ᠲᠠ ᠬᠡᠷ ᠲᠡᠭᠡᠨ ᠰᠠᠭᠤᠵᠦ ᠪᠠᠶᠢᠬᠤ ᠳᠤ᠂ ᠰᠦᠯᠵᠢᠶᠡᠨ ᠲᠡᠭᠡᠷ᠎ᠡ ᠬᠤᠳᠠᠯᠳᠤᠨ ᠠᠪᠤᠬᠰᠠᠨ ᠪᠤᠭᠤᠲᠠᠯ | ᠪᠠᠭᠯᠠᠭ᠎ᠠ ᠶᠢ ᠴᠢᠨᠢ ᠤᠶᠤᠨᠲᠦ ᠲᠦᠷᠬᠡᠨ ᠬᠦᠷᠭᠡᠯᠲᠡ ᠶᠢᠨ ᠬᠠᠶᠢᠷᠴᠠᠭ ᠲᠤ ᠬᠢᠴᠢᠬᠡᠯ᠎ᠡ ᠬᠡᠰᠡᠨ ᠮᠡᠲᠡᠭᠡ ᠭᠠᠷ | ᠤᠳᠠᠰᠤᠨ ᠳᠤ ᠴᠢᠨᠢ ᠬᠦᠷᠬᠡᠭᠲᠡᠵᠦ ᠦᠩᠭᠡᠷᠡᠭᠰᠡᠨ ᠤᠤ︖ ᠲᠠᠨ ᠤ ᠲᠤᠰᠴᠤ ᠤᠯᠤᠬᠰᠠᠨ ᠪᠤᠭᠤᠲᠠᠯ ᠪᠠᠭᠯᠠᠭ᠎ᠠ | ᠴᠢᠨᠢ ᠶᠠᠰᠤ ᠴᠢᠨᠠᠷ ᠤᠨ ᠠᠰᠠᠭᠤᠲᠠᠯ ᠲᠠᠢ ᠪᠤᠯᠪᠠᠴᠤ ᠲᠦᠷᠬᠡᠨ ᠬᠦᠷᠭᠡᠯᠲᠡ ᠶᠢᠨ ᠬᠠᠶᠢᠷᠴᠠᠭ ᠲᠤ ᠬᠢᠴᠢᠭᠡᠭᠰᠡᠨ | ᠪᠤᠯᠬᠤᠷ ᠲᠡᠷᠡ ᠲᠤᠤᠷ᠎ᠠ ᠨᠢ ᠪᠤᠴᠠᠭᠠᠵᠦ ᠴᠢᠲᠠᠬᠤ ᠦᠭᠡᠢ ᠲᠠᠬᠢᠨ ᠲᠦᠷᠬᠡᠨ ᠬᠦᠷᠬᠡᠭᠴᠢ ᠲᠠᠢ ᠬᠠᠷᠢᠯᠴᠠᠬᠤ ᠪᠠᠶᠢᠲᠠᠯ | ᠲᠤᠯᠭᠠᠷᠠᠵᠦ ᠦᠩᠭᠡᠷᠡᠭᠰᠡᠨ ᠤᠤ︖ ᠲᠠᠨ ᠤ ᠰᠦᠯᠵᠢᠶᠡᠨ ᠲᠡᠭᠡᠷ᠎ᠡ ᠬᠤᠳᠠᠯᠳᠤᠨ ᠠᠪᠤᠬᠰᠠᠨ ᠲᠦᠭᠦᠭᠡᠢ ᠰᠢᠨ᠎ᠡ | ᠰᠤᠷᠭᠤᠭ ᠦᠢᠯᠡᠳᠬᠦᠨ ᠢ ᠴᠢᠨᠢ ᠲᠠᠨ ᠲᠠᠢ ᠬᠠᠷᠢᠯᠴᠠᠬᠰᠠᠨ ᠦᠭᠡᠢ ᠪᠠᠷ ᠰᠢᠭᠤᠳ ᠲᠦᠷᠬᠡᠨ ᠬᠦᠷᠭᠡᠯᠲᠡ ᠶᠢᠨ | ᠬᠠᠶᠢᠷᠴᠠᠭ ᠲᠤ ᠬᠢᠵᠦ᠂ ᠬᠦᠷᠬᠡᠵᠦ ᠢᠷᠡᠭᠰᠡᠨ ᠲᠠᠷᠤᠢ ᠳᠤᠨᠢ ᠭᠠᠷᠭᠠᠨ ᠠᠪᠴᠤ ᠴᠢᠲᠠᠬᠰᠠᠨ ᠦᠭᠡᠢ ᠠᠴᠠ ᠪᠤᠯᠵᠦ | ᠡᠪᠲᠡᠷᠡᠭᠰᠡᠨ ᠪᠠᠶᠢᠲᠠᠯ ᠲᠤᠬᠢᠶᠠᠯᠳᠤᠵᠦ ᠦᠩᠭᠡᠷᠡᠭᠰᠡᠨ ᠤᠤ︖ ᠪᠤᠭᠤᠲᠠᠯ ᠪᠠᠭᠯᠠᠭ᠎ᠠ ᠶᠢ ᠴᠢᠨᠢ ᠰᠢᠭᠤᠳ ᠲᠦᠷᠬᠡᠨ | ᠬᠦᠷᠭᠡᠯᠲᠡ ᠶᠢᠨ ᠬᠠᠶᠢᠷᠴᠠᠭ ᠲᠤ ᠬᠢᠵᠦ᠂ ᠬᠤᠭᠤᠴᠠᠭᠠᠨ ᠠᠴᠠ ᠬᠡᠲᠦᠷᠡᠭᠰᠡᠨ ᠬᠤᠶᠢᠨ᠎ᠠ ᠤᠷᠤᠯᠠᠨ ᠬᠠᠲᠠᠭᠠᠯᠠᠬᠤ | ᠰᠦᠢᠳᠬᠡᠯ ᠠᠪᠴᠤ ᠦᠩᠭᠡᠷᠡᠭᠰᠡᠨ ᠤᠤ︖ | ᠰᠦᠯᠵᠢᠶᠡᠨ ᠬᠤᠳᠠᠯᠳᠤᠭᠠᠨ ᠤ ᠦᠳᠲᠡᠷ ᠲᠦᠷᠬᠡᠨ ᠬᠦᠭᠵᠢᠯᠲᠡ ᠶᠢ ᠲᠠᠭᠠᠯᠲᠤᠨ᠂ ᠤᠶᠤᠨᠲᠤ ᠲᠦᠷᠭᠡᠨ | ᠬᠦᠷᠭᠡᠯᠲᠡ ᠶᠢᠨ ᠬᠠᠶᠢᠷᠴᠠᠭ ᠪᠣᠶ ᠪᠣᠯᠤᠭᠠᠳ ᠨᠢᠭᠡᠨᠲᠡ 7 ᠵᠢᠯ ᠪᠤᠯᠵᠦ᠂ ᠣᠳᠣᠬᠠᠨ ᠳᠤ ᠮᠠᠨ ᠤ ᠤᠷᠤᠨ ᠤ | ᠠᠰᠢᠬᠯᠠᠯᠳᠠ ᠳᠤ ᠣᠷᠣᠭᠰᠠᠨ ᠤᠶᠤᠨᠲᠤ ᠲᠦᠷᠭᠡᠨ ᠬᠦᠷᠭᠡᠯᠲᠡ ᠶᠢᠨ ᠬᠤᠷᠭᠤ 2985 ᠪᠠᠶᠢᠵᠤ᠂ ᠨᠡᠶᠢᠲᠡ 17 | ᠲᠦᠮᠡᠨ ᠬᠠᠶᠢᠷᠴᠠᠬ ᠪᠣᠶ᠃ ᠤᠶᠤᠨᠲᠤ ᠲᠦᠷᠭᠡᠨ ᠬᠦᠷᠭᠡᠯᠲᠡ ᠶᠢᠨ ᠬᠠᠶᠢᠷᠴᠠᠭ ᠢᠯᠡᠷᠡᠭᠰᠡᠨ ᠨᠢ᠂ ᠲᠦᠷᠬᠡᠨ | ᠬᠦᠷᠭᠡᠯᠲᠡ ᠶᠢᠨ ᠠᠵᠢᠯ ᠤᠨ ᠦᠷ᠎ᠡ ᠪᠦᠲᠦᠮᠵᠢ ᠶᠢ ᠲᠡᠭᠡᠭᠰᠢᠯᠡᠭᠦᠯᠦᠨ᠂ ᠬᠡᠷᠡᠭᠯᠡᠭᠴᠢᠳ ᠤᠨ ᠬᠤᠪᠢ ᠶᠢᠨ ᠨᠢᠭᠤᠴᠠ ᠶᠢ | ᠬᠠᠮᠠᠭᠠᠯᠠᠵᠦ᠂ ᠠᠵᠢᠯ ᠳᠤ ᠪᠠᠶᠢᠭ᠎ᠠ ᠬᠦᠮᠦᠰ ᠤᠨ ᠪᠤᠭᠤᠲᠠᠯ ᠪᠠᠭᠯᠠᠭ᠎ᠠ ᠪᠠᠨ ᠠᠪᠬᠤ ᠳᠤ ᠲᠦᠭᠦᠮ ᠪᠤᠯᠭᠠᠬᠰᠠᠨ | ᠪᠤᠯᠪᠠᠴᠤ᠂ ᠪᠠᠰᠠ ᠲᠡᠭᠡᠷᠡᠬᠢ ᠮᠡᠲᠦ ᠵᠠᠷᠢᠮ ᠰᠢᠨ᠎ᠡ ᠠᠰᠠᠭᠤᠲᠠᠯ ᠢ ᠠᠪᠴᠢᠷᠠᠬᠰᠠᠨ ᠪᠢᠯᠡ᠃ ᠤᠯᠠᠨ ᠲᠦᠮᠡᠨ ᠤ | ᠬᠤᠪᠢ ᠪᠡᠶ᠎ᠡ ᠶᠢᠨ ᠠᠰᠢᠬ ᠲᠤᠰᠠ ᠲᠠᠢ ᠬᠤᠯᠪᠤᠬᠲᠠᠬᠰᠠᠨ ᠡᠲᠡᠭᠡᠷ ᠠᠰᠠᠭᠤᠲᠠᠯ ᠤᠨ ᠲᠤᠬᠠᠢ᠂ 10 ᠰᠠᠷ᠎ᠠ ᠶᠢᠨ | 1 ᠤ ᠡᠲᠦᠷ ᠠᠴᠠ ᠡᠬᠢᠯᠡᠨ ᠭᠡᠷᠡᠭᠵᠢᠬᠦᠯᠦᠭᠰᠡᠨ ︽ᠤᠶᠤᠨᠲᠦ ᠲᠦᠷᠬᠡᠨ ᠬᠦᠷᠭᠡᠯᠲᠡ ᠶᠢᠨ ᠬᠠᠶᠢᠷᠴᠠᠭ ᠲᠤ ᠢᠯᠡᠭᠡᠨ | ᠬᠦᠷᠬᠡᠬᠦ ᠦᠢᠯᠡᠴᠢᠯᠡᠭᠡ ᠶᠢᠨ ᠬᠠᠮᠢᠶᠠᠷᠤᠯᠲᠠ ᠶᠢᠨ ᠠᠷᠭ᠎ᠠ︾ ︵ᠲᠤᠤᠷ᠎ᠠ ︽ᠠᠷᠭ᠎ᠠ︾ ᠬᠡᠵᠦ ᠲᠦᠭᠦᠮᠴᠢᠯᠡᠶ᠎ᠡ︶ | ᠲᠤᠲᠤᠷᠬᠠᠢ ᠬᠠᠷᠢᠭᠤᠯᠲᠠ ᠦᠭᠴᠦ᠂ ᠲᠤᠰ ︽ᠠᠷᠭ᠎ᠠ︾ ᠶᠢᠨ ᠭᠤᠴᠢᠨ ᠲᠠᠪᠤᠳᠤᠭᠠᠷ ᠵᠦᠢᠯ ᠳᠤ ᠤᠶᠤᠨᠲᠦ | ᠲᠦᠷᠬᠡᠨ ᠬᠦᠷᠭᠡᠯᠲᠡ ᠶᠢᠨ ᠬᠠᠶᠢᠷᠴᠠᠭ ᠤᠨ ᠲᠤᠬᠠᠢ ᠴᠢᠩᠭ᠎ᠠ ᠵᠢᠷᠤᠮᠵᠢᠯ ᠭᠠᠷᠭᠠᠵᠦ᠂ ᠲᠡᠭᠡᠷᠡᠬᠢ ᠠᠰᠠᠭᠤᠲᠠᠯ ᠤᠨ | ᠲᠤᠬᠠᠢ ᠲᠤᠲᠤᠷᠬᠠᠢ ᠲᠤᠬᠲᠠᠭᠠᠯ ᠭᠠᠷᠭᠠᠬᠰᠠᠨ ᠪᠠᠶᠢᠨ᠎ᠠ᠃ | ᠤᠶᠤᠨᠲᠦ ᠲᠦᠷᠬᠡᠨ ᠬᠦᠷᠭᠡᠯᠲᠡ ᠶᠢᠨ ᠬᠠᠶᠢᠷᠴᠠᠭ ᠢ ᠬᠡᠷᠡᠭᠯᠡᠬᠦ ᠳᠤ ᠪᠤᠭᠤᠲᠠᠯ ᠪᠠᠭᠯᠠᠭ᠎ᠠ ᠲᠤᠰᠤᠬᠴᠢ ᠶᠢᠨ | ᠵᠦᠪᠰᠢᠶᠡᠷᠡᠯ ᠢ ᠤᠯᠬᠤ ᠬᠡᠷᠡᠭᠲᠡᠢ | ︽ᠠᠷᠭ᠎ᠠ︾ ᠳᠤ᠂ ᠤᠶᠤᠨᠲᠦ ᠲᠦᠷᠬᠡᠨ ᠬᠦᠷᠭᠡᠯᠲᠡ ᠶᠢᠨ ᠬᠠᠶᠢᠷᠴᠠᠭ ᠢ ᠬᠡᠷᠡᠭᠯᠡᠬᠦ ᠠᠵᠦ ᠠᠬᠤᠢᠢᠯᠠᠯ ᠨᠢ | ᠤᠶᠤᠨᠲᠦ ᠲᠦᠷᠬᠡᠨ ᠬᠦᠷᠭᠡᠯᠲᠡ ᠶᠢᠨ ᠬᠠᠶᠢᠷᠴᠠᠭ ᠢ ᠬᠡᠷᠡᠭᠯᠡᠨ ᠪᠤᠭᠤᠲᠠᠯ ᠪᠠᠭᠯᠠᠭ᠎ᠠ ᠬᠦᠷᠭᠡᠬᠦ ᠳᠡᠭᠡᠨ᠂ ᠡᠷᠬᠡᠪᠰᠢ | ᠪᠤᠭᠤᠲᠠᠯ ᠪᠠᠭᠯᠠᠭ᠎ᠠ ᠲᠤᠰᠤᠬᠴᠢ ᠶᠢᠨ ᠵᠦᠪᠰᠢᠶᠡᠷᠡᠯ ᠢ ᠤᠯᠬᠤ ᠬᠡᠷᠡᠭᠲᠡᠢ︔ ᠪᠤᠭᠤᠲᠠᠯ ᠪᠠᠭᠯᠠᠭ᠎ᠠ ᠲᠤᠰᠤᠬᠴᠢ ᠶᠢᠨ | ᠵᠦᠪᠰᠢᠶᠡᠷᠡᠯ ᠢ ᠤᠯᠤᠬᠰᠠᠨ ᠦᠭᠡᠢ ᠪᠠᠶᠢᠲᠠᠯ ᠲᠤᠤᠷ᠎ᠠ ᠤᠶᠤᠨᠲᠦ ᠲᠦᠷᠬᠡᠨ ᠬᠦᠷᠭᠡᠯᠲᠡ ᠶᠢᠨ ᠬᠠᠶᠢᠷᠴᠠᠭ ᠲᠤ | ᠪᠤᠭᠤᠲᠠᠯ ᠪᠠᠭᠯᠠᠭ᠎ᠠ ᠶᠢ ᠨᠢ ᠲᠠᠯᠪᠢᠪᠠᠯ᠂ ᠤᠶᠤᠨᠲᠦ ᠪᠤᠭᠤᠲᠠᠯ ᠪᠠᠭᠯᠠᠭ᠎ᠠ ᠶᠢᠨ ᠬᠠᠶᠢᠷᠴᠠᠭ ᠢ ᠬᠡᠷᠡᠭᠯᠡᠭᠰᠡᠨ ᠠᠵᠦ | ᠠᠬᠤᠢᠢᠯᠠᠯ ᠨᠢ ᠲᠦᠷᠬᠡᠨ ᠬᠦᠷᠭᠡᠯᠲᠡ ᠶᠢᠨ ᠦᠢᠯᠡᠴᠢᠯᠡᠭᠡᠨ ᠤ ᠬᠡᠷ᠎ᠡ ᠳᠤ ᠪᠤᠯᠵᠤᠨ ᠲᠤᠬᠲᠠᠬᠰᠠᠨ ᠨᠡᠷ᠎ᠡ ᠬᠠᠶ᠋ᠢᠬ ᠢᠶᠠᠷ | ᠬᠦᠷᠬᠡᠬᠦ ᠦᠢᠯᠡᠴᠢᠯᠡᠭᠡ ᠬᠠᠩᠭᠠᠬᠤ ᠬᠡᠷᠡᠭᠲᠡᠢ᠃ ᠡᠳ᠋ ᠪᠤᠲᠠᠰ ᠢᠯᠡᠭᠡᠬᠦ ᠳᠡᠭᠡᠨ ᠤᠶᠤᠨᠲᠦ ᠲᠦᠷᠬᠡᠨ ᠬᠦᠷᠭᠡᠯᠲᠡ ᠶᠢᠨ | ᠬᠠᠶᠢᠷᠴᠠᠭ ᠢ ᠵᠢᠭᠠᠨ ᠲᠤᠬᠲᠠᠭᠠᠵᠦ ᠬᠠᠶ᠋ᠢᠬ ᠪᠤᠯᠭᠠᠬᠰᠠᠨ ᠪᠠᠶᠢᠲᠠᠯ ᠨᠢ ᠡᠭᠦᠨ ᠳᠤ ᠪᠠᠭᠲᠠᠬᠤ ᠦᠭᠡᠢ ᠬᠡᠵᠦ | ᠲᠤᠬᠲᠠᠭᠠᠪᠠ᠃ | ᠠᠰᠠᠭᠤᠳᠠᠯ ᠲᠠᠢ ᠪᠤᠭᠤᠲᠠᠯ ᠪᠠᠭᠯᠠᠭ᠎ᠠ ᠶᠢ ᠲᠦᠷᠬᠡᠨ ᠬᠦᠷᠭᠡᠯᠲᠡ ᠶᠢᠨ ᠬᠠᠶᠢᠷᠴᠠᠭ ᠲᠤ ᠬᠢᠵᠦ ᠪᠤᠯᠬᠤ ᠦᠭᠡᠢ | ︽ᠠᠷᠭ᠎ᠠ︾ ᠳᠤ᠂ ᠪᠤᠭᠤᠲᠠᠯ ᠪᠠᠭᠯᠠᠭ᠎ᠠ ᠶᠢᠨ ᠭᠠᠳᠠᠷ ᠪᠣᠭᠤᠳᠠᠯ ᠨᠢ ᠢᠯᠡᠳᠲᠡ ᠡᠪᠳᠡᠷᠡᠵᠦ᠂ ᠬᠦᠨᠳᠦ ᠶᠢᠨ | ᠬᠡᠮᠵᠢᠶ᠎ᠡ ᠨᠢ ᠢᠯᠡᠭᠡᠭᠰᠡᠨ ᠨᠠᠷᠢᠨ ᠪᠠᠶᠢᠳᠠᠯ ᠤᠨ ᠬᠠᠭᠤᠳᠠᠰᠤ ᠲᠠᠢ ᠢᠯᠡᠳᠲᠡ ᠨᠡᠶᠢᠴᠡᠬᠦ ᠥᠬᠡᠶ ᠪᠠᠶᠢᠬᠤ ᠵᠡᠷᠭᠡ | ᠪᠠᠶᠢᠳᠠᠯ ᠢᠯᠡᠷᠡᠭᠰᠡᠨ ᠪᠠᠶᠢᠪᠠᠯ᠂ ᠣᠶᠤᠨᠳᠤ ᠲᠦᠷᠭᠡᠨ ᠬᠦᠷᠭᠡᠯᠲᠡ ᠶᠢᠨ ᠬᠠᠶᠢᠷᠴᠠᠭ ᠢ ᠬᠡᠷᠡᠭᠯᠡᠬᠦ ᠠᠵᠤ ᠠᠬᠤᠶᠢᠯᠠᠯ ᠨᠢ | ᠣᠶᠤᠨᠳᠤ ᠲᠦᠷᠭᠡᠨ ᠬᠦᠷᠭᠡᠯᠲᠡ ᠶᠢᠨ ᠬᠠᠶᠢᠷᠴᠠᠭ ᠢ ᠬᠡᠷᠡᠭᠯᠡᠵᠦ ᠪᠣᠯᠬᠤ ᠥᠬᠡᠶ ᠬᠡᠵᠦ ᠲᠤᠬᠲᠠᠭᠠᠵᠠᠢ᠃ ᠪᠤᠭᠤᠲᠠᠯ | ᠪᠠᠭᠯᠠᠭ᠎ᠠ ᠶᠢ ᠤᠳᠠᠭᠠᠰᠢᠷᠠᠭᠤᠯᠤᠭᠰᠠᠨ᠂ ᠡᠪᠳᠡᠨ ᠰᠦᠢᠳᠬᠡᠭᠰᠡᠨ᠂ ᠳᠣᠲᠣᠷᠡᠬᠢ ᠬᠡᠷᠡᠭᠰᠡᠯ ᠨᠢ ᠳᠤᠲᠠᠭᠳᠠᠭᠰᠠᠨ | ᠪᠠᠶᠢᠪᠠᠯ᠂ ᠪᠤᠭᠤᠲᠠᠯ ᠪᠠᠭᠯᠠᠭ᠎ᠠ ᠲᠤᠰᠤᠬᠴᠢ ᠠᠴᠠ ᠲᠤᠬᠠᠶ ᠶᠢᠨ ᠭᠠᠵᠠᠷ ᠲᠤᠨᠢ ᠭᠠᠷ ᠤᠨ ᠦᠰᠦᠭ ᠵᠢᠷᠤᠵᠤ ᠬᠦᠯᠢᠶᠡᠨ | ᠠᠪᠬᠤ ᠶᠢ ᠲᠡᠪᠴᠢᠵᠦ ᠪᠣᠯᠬᠤ ᠪᠥᠭᠡᠳ ᠤᠶᠤᠨᠲᠤ ᠲᠦᠷᠭᠡᠨ ᠬᠦᠷᠭᠡᠯᠲᠡ ᠶᠢᠨ ᠬᠠᠶᠢᠷᠴᠠᠭ ᠢ ᠡᠵᠡᠩᠨᠡᠬᠦ ᠠᠵᠤ | ᠠᠬᠤᠶᠢᠯᠠᠯ ᠤᠨ ᠰᠠᠨᠠᠭᠤᠯᠤᠮᠵᠢ ᠶᠣᠰᠣᠭᠠᠷ ᠪᠤᠭᠤᠲᠠᠯ ᠪᠠᠭᠯᠠᠭ᠎ᠠ ᠪᠠᠨ ᠤᠶᠤᠨᠲᠦ ᠲᠦᠷᠬᠡᠨ ᠬᠦᠷᠭᠡᠯᠲᠡ ᠶᠢᠨ | ᠬᠠᠶᠢᠷᠴᠠᠭ ᠲᠤ ᠪᠤᠴᠠᠭᠠᠨ ᠥᠭᠬᠦ ᠬᠡᠷᠡᠭᠲᠡᠶ᠃ | ᠲᠦᠷᠭᠡᠨ ᠬᠦᠷᠭᠡᠯᠲᠡ ᠶᠢᠨ ᠬᠠᠶᠢᠷᠴᠠᠭ ᠲᠤ ᠲᠦᠭᠦᠬᠡᠶ ᠰᠢᠨ᠎ᠡ ᠰᠤᠷᠭᠤᠭ ᠦᠢᠯᠡᠳᠬᠦᠨ ᠢ ᠬᠢᠵᠦ ᠪᠣᠯᠬᠤ | ᠦᠭᠡᠢ | ︽ᠠᠷᠭ᠎ᠠ︾ ᠳᠤ᠂ ᠢᠯᠡᠭᠡᠯᠲᠡ ᠶᠢᠨ ᠨᠠᠷᠢᠨ ᠪᠠᠶᠢᠳᠠᠯ ᠤᠨ ᠬᠠᠭᠤᠳᠠᠰᠤᠨ ᠳᠤ ᠪᠤᠭᠤᠲᠠᠯ ᠪᠠᠭᠯᠠᠭ᠎ᠠ ᠶᠢᠨ | ᠳᠣᠲᠣᠷᠠᠬᠢ ᠡᠳ᠋ ᠪᠣᠳᠠᠰ ᠨᠢ ᠲᠦᠭᠦᠬᠡᠶ ᠰᠢᠨ᠎ᠡ ᠰᠤᠷᠭᠤᠭ ᠦᠢᠯᠡᠳᠬᠦᠨ᠂ ᠦᠨᠡᠲᠦ ᠡᠳ᠋ ᠪᠣᠳᠠᠰ ᠪᠣᠯᠬᠤ ᠶᠢ | ᠲᠣᠳᠣᠷᠬᠠᠶᠢᠯᠠᠭᠰᠠᠨ ᠪᠠᠶᠢᠪᠠᠯ᠂ ᠣᠶᠤᠨᠲᠦ ᠲᠦᠷᠭᠡᠨ ᠬᠦᠷᠭᠡᠯᠲᠡ ᠶᠢᠨ ᠬᠠᠶᠢᠷᠴᠠᠭ ᠢ ᠬᠡᠷᠡᠭᠯᠡᠬᠦ ᠠᠵᠤ ᠠᠬᠤᠶᠢᠯᠠᠯ | ᠣᠶᠤᠨᠳᠤ ᠲᠦᠷᠭᠡᠨ ᠬᠦᠷᠭᠡᠯᠲᠡ ᠶᠢᠨ ᠬᠠᠶᠢᠷᠴᠠᠭ ᠢ ᠬᠡᠷᠡᠭᠯᠡᠵᠦ ᠪᠣᠯᠬᠤ ᠥᠬᠡᠶ᠂ ᠢᠯᠡᠭᠡᠭᠴᠢ ᠲᠠᠢ ᠠᠰᠲᠠᠭᠠᠨ | ᠪᠣᠯᠵᠤᠭ᠎ᠠ ᠲᠠᠢ ᠪᠠᠶᠢᠲᠠᠯ ᠨᠢ ᠡᠭᠦᠨ ᠳᠤ ᠪᠠᠭᠲᠠᠬᠤ ᠥᠬᠡᠶ ᠬᠡᠵᠦ ᠲᠣᠭᠲᠠᠭᠠᠪᠠ᠃ | ᠬᠠᠳᠠᠭᠠᠯᠠᠨ ᠬᠠᠮᠢᠶᠠᠷᠬᠤ ᠬᠤᠭᠤᠴᠠᠭᠠᠨ ᠳᠤ ᠪᠤᠭᠤᠲᠠᠯ ᠪᠠᠭᠯᠠᠭ᠎ᠠ ᠲᠤᠰᠤᠬᠴᠢ ᠠᠴᠠ ᠰᠦᠢᠳᠬᠡᠯ ᠬᠤᠷᠢᠶᠠᠵᠤ | ᠪᠣᠯᠬᠤ ᠦᠭᠡᠢ | ︽ᠠᠷᠭ᠎ᠠ︾ ᠳᠤ ᠲᠣᠳᠣᠷᠬᠠᠶ ᠲᠣᠭᠲᠠᠭᠠᠭᠰᠠᠨ ᠨᠢ᠂ ᠤᠶᠤᠨᠲᠦ ᠲᠦᠷᠬᠡᠨ ᠬᠦᠷᠭᠡᠯᠲᠡ ᠶᠢᠨ ᠬᠠᠶᠢᠷᠴᠠᠭ ᠢ | ᠡᠵᠡᠩᠨᠡᠬᠦ ᠠᠵᠤ ᠠᠬᠤᠶᠢᠯᠠᠯ ᠪᠤᠭᠤᠲᠠᠯ ᠪᠠᠭᠯᠠᠭ᠎ᠠ ᠶᠢ ᠬᠠᠳᠠᠭᠠᠯᠠᠨ ᠬᠠᠮᠢᠶᠠᠷᠬᠤ ᠬᠤᠭᠤᠴᠠᠭ᠎ᠠ ᠶᠢ ᠵᠦᠶ ᠵᠣᠬᠢᠰᠲᠠᠶ | ᠲᠣᠬᠢᠷᠠᠭᠤᠯᠬᠤ ᠬᠡᠷᠡᠭᠲᠡᠶ᠂ ᠬᠠᠳᠠᠭᠠᠯᠠᠨ ᠬᠠᠮᠢᠶᠠᠷᠬᠤ ᠬᠤᠭᠤᠴᠠᠭᠠᠨ ᠳᠤ ᠰᠦᠢᠳᠬᠡᠯ ᠬᠤᠷᠢᠶᠠᠵᠤ ᠪᠣᠯᠬᠤ ᠥᠬᠡᠶ | ᠬᠡᠰᠡᠨ ᠪᠠᠶᠢᠨ᠎ᠠ᠃ | ᠡᠭᠦᠨ ᠠᠴᠠ ᠭᠠᠲᠠᠨ᠎ᠠ᠂ ︽ᠠᠷᠭ᠎ᠠ︾ ᠳᠤ ᠪᠠᠰᠠ ᠣᠶᠤᠨᠲᠦ ᠲᠦᠷᠭᠡᠨ ᠬᠦᠷᠭᠡᠯᠲᠡ ᠶᠢᠨ ᠬᠠᠶᠢᠷᠴᠠᠭ ᠢ | ᠡᠵᠡᠩᠨᠡᠬᠦ ᠠᠵᠤ ᠠᠬᠤᠶᠢᠯᠠᠯ ᠤᠨ ᠡᠵᠡᠩᠨᠡᠯᠲᠡ ᠶᠢᠨ ᠠᠵᠢᠯᠯᠠᠭ᠎ᠠ ᠶᠢᠨ ᠡᠳᠦᠷ ᠲᠤᠲᠤᠮ ᠤᠨ ᠬᠢᠨᠠᠯᠲᠠ ᠪᠠᠶᠢᠴᠠᠭᠠᠯᠲᠠ | ᠵᠢᠴᠢ ᠮᠡᠳᠡᠭᠡ ᠵᠠᠩᠭᠢ ᠶᠢᠨ ᠦᠨᠡᠨ ᠨᠡᠷ᠎ᠡ ᠶᠢᠨ ᠳᠦᠷᠢᠮ ᠵᠡᠷᠭᠡ ᠠᠰᠠᠭᠤᠳᠠᠯ ᠢ ᠴᠢᠬᠤᠯᠠᠴᠢᠯᠠᠵᠠᠶ᠃ | ᠲᠦᠷᠬᠡᠨ ᠬᠦᠷᠭᠡᠯᠲᠡ ᠶᠢᠨ ᠡᠶᠢᠮᠦᠷᠬᠦᠦ ᠰᠢᠨ᠎ᠡ ᠠᠷᠭ᠎ᠠ ᠶᠢᠨ ᠲᠤᠬᠠᠢ᠂ ᠬᠦᠬᠡᠬᠤᠲᠠ ᠶᠢᠨ ᠰᠠᠶᠢᠬᠠᠨ | ᠲᠣᠭᠤᠷᠢᠭ ᠤᠨ ᠰᠠᠭᠤᠭᠠᠯᠢ ᠠᠷᠠᠳ ᠽᠠᠨᠲᠠᠨ᠄ ︽ᠤᠶᠤᠨᠲᠤ ᠲᠦᠷᠭᠡᠨ ᠬᠦᠷᠭᠡᠯᠲᠡ ᠶᠢᠨ ᠬᠠᠶᠢᠷᠴᠠᠭ ᠨᠢ ᠨᠠᠲᠠ ᠰᠢᠬ | ᠰᠦᠯᠵᠢᠶᠡᠨ ᠠᠴᠠ ᠪᠠᠷᠠᠭ᠎ᠠ ᠬᠤᠳᠠᠯᠳᠤᠨ ᠠᠪᠲᠠᠭ ᠬᠦᠮᠦᠰ ᠲᠤ ᠮᠠᠰᠢ ᠲᠦᠭᠦᠮ ᠦᠵᠡᠭᠦᠯᠲᠡᠭ᠂ ᠬᠡᠪᠡᠴᠦ ᠲᠦᠷᠬᠡᠨ | ᠬᠦᠷᠭᠡᠭᠴᠢ ᠠᠴᠠ ᠤᠳᠠᠰᠤ ᠠᠪᠴᠤ ᠮᠡᠳᠡᠭᠳᠡᠬᠦ ᠶᠢ ᠬᠦᠰᠡᠵᠦ ᠪᠠᠶᠢᠨ᠎ᠠ᠂ ᠪᠣᠳᠠᠲᠠᠶ ᠪᠠᠶᠢᠳᠠᠯ ᠢ ᠦᠨᠳᠦᠰᠦᠯᠡᠨ ᠪᠣᠳᠠᠲᠠᠶ | ᠰᠣᠩᠭᠤᠯᠲᠠ ᠬᠢᠪᠡᠯ᠂ ᠮᠠᠰᠢ ᠣᠯᠠᠨ ᠴᠢᠬᠤᠯᠠ ᠪᠤᠰᠤ ᠶᠠᠷᠰᠢᠭ ᠢ ᠪᠠᠭᠠᠰᠬᠠᠵᠦ ᠴᠢᠲᠠᠨ᠎ᠠ᠃ ︿ᠤᠶᠤᠨᠲᠦ ᠲᠦᠷᠬᠡᠨ | ᠬᠦᠷᠭᠡᠯᠲᠡ ᠶᠢᠨ ᠬᠠᠶᠢᠷᠴᠠᠭ ᠲᠤ ᠢᠯᠡᠭᠡᠨ ᠬᠦᠷᠬᠡᠬᠦ ᠦᠢᠯᠡᠴᠢᠯᠡᠭᠡ ᠶᠢᠨ ᠬᠠᠮᠢᠶᠠᠷᠤᠯᠲᠠ ᠶᠢᠨ ᠠᠷᠭ᠎ᠠ﹀ ᠨᠢ ᠪᠢᠲᠡᠨ ᠤ | ᠰᠦᠯᠵᠢᠶᠡᠨ ᠠᠴᠠ ᠪᠠᠷᠠᠭ᠎ᠠ ᠬᠤᠳᠠᠯᠳᠤᠨ ᠠᠪᠬᠤ ᠳᠤ ᠨᠡᠩ ᠰᠠᠶᠢᠨ ᠪᠠᠲᠤᠯᠠᠭ᠎ᠠ ᠬᠠᠩᠭᠠᠵᠦ᠂ ᠭᠡᠷᠡᠭᠯᠡᠭᠴᠢᠳ ᠤᠨ | ᠠᠰᠢᠬ ᠲᠤᠰᠠ ᠶᠢ ᠨᠡᠩ ᠰᠠᠶᠢᠲᠦᠷ ᠬᠠᠮᠠᠭᠠᠯᠠᠬᠤ ᠪᠤᠯᠤᠨ᠎ᠠ︾ ᠬᠡᠵᠦ ᠪᠠᠶᠠᠷᠲᠠᠶᠢᠬᠠᠨ ᠶᠠᠷᠢᠯ᠎ᠠ᠃ |