᠳᠦ ᠳᠤ ᠠᠰᠢᠭᠳᠠᠢ᠃ ᠭᠡᠪᠡᠴᠤ ᠭᠦᠳᠡᠯᠭᠡᠭᠡᠨ ᠭᠢᠭᠦ ᠠᠴᠠ ᠪᠠᠨ ᠡᠮᠦᠨ᠎ᠠ ᠡᠷᠭᠡᠪᠰᠢ ᠪᠠᠭ᠋ᠠᠨ ᠠᠮᠤᠰᠭᠢᠭᠦ ᠭᠡᠷᠡᠭᠳᠡᠢ᠃ ᠪᠠᠭ᠋ᠠᠨ ᠠᠮᠤᠰᠭᠢᠵᠤ ᠴᠢᠰᠤ ᠭᠡᠢ ᠲᠠᠩᠴᠡᠭᠦᠷᠢᠳᠡᠢ ᠡᠷᠭᠢᠯᠳᠦᠭᠦ ᠦᠶᠡᠰ ᠭᠦᠳᠡᠯᠭᠡᠭᠡᠨ ᠭᠢᠪᠠᠯ ᠵᠤᠭᠢᠰᠳᠠᠢ᠃ ᠭᠡᠷᠪᠠ ᠦᠷᠯᠦᠭᠡ ᠪᠤᠰᠤᠭᠰᠠᠨ ᠤ ᠲᠠᠷᠠᠭ᠎ᠠ ᠪᠠᠯᠠᠳᠭᠡᠯ ᠬᠦᠳᠡᠯᠭᠡᠭᠡᠨ ᠭᠢᠭᠰᠡᠨ ᠦᠭᠡᠢ ᠪᠠᠷ ᠰᠢᠭᠤᠳ ᠰᠢᠷᠦᠭᠦᠨ ᠰᠢᠭ ᠭᠦᠳᠡᠯᠭᠡᠭᠡᠨ ᠭᠢᠪᠡᠯ᠂ ᠵᠢᠷᠦᠭᠡ ᠲᠠᠷᠢᠭᠢᠨ ᠴᠢᠰᠤᠨ ᠰᠤᠳᠠᠯ ᠤᠨ ᠡᠪᠡᠳᠴᠢᠨ ᠢ ᠡᠭᠦᠰᠭ᠊ ‍ᠡᠵᠤ ᠠᠳᠡᠯ ᠭᠠᠷᠴᠤ ᠮᠡᠳᠡᠨ᠎ᠠ᠃      4᠂ ᠬᠤᠭᠤᠯᠠ ᠢᠳᠡᠭᠦ ᠦᠭᠡᠢ ᠶᠢ ᠴᠡᠭᠡᠷᠯᠡᠨ᠎ᠠ ᠤᠯᠠᠩᠭᠢ ᠭᠦᠮᠦᠰ ᠦᠷᠯᠦᠭᠡ ᠶᠢᠨ ᠬᠤᠭᠤᠯᠠ ᠶᠢ ᠭᠦᠨᠳᠦᠳᠭᠡᠭᠦ ᠦᠭᠡᠢ᠂ ᠢᠳᠡᠭᠰᠡᠨ ᠡᠰᠡ ᠢᠳᠡᠭᠰᠡᠨ ᠪᠦᠷ ᠪᠤᠯᠤᠨ᠎ᠠ ᠭᠡᠮᠡᠨ ᠦᠵᠡᠳᠡᠭ᠃ ᠴᠦᠭᠡᠨ ᠪᠤᠰᠤ ᠲᠤᠭᠠᠨ ᠤ ᠭᠦᠮᠦᠨ ᠤᠯᠠᠨ ᠵᠦᠢᠯ ᠤᠨ ᠰᠢᠯᠳᠠᠭᠠᠨ ᠠᠴᠠ ᠪᠤᠯᠵᠤ ︵ᠠᠯᠵᠠᠭᠤᠷᠠᠭᠠᠳ ᠪᠤᠰᠬᠤ ᠦᠭᠡᠢ ᠪᠤᠶᠤ ᠵᠠᠷᠢᠮ ᠭᠡᠦᠭᠡᠨᠴᠤᠳ ᠮᠠᠷᠢᠶ᠎ᠠ ᠰᠢᠭᠤᠷᠠᠭᠤᠯᠬᠤ ᠵᠡᠷᠭᠡ ᠰᠢᠯᠳᠠᠭᠠᠨ ᠠᠴᠠ︶ ᠦᠷᠯᠦᠭᠡ ᠶᠢᠨ ᠬᠤᠭᠤᠯᠠ ᠢᠳᠡᠭᠦ ᠦᠭᠡᠢ ᠪᠠᠶᠢᠳᠠᠭ᠃ ᠪᠠᠰᠠ ᠠᠮᠢᠳᠤᠷᠠᠯ ᠤᠨ ᠠᠶᠢᠵᠠᠮ ᠲᠦᠷᠭᠡᠳᠦᠭᠰᠡᠨ ᠵᠡᠷᠭᠡ ᠰᠢᠯᠳᠠᠭᠠᠨ ᠠᠴᠠ ᠪᠤᠯᠵᠤ ᠤᠳᠤᠬᠠᠨ ︽ᠦᠷᠯᠦᠭᠡ ᠶᠢᠨ ᠬᠤᠭᠤᠯᠠ ᠶᠢ ᠬᠠᠭᠠᠰ ᠲᠤᠳᠠᠭᠤ ᠢᠳᠡᠭᠦ᠂ ᠦᠳᠡ ᠶᠢᠨ ᠬᠤᠭᠤᠯᠠ ᠶᠢ ᠠᠷᠭᠠᠴᠠᠭᠠᠬᠤ᠂ ᠤᠷᠤᠢ ᠶᠢᠨ ᠬᠤᠭᠤᠯᠠ ᠶᠢ ᠰᠠᠶᠢᠨ ᠢᠳᠡᠭᠦ︾ ᠦᠵᠡᠭᠳᠡᠯ ᠲᠦᠭᠡᠮᠡᠯ ᠪᠤᠯᠪᠠ᠃ ᠡᠨᠡ ᠨᠢ ᠰᠢᠨᠵᠢᠯᠡᠭᠦ ᠤᠬᠠᠭᠠᠴᠢ ᠪᠤᠰᠤ ᠶᠤᠮ᠃ ᠦᠷᠯᠦᠭᠡ ᠶᠢᠨ ᠬᠤᠭᠤᠯᠠ ᠶᠢ ᠢᠳᠡᠭᠦ ᠦᠭᠡᠢ ᠪᠤᠶᠤ ᠰᠠᠶᠢᠨ ᠢᠳᠡᠭᠦ ᠦᠭᠡᠢ ᠨᠢ ᠦᠳᠡ ᠶᠢᠨ ᠡᠮᠦᠨᠡᠭᠢ ᠠᠵᠢᠯ ᠰᠤᠷᠤᠯᠴᠠᠯᠭ᠎ᠠ ᠶᠢᠨ ᠦᠷ᠎ᠠ ᠪᠦᠳᠤᠮᠵᠢ ᠶᠢ ᠶᠡᠭᠡ ᠨᠦᠯᠦᠭᠡᠯᠡᠬᠦ ᠪᠦᠭᠡᠳ ᠶᠡᠭᠡ ᠲᠠᠷᠢᠭᠢ ᠶᠢ ᠭᠡᠮᠳᠦᠭᠡᠵᠤ ᠮᠡᠳᠡᠨ᠎ᠡ᠃ ᠤᠴᠢᠷ ᠨᠢ ᠶᠡᠭᠡ ᠲᠠᠷᠢᠭᠢᠨ ᠤ ᠬᠡᠷᠡᠭᠰᠡᠬᠦ ᠡᠨᠧᠷᠬᠢ ᠶᠢ ᠭᠤᠤᠯᠳᠠᠭᠤ ᠴᠢᠰᠤᠨ ᠤ ᠰᠢᠭᠢᠷ ᠠᠴᠠ ᠬᠠᠩᠭᠠᠳᠠᠭ᠂ ᠬᠦᠮᠦᠰ ᠡᠮᠦᠨ᠎ᠡ ᠤᠷᠤᠢ ᠬᠤᠭᠤᠯᠠ ᠢᠳᠡᠭᠰᠡᠨ ᠠᠴᠠ ᠳᠠᠷᠠᠭ᠎ᠠ ᠦᠷᠯᠦᠭᠡ ᠪᠤᠯᠳᠠᠯ᠎ᠠ ᠪᠠᠷᠤᠭ 12 ᠴᠠᠭ ᠰᠢᠮ᠎ᠡ ᠲᠡᠵᠢᠭᠡᠯ ᠨᠦᠬᠦᠪᠤᠷᠢᠯᠡᠬᠦ ᠦᠭᠡᠢ ᠠᠴᠠ᠂ ᠦᠷᠯᠦᠭᠡ ᠪᠤᠯᠬᠤ ᠳᠤ ᠭᠦᠮᠦᠨ ᠤ ᠪᠠᠶ᠎ᠠ ᠳᠠᠬᠢ ᠴᠢᠰᠦᠨ ᠤ ᠰᠢᠭᠢᠷ ᠤᠨ ᠠᠭᠤᠯᠤᠭᠳᠠᠴᠠ ᠢᠯᠠᠷᠭᠡᠢ ᠪᠠᠭᠠᠰᠴᠤ᠂ ᠶᠡᠭᠡ ᠲᠠᠷᠢᠭᠢ ᠶᠢ ᠡᠨᠧᠷᠬᠢ ᠶᠢᠨ ᠬᠢᠮᠤᠷᠠᠯ ᠳᠤ ᠲᠤᠯᠭᠠᠷᠠᠭᠤᠯᠳᠠᠭ᠂ ᠭᠡᠷᠪᠡ ᠴᠠᠭ ᠲᠤᠬᠠᠢ ᠳᠤᠨᠢ ᠨᠦᠭᠦᠪᠦᠷᠢᠯᠡᠭᠦ ᠦᠭᠡᠢ ᠪᠤᠯ᠂ ᠶᠡᠭᠡ ᠳᠠᠷᠢᠬᠢ ᠶᠢᠨ ᠭᠡᠮᠳᠤᠯ ᠡᠭᠦᠰᠭᠡᠨ᠎ᠠ᠃ ᠭᠠᠭᠴᠠᠬᠦ ᠴᠠᠭ ᠴᠠᠭ ᠲᠠᠭᠠᠨ ᠦᠷᠯᠦᠭᠡ ᠶᠢᠨ ᠬᠤᠭᠤᠯᠠ ᠪᠠᠨ ᠢᠳᠡᠵᠤ᠂ ᠰᠠᠶᠢᠨ ᠢᠳᠡᠪᠡᠯ ᠰᠠᠶ᠋ᠢ ᠴᠢᠰᠦᠨ ᠤ ᠰᠢᠭᠢᠷ ᠤᠨ ᠠᠭᠤᠯᠤᠭᠳᠠᠴᠠ ᠶᠢ ᠲᠠᠭᠡᠭᠰᠢᠯᠡᠭᠦᠯᠵᠤ᠂ ᠡᠨᠧᠷᠬᠢ ᠶᠢᠨ ︽ᠬᠢᠮᠤᠷᠠᠯ︾ ᠢ ᠰᠡᠷᠭᠡᠶᠢᠯᠡᠵᠦ᠂ ᠲᠠᠷᠢᠭᠢᠨ ᠤ ᠬᠤᠷᠴᠠ ᠰᠤᠷᠭᠤᠭ ᠴᠢᠨᠠᠷ ᠢ ᠰᠡᠷᠭᠦᠭᠡᠵᠤ᠂ ᠠᠵᠢᠯ ᠰᠤᠷᠤᠯᠴᠠᠯᠭ᠎ᠠ ᠶᠢᠨ ᠪᠦᠳᠤᠮᠵᠢ ᠶᠢ ᠲᠠᠭᠡᠭᠰᠢᠯᠡᠭᠦᠯᠭᠦ ᠪᠤᠯᠤᠨ᠎ᠠ᠃
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号