ᠮᠠᠯᠵᠢᠬᠤ ᠠᠮᠢᠳᠣᠷᠠᠯ ᠤᠨ ᠬᠠᠯᠠᠮᠰᠢᠯ ᠠᠰᠠᠭᠤᠳᠠᠯ
ᠨᠡᠶᠢᠲᠡᠯᠡᠭᠰᠡᠨ ᠴᠠᠭ᠄
2021/10/13
ᠪᠷᠦ᠋ᠽᠧᠯ ᠡᠪᠡᠳᠴᠢᠨ ︵布病)      ᠪᠷᠦ᠋ᠼᠧᠯ ᠡᠪᠡᠳᠴᠢᠨ ᠪᠣᠯ ᠬᠥᠮᠦᠨ ᠮᠠᠯ ᠳᠤ ᠪᠦᠷ ᠬᠠᠯᠳᠠᠪᠤᠷᠢᠯᠠᠳᠠᠭ ᠬᠤᠶᠠᠳᠤᠭᠠᠷ ᠲᠥᠷᠥᠯ ᠤᠨ ᠠᠮᠢᠲᠠᠨ  ᠤ ᠬᠢᠵᠢᠭ ᠡᠪᠡᠳᠴᠢᠨ ᠪᠤᠯᠤᠨ᠎ᠠ᠃ ᠵᠠᠷᠢᠮ ᠨᠣᠳᠤᠭ ᠲᠤ ᠪᠠᠰᠠ ᠬᠡᠭᠡᠯ ᠬᠠᠶᠠᠬᠤ ᠡᠪᠡᠳᠴᠢᠨ ᠭᠡᠳᠡᠭ᠃       ︵ᠨᠢᠭᠡ︶ ᠠᠮᠢᠳᠠᠨ ᠤ ᠪᠷᠦ᠋ᠼᠧᠯ ᠡᠪᠡᠳᠴᠢᠨ᠄      ★ᠭᠤᠤᠯ ᠢᠯᠡᠷᠡᠯ᠄ ᠬᠡᠭᠡᠯ ᠬᠠᠶᠠᠬᠤ᠂ ᠬᠠᠯᠢᠶᠠᠷ ᠨᠢ ᠰᠠᠭᠠᠳᠠᠬᠤ ᠪᠠ ᠰᠠᠪᠠᠨ ᠤ ᠲᠤᠳᠤᠷ ᠪᠦᠷᠬᠦᠬᠦᠯ ᠤᠨ ᠦᠷᠪᠢᠰᠦᠯ ᠡᠬᠦᠰᠴᠣ ᠪᠣᠷᠣ ᠴᠠᠭᠠᠨ ᠪᠤᠶᠤ ᠣᠯᠠᠭᠠᠨ ᠦᠩᠬᠡ ᠶᠢᠨ ᠨᠢᠯᠳᠡᠭᠠᠢ ᠴᠢᠨᠠᠷ ᠲᠠᠢ ᠱᠦᠬᠦᠷᠡᠳᠡᠰᠦ ᠭᠤᠭᠤᠵᠢᠨ᠎ᠠ᠃ ᠠᠩᠬ᠎ᠠ ᠨᠡᠷᠪᠡᠭᠳᠡᠭᠰᠡᠨ ᠰᠦᠷᠦᠭ ᠤᠨ ᠬᠡᠭᠡᠯ ᠬᠠᠶᠠᠬᠤ ᠨᠢ ᠨᠡᠯᠢᠶᠡᠳ ᠣᠯᠠᠨ ᠪᠠᠶᠢᠵᠤ᠂ ᠬᠠᠭᠤᠴᠢᠨ ᠬᠢᠵᠢᠭ ᠤᠨ ᠣᠷᠣᠨ ᠤ ᠮᠠᠯ ᠰᠦᠷᠦᠭ ᠤᠨ ᠬᠡᠭᠡᠯ ᠬᠠᠶᠠᠬᠤ ᠨᠢ ᠴᠦᠬᠡᠨ ᠪᠤᠯᠪᠠᠴᠣ ᠰᠠᠪᠠ ᠶᠢᠨ ᠲᠣᠳᠤᠷ ᠪᠦᠷᠬᠦᠬᠦᠯ ᠤᠨ ᠦᠷᠪᠢᠰᠦᠯ᠂ ᠲᠡᠯᠡᠩ ᠤᠨ ᠦᠷᠪᠢᠰᠦᠯ᠂ ᠦᠶ᠎ᠡ ᠭᠡᠰᠢᠬᠦᠨ ᠤ ᠦᠷᠪᠢᠰᠦᠯ᠂ ᠬᠠᠯᠢᠶᠠᠷ ᠨᠢ ᠰᠠᠭᠠᠳᠠᠬᠤ ᠂ ᠬᠡᠭᠡᠯ ᠲᠣᠭᠲᠠᠬᠤ ᠦᠬᠡᠢ ᠨᠢ ᠣᠯᠠᠨ ᠪᠣᠯᠳᠠᠭ᠃ ᠦᠷ᠎ᠡ ᠮᠠᠯ ᠨᠢ ᠣᠯᠠᠩᠬᠢ ᠳᠠᠭᠠᠨ ᠲᠦᠮᠦᠰᠦᠨ ᠤ ᠦᠷᠪᠢᠰᠦᠯ᠂ ᠲᠠᠭᠠᠯᠲᠠ ᠲᠦᠮᠦᠰᠦᠨ ᠤ ᠦᠷᠪᠢᠰᠦᠯ ᠪᠤᠶᠤ ᠦᠶ᠎ᠡ ᠬᠡᠰᠢᠬᠦᠨ ᠤ ᠦᠷᠪᠢᠰᠦᠯ ᠡᠬᠦᠰᠳᠡᠭ᠃      ★ᠨᠢᠭᠤᠭᠳᠠᠮᠠᠯ ᠬᠤᠭᠤᠴᠠᠭ᠎ᠠ᠄ ᠬᠠᠭᠠᠰ ᠰᠠᠷ᠎ᠠ᠃ ᠣᠷᠳᠣ ᠨᠢ ᠬᠠᠭᠠᠰ ᠵᠢᠯ᠂ ᠨᠢᠭᠡ ᠵᠢᠯ᠂ ᠴᠢᠨᠠᠭᠰᠢᠯᠠᠪᠠᠯ ᠬᠡᠳᠦᠨ ᠵᠢᠯ ᠪᠠᠶᠢᠵᠤ᠂ ᠪᠠᠰᠠ ᠵᠠᠷᠢᠮ ᠨᠢ ᠢᠯᠡᠷᠡᠯ ᠥᠬᠡᠶ ᠨᠢᠭᠤᠭᠳᠠᠵᠤ ᠮᠡᠳᠡᠨ᠎ᠡ  ᠃      ★ᠰᠡᠷᠭᠡᠶᠢᠯᠡᠬᠦ᠄      1. ᠵᠢᠯ ᠪᠤᠯᠭᠠᠨ ᠳᠤ ᠲᠤᠭᠳᠠᠮᠠᠯ ᠬᠤᠭᠤᠴᠠᠭ᠎ᠠ ᠲᠠᠢ ᠪᠠᠷ ᠬᠢᠵᠢᠭ ᠤᠨ ᠪᠠᠶᠢᠴᠠᠭᠠᠯᠳᠠ ᠬᠢᠵᠤ᠂ ᠡᠪᠡᠳᠴᠢᠨ  ᠲᠠᠢ ᠮᠠᠯ ᠢᠯᠡᠷᠡᠪᠡᠯ ᠲᠠᠷᠦᠢ ᠲᠦᠷᠬᠡᠨ ᠲᠡᠬᠡᠳᠦ ᠱᠠᠳᠣᠨ ᠤ ᠮᠠᠯ ᠡᠮᠨᠡᠯᠬᠡ ᠶᠢᠨ ᠪᠠᠶᠢᠭᠤᠯᠭ᠎ᠠ ᠳᠤ ᠮᠡᠳᠡᠬᠦᠯᠵᠤ ᠰᠢᠢᠳᠪᠦᠷᠢᠯᠡᠨ᠎ᠡ᠃      2. ᠡᠪᠡᠳᠴᠢᠨ ᠲᠠᠢ ᠮᠠᠯ ᠤᠨ ᠲᠡᠵᠢᠬᠡᠨ ᠠᠷᠠᠴᠢᠯᠠᠬᠤ ᠤᠷᠴᠢᠨ ᠲᠤᠭᠤᠷᠢᠨ ᠪᠠ ᠪᠠᠭᠠᠵᠢ ᠬᠡᠷᠡᠭᠰᠡᠯ ᠢ 10% ᠶᠢᠨ ᠴᠤᠬᠤᠢ ᠶᠢᠨ ᠴᠠᠶᠢᠳᠠᠮ ᠪᠤᠶᠤ 5% ᠶᠢᠨ ᠣᠰᠣᠮᠠᠭᠳᠣ ᠨᠠᠲᠷᠢ ᠶᠢᠨ ᠠᠭᠤᠰᠤᠮᠠᠯ ᠢᠶᠠᠷ ᠲᠤᠶᠢᠯᠪᠤᠷᠢᠳᠡᠢ ᠠᠷᠢᠭᠤᠳᠬᠠᠵᠤ᠂ ᠡᠪᠡᠳᠴᠢᠨ ᠲᠠᠢ ᠮᠠᠯ ᠤᠨ ᠢᠯᠭᠠᠳᠠᠰᠣ ᠶᠢ ᠭᠦᠨ ᠪᠤᠯᠠᠨ᠎ᠠ᠃      3. ᠬᠢᠵᠢᠭᠲᠦ ᠣᠷᠣᠨ ᠠᠴᠠ ᠮᠠᠯ ᠤᠨᠤᠭ᠎ᠠ ᠣᠷᠣᠭᠤᠯᠬᠤ ᠶᠢ ᠴᠢᠩᠭ᠎ᠠ ᠴᠠᠭᠠᠵᠠᠯᠠᠵᠤ᠂  ᠭᠠᠳᠠᠷ ᠣᠷᠣᠨ ᠠᠴᠠ ᠮᠠᠯ ᠤᠨᠤᠭ᠎ᠠ ᠣᠷᠣᠭᠤᠯᠬᠤ ᠳᠤ ᠡᠷᠬᠡᠪᠰᠢ ᠬᠤᠶᠠᠷ ᠣᠳᠠᠭ᠎ᠠ ᠬᠢᠵᠢᠭ ᠤᠨ ᠪᠠᠶᠢᠴᠠᠭᠠᠯᠳᠠ ᠬᠢᠵᠤ᠂ ᠬᠠᠮᠢᠶᠠᠳᠠᠢ ᠳᠦᠷᠢᠮ ᠲᠤᠭᠳᠠᠭᠠᠯ ᠶᠤᠰᠣᠭᠠᠷ ᠮᠡᠳᠡᠭᠦᠯᠦᠨ ᠵᠥᠪᠰᠢᠶᠡᠷᠡᠭᠦᠯᠵᠦ ᠪᠠᠶᠢᠴᠠᠭᠠᠨ ᠲᠤᠰᠠᠭᠠᠷᠯᠠᠬᠤ ᠬᠡᠷᠡᠭᠲᠡᠶ᠃      4. ᠪᠷᠦ᠋ᠼᠧᠯ ᠡᠪᠡᠳᠴᠢᠨ ᠢ ᠰᠡᠷᠬᠡᠶᠢᠯᠡᠬᠦ ᠲᠠᠷᠢᠯᠭ᠎ᠠ ᠶᠢᠨ ᠠᠵᠢᠯ ᠢ ᠥᠷᠨᠢᠭᠦᠯᠵᠦ᠂ ᠨᠢᠭᠲᠠᠴᠠ ᠶᠢ 100 %   ᠳᠤ ᠬᠦᠷᠬᠡᠨ᠂ ᠴᠢᠨᠠᠷᠴᠠ ᠶᠢ ᠪᠠᠷᠢᠮᠵᠢᠶ᠎ᠡ ᠳᠤ ᠬᠦᠷᠦᠭᠦᠯᠦᠨ᠎ᠡ᠃       ︵ᠬᠤᠶᠠᠷ︶ ᠬᠦᠮᠦᠨ ᠤ ᠪᠷᠦ᠋ᠼᠧᠯ ᠡᠪᠡᠳᠴᠢᠨ᠄      ★ᠭᠤᠤᠯ ᠢᠯᠡᠷᠡᠯ᠄ ᠲᠤᠰ ᠡᠪᠡᠳᠴᠢᠨ ᠳᠤ ᠨᠡᠷᠪᠡᠭᠳᠡᠪᠡᠯ᠂ ᠪᠡᠶ᠎ᠡ ᠶᠢᠨ ᠳᠤᠯᠠᠭᠠᠨ ᠨᠢ 38 - 40 ᠭᠷᠠᠳᠦ᠋ᠰ ᠬᠦᠷᠦᠨ᠎ᠡ᠃ ᠵᠠᠷᠢᠮ ᠨᠢ 37 - 38 ᠭᠷᠠᠳᠦ᠋ᠰ ᠤᠨ ᠬᠤᠭᠤᠷᠣᠨᠳᠣ ᠬᠡᠯᠪᠡᠯᠵᠡᠵᠦ᠂ ᠳᠠᠬᠢᠨ ᠳᠠᠪᠲᠠᠨ ᠬᠠᠯᠠᠭᠤᠷᠠᠳᠠᠭ᠃ ᠤᠷᠲᠤ ᠬᠤᠭᠤᠴᠠᠭ᠎ᠠ ᠪᠠᠷ ᠳᠣᠣᠷ᠎ᠠ ᠬᠠᠯᠠᠭᠤᠷᠠᠬᠤ ᠨᠢ ᠠᠷᠪᠢᠨ᠃ ᠨᠥᠭᠦᠭᠡ ᠨᠢᠭᠡ ᠣᠨᠴᠠᠯᠢᠭ ᠨᠢ ᠶᠡᠭᠡ ᠬᠦᠯᠦᠷᠡᠨ᠎ᠡ᠂ ᠢᠯᠠᠩᠭᠤᠶ᠎ᠠ ᠡᠪᠡᠳᠴᠢᠨ ᠤ ᠡᠬᠢᠨ ᠤ ᠬᠤᠭᠤᠴᠠᠭᠠᠨ ᠳᠤ ᠣᠷᠣᠢ ᠦᠳᠡᠰᠢ ᠪᠤᠯᠬᠤ ᠪᠠᠷ ᠬᠦᠯᠦᠷᠡᠬᠦ ᠨᠢ ᠠᠬᠠᠳᠠᠵᠤ᠂ ᠨᠢᠯᠳᠠᠭᠠᠢ ᠬᠦᠯᠦᠰᠦ ᠭᠠᠷᠤᠨ᠂ ᠣᠨᠴᠠᠭᠠᠶᠢᠯᠠᠨ ᠲᠣᠯᠣᠭᠠᠢ ᠴᠡᠭᠡᠵᠢᠨ ᠤ ᠬᠡᠰᠡᠭ ᠢᠶᠠᠷ ᠢᠯᠡᠬᠦᠦ ᠬᠦᠯᠦᠷᠡᠨ᠎ᠡ᠃      ★ᠨᠦᠯᠦᠬᠡᠯᠡᠭᠳᠡᠬᠦ ᠲᠤᠳᠤᠷ ᠡᠷᠬᠡᠳᠡᠨ᠄      ᠬᠥᠳᠡᠯᠭᠡᠭᠡᠨ ᠤ ᠰᠢᠰᠲ᠋ᠧᠮ᠄ ᠡᠪᠡᠳᠴᠢᠳᠡᠨ ᠤ ᠦᠶ᠎ᠡ ᠬᠡᠰᠢᠬᠦᠦ ᠡᠪᠡᠳᠴᠦ ᠬᠠᠪᠤᠳᠬᠤ ᠢᠯᠡᠷᠡᠯ ᠲᠠᠢ ᠪᠠᠶᠢᠵᠤ ᠂ ᠦᠶ᠎ᠡ ᠬᠡᠰᠢᠬᠦᠦ ᠶᠢᠨ ᠬᠥᠳᠡᠯᠭᠡᠭᠡᠨ ᠤ ᠰᠠᠭᠠᠲᠠᠯ ᠲᠠᠢ ᠬᠡᠰᠡᠭ ᠨᠢ ᠣᠯᠠᠩᠬᠢ ᠳᠠᠭᠠᠨ ᠨᠢᠷᠤᠭᠤ᠂ ᠤᠭᠤᠴᠠ᠂ ᠰᠡᠭᠦᠵᠢ᠂ ᠮᠥᠷᠥ᠂ ᠲᠣᠬᠤᠢ᠂ ᠡᠪᠦᠳᠦᠭ ᠵᠡᠷᠭᠡ ᠲᠣᠮᠣ ᠦᠶ᠎ᠡ ᠳᠤ ᠣᠯᠠᠨ ᠲᠤᠬᠢᠶᠠᠯᠳᠣᠨ᠂ ᠵᠠᠷᠢᠮ ᠨᠢ ᠬᠡᠷᠡᠬᠦ ᠡᠪᠡᠳᠴᠢᠨ ᠭᠡᠵᠦ ᠪᠤᠷᠤᠭᠤ ᠣᠨᠣᠰᠢᠯᠠᠳᠠᠭ᠃      ᠠᠮᠢᠰᠬᠤᠯ ᠤᠨ ᠰᠢᠰᠲ᠋ᠧᠮ᠄ ᠬᠡᠰᠡᠭ ᠡᠪᠡᠳᠴᠢᠲᠡᠨ ᠵᠠᠪᠰᠠᠷ ᠤᠨ ᠴᠢᠨᠠᠷᠲᠠᠢ ᠠᠭᠤᠰᠬᠢᠨ ᠦᠷᠪᠢᠰᠦᠯ ᠡᠭᠦᠰᠴᠦ ᠬᠠᠨᠢᠶᠠᠯᠭᠠᠨ᠎ᠠ  ᠃      ᠰᠢᠩᠭᠡᠭᠡᠯᠲᠡ ᠶᠢᠨ ᠰᠢᠰᠲ᠋ᠧᠮ᠄ ᠴᠣᠴᠢᠮᠠᠭ ᠬᠤᠭᠤᠴᠠᠭᠠᠨ ᠤ ᠡᠪᠡᠳᠴᠢᠲᠡᠨ ᠤ ᠣᠨᠴᠠ ᠵᠠᠷᠢᠮ ᠨᠢ ᠡᠯᠢᠭᠡᠨ ᠤ ᠭᠡᠮᠲᠦᠯ ᠪᠣᠯᠵᠤ᠂ ᠰᠢᠭᠡᠰᠦ ᠰᠢᠷᠠᠯᠠᠬᠤ᠂ ᠤᠭᠤᠷᠠᠭ ᠪᠦᠷᠬᠦᠪᠴᠢ ᠰᠢᠷᠠᠯᠠᠬᠤ᠂ ᠢᠳᠡᠭᠡᠨ ᠤ ᠳᠤᠷᠠᠰᠢᠯ ᠮᠠᠭᠤᠳᠠᠬᠤ ᠵᠡᠷᠭᠡ ᠰᠢᠨᠵᠢ ᠢᠯᠡᠷᠡᠨ᠎ᠡ  ᠃      ᠰᠢᠬᠡᠰᠦᠨ ᠵᠠᠮ ᠤᠨ ᠰᠢᠰᠲ᠋ᠧᠮ ᠪᠠ ᠦᠷᠡᠵᠢᠯ ᠤᠨ ᠰᠢᠰᠲ᠋ᠧᠮ᠄ ᠡᠷᠡᠭᠲᠡᠢ ᠡᠪᠡᠳᠴᠢᠲᠡᠨ ᠲᠥᠮᠥᠰᠥᠨ ᠤ ᠦᠷᠪᠢᠰᠦᠯ ᠪᠤᠶᠤ ᠳᠠᠭᠠᠯᠲᠠ ᠲᠥᠮᠥᠰᠥᠨ ᠤ ᠦᠷᠪᠢᠰᠦᠯ ᠠᠴᠠ ᠪᠣᠯᠵᠤ ᠲᠥᠮᠥᠰᠥ ᠡᠪᠡᠳᠬᠦ ᠪᠠ ᠲᠠᠪᠤᠰᠠᠩ ᠤᠨ ᠬᠡᠰᠡᠭ‌ᠡᠪᠡᠳᠬᠦ ᠢᠯᠡᠷᠡᠯ ᠲᠠᠢ᠃ ᠤᠳᠠᠭᠠᠨ ᠴᠢᠨᠠᠷᠲᠠᠢ ᠪᠤᠯᠪᠠᠯ ᠦᠷ᠎ᠡ ᠶᠢᠨ ᠬᠥᠪᠴᠢ ᠶᠢᠨ ᠮᠡᠳᠡᠷᠡᠯ ᠡᠪᠡᠳᠬᠦ ᠪᠠᠶᠢᠳᠠᠯ ᠢᠯᠡᠷᠡᠵᠦ᠂ ᠡᠷ᠎ᠡ ᠪᠡᠯᠭᠡ ᠶᠢᠨ ᠰᠤᠯᠠᠷᠠᠯ᠂ ᠳᠤᠰᠤᠯ ᠠᠯᠳᠠᠬᠤ᠂ ᠪᠡᠯᠭᠡ ᠶᠢᠨ ᠠᠵᠢᠯᠯᠠᠭ᠎ᠠ ᠮᠠᠭᠤᠳᠠᠬᠤ ᠵᠡᠷᠭᠡ ᠢᠯᠡᠷᠡᠯ ᠭᠠᠷᠳᠠᠭ᠃ ᠡᠮᠡᠭᠲᠡᠢ ᠡᠪᠡᠳᠴᠢᠲᠡᠨ ᠤ ᠬᠥᠬᠦ ᠬᠠᠪᠤᠳᠴᠤ ᠡᠪᠡᠳᠬᠦ᠂ ᠨᠢᠷᠤᠭᠤ ᠡᠪᠡᠳᠬᠦ᠂ ᠲᠠᠪᠤᠰᠠᠩ ᠤᠨ ᠬᠡᠰᠡᠭ ᠡᠪᠡᠳᠬᠦ᠂ ᠰᠠᠷ᠎ᠠ ᠶᠢᠨ ᠭᠬᠢᠷ ᠲᠡᠭᠰᠢ ᠦᠭᠡᠢ ᠪᠣᠯᠬᠤ᠂ ᠰᠠᠷ᠎ᠠ ᠶᠢᠨ ᠭᠬᠢᠷ ᠬᠤᠷᠢᠭᠳᠠᠬᠤ ᠪᠤᠶᠤ ᠴᠢᠰᠤ ᠶᠡᠭᠡ ᠭᠠᠷᠬᠤ᠂ ᠴᠠᠭᠠᠨ ᠭᠬᠢᠷ ᠬᠡᠲᠦᠷᠬᠡᠢ ᠠᠷᠪᠢᠨ ᠪᠣᠯᠬᠤ᠂ ᠬᠤᠷᠢᠴᠠᠯ ᠤᠨ ᠳᠤᠷᠠᠰᠢᠯ ᠮᠠᠭᠤᠳᠠᠬᠤ᠂ ᠡᠷᠲᠡ ᠬᠥᠩᠭᠡᠵᠢᠬᠦ᠂ ᠤᠷᠤᠭ ᠤᠨᠠᠭᠠᠬᠤ᠂ ᠬᠦᠪᠦᠷᠡᠯ ᠦᠬᠦᠬᠦ ᠵᠡᠷᠭᠡ‌ᠢᠯᠡᠷᠡᠯ ᠲᠠᠢ᠃ ᠪᠠᠰᠠ ᠪᠥᠭᠡᠷᠡᠨ ᠤ ᠦᠷᠪᠢᠰᠦᠯ᠂ ᠳᠠᠪᠤᠰᠠᠩ ᠤᠨ ᠦᠷᠪᠢᠰᠦᠯ ᠡᠭᠦᠰᠦᠨ᠎ᠡ  ᠃      ★ ᠬᠠᠯᠳᠠᠪᠤᠷᠢᠯᠠᠬᠤ ᠵᠠᠮ᠄ ᠭᠤᠤᠯᠳᠠᠭᠤ ᠰᠢᠩᠭᠡᠭᠡᠯᠲᠡ ᠶᠢᠨ ᠵᠠᠮ ᠢᠶᠠᠷ ᠬᠠᠯᠳᠠᠪᠤᠷᠢᠯᠡᠨ᠎ᠡ᠂ ᠡᠪᠡᠳᠴᠢᠨ ᠤ ᠪᠠᠺᠲ᠋ᠧᠷᠢ ᠲᠠᠢ‌ᠢᠳᠡᠭᠡᠨ᠂ ᠤᠰᠤ ᠪᠤᠶᠤ ᠲᠦᠭᠦᠬᠡᠶ ᠰᠦ᠂ ᠱᠦᠬᠦᠷᠬᠡᠢ ᠲᠠᠢ ᠮᠢᠬ᠎ᠠ᠂ ᠳᠣᠲᠣᠷ ᠡᠷᠬᠡᠲᠡᠨ ᠢ ᠢᠳᠡᠬᠦ ᠠᠴᠠ ᠪᠤᠯᠵᠤ ᠬᠠᠯᠳᠠᠪᠤᠷᠢᠯᠠᠨ᠎ᠠ᠃ ᠲᠦᠯ ᠲᠤᠰᠬᠤ᠂ ᠬᠠᠯᠢᠶᠠᠷ ᠢ ᠠᠷᠢᠯᠭᠠᠬᠤ ᠪᠤᠯᠤᠨ ᠲᠡᠵᠢᠬᠡᠨ ᠠᠷᠠᠴᠢᠯᠠᠬᠤ ᠂ ᠰᠦ ᠰᠠᠭᠠᠬᠤ᠂ ᠨᠣᠣᠰᠣ ᠬᠠᠶᠢᠴᠢᠯᠠᠬᠤ᠂ ᠠᠯᠠᠵᠤ ᠨᠢᠳᠣᠯᠠᠬᠤ᠂ ᠠᠷᠠᠰᠣ ᠨᠣᠣᠰᠣ ᠮᠢᠬ᠎ᠠ ᠪᠤᠯᠪᠠᠰᠣᠷᠠᠭᠤᠯᠬᠤ ᠶᠠᠪᠤᠴᠠ ᠳᠤ ᠰᠢᠭᠤᠳ ᠬᠦᠷᠦᠯᠴᠡᠪᠡᠯ ᠠᠷᠠᠰᠣᠨ ᠤ ᠰᠢᠷᠬ᠎ᠠ᠂ ᠨᠢᠳᠣᠨ ᠵᠦᠪᠬᠢᠨ ᠤ ᠰᠠᠯᠢᠰᠣᠯᠢᠭ ᠪᠦᠷᠬᠦᠪᠴᠢ ᠪᠠᠷ ᠲᠡᠮᠵᠢᠵᠤ ᠬᠠᠯᠳᠠᠪᠤᠷᠢᠯᠡᠨ᠎ᠡ᠃ ᠡᠪᠡᠳᠴᠢᠨ ᠲᠠᠢ ᠮᠠᠯ ᠤᠨ ᠪᠤᠬᠢᠷᠳᠠᠭᠤᠯᠤᠭᠰᠠ ᠣᠷᠴᠢᠨ ᠲᠤᠭᠤᠷᠢᠨ ᠪᠠ ᠪᠤᠳᠠᠰ ᠲᠠᠢ ᠳᠠᠮ ᠬᠦᠷᠦᠯᠴᠡᠬᠦ ᠪᠠᠷ ᠬᠠᠯᠳᠠᠪᠤᠷᠢᠯᠠᠵᠤ ᠮᠡᠳᠡᠨ᠎ᠡ᠃ ᠪᠠᠰᠠ ᠠᠮᠢᠰᠬᠤᠯ ᠤᠨ ᠵᠠᠮ ᠢᠶᠠᠷ ᠴᠦ  ᠬᠠᠯᠳᠠᠪᠤᠷᠢᠯᠠᠳᠠᠭ᠃      ★ᠬᠤᠪᠢ ᠪᠡᠶ᠎ᠡ ᠶᠢᠨ ᠬᠠᠮᠠᠭᠠᠯᠠᠯᠲᠠ᠄ ᠲᠥᠯ ᠲᠤᠰᠬᠤ ᠦᠶ᠎ᠡ ᠳᠤ᠂ ᠬᠡᠭᠡᠯ᠂ ᠬᠠᠯᠢᠶᠠᠷ᠂ ᠰᠡᠯᠡᠢ ᠪᠤᠶᠤ ᠦᠬᠦᠭᠰᠡᠨ ᠬᠦᠪᠦᠷᠡᠯ ᠢ ᠳᠤᠷ᠎ᠠ ᠪᠠᠷ ᠢᠶᠠᠨ ᠣᠷᠬᠢᠬᠤ ᠦᠭᠡᠶ᠂ ᠬᠤᠤᠷ ᠦᠬᠡᠶᠢᠵᠢᠬᠦᠯᠦᠨ ᠰᠢᠢᠳᠪᠦᠷᠢᠯᠡᠭᠰᠡᠨ ᠪᠠᠶᠢᠬᠤ ᠬᠡᠷᠡᠭᠳᠡᠢ᠃ ᠬᠦᠮᠦᠨ ᠮᠠᠯ ᠬᠤᠯᠢᠯᠳᠤᠨ ᠰᠠᠭᠤᠵᠤ ᠪᠣᠯᠬᠤ ᠦᠭᠡᠶ᠂ ᠬᠥᠮᠦᠨ ᠮᠠᠯ ᠤᠨ ᠣᠰᠣ ᠤᠮᠳᠠ ᠰᠠᠪᠠ ᠰᠠᠭᠤᠯᠭ᠎ᠠ ᠶᠢ ᠲᠤᠰᠠᠭᠠᠷᠯᠠᠬᠤ ᠬᠡᠷᠡᠭᠲᠡᠶ︔ ᠭᠠᠷ ᠢᠶᠠᠨ ᠦᠷᠭᠦᠯᠵᠢ ᠤᠬᠢᠶᠠᠵᠤ᠂ ᠪᠤᠴᠠᠯᠤᠭᠰᠠᠨ ᠤᠰᠤ ᠤᠤᠭᠤᠵᠤ᠂ ᠪᠤᠯᠭᠤᠭᠰᠠᠨ ᠢᠳᠡᠭᠡᠨ ᠢᠳᠡᠨ᠎ᠡ︔ ᠲᠦᠯ ᠲᠤᠰᠬᠤ ᠪᠠ ᠮᠠᠯ ᠨᠢᠳᠣᠯᠠᠬᠤ ᠳᠤ ᠠᠮᠠᠪᠴᠢ ᠪᠡᠬᠡᠯᠡᠢ ᠨᠢᠳᠦᠨ ᠰᠢᠯ ᠵᠡᠭᠦᠵᠦ᠂ ᠬᠤᠪᠢ ᠪᠡᠶ᠎ᠡ ᠶᠢᠨ ᠬᠠᠮᠠᠭᠠᠯᠠᠯᠲᠠ ᠶᠢ ᠰᠠᠶᠢᠲᠤᠷ ᠬᠢᠬᠦ ᠬᠡᠷᠡᠭᠲᠡᠶ᠃ ᠬᠡᠷᠪᠡ ᠪᠷᠦ᠋ᠼᠧᠯ ᠡᠪᠡᠳᠴᠢᠨ ᠳᠤ ᠬᠠᠯᠳᠠᠪᠤᠷᠢᠯᠠᠭᠳᠠᠭᠰᠠᠨ ᠭᠡᠵᠦ ᠰᠡᠵᠢᠭᠯᠡᠪᠡᠯ ᠳᠠᠷᠤᠶ ᠲᠦᠷᠭᠡᠨ ᠲᠤᠬᠠᠶ ᠶᠢᠨ ᠭᠠᠵᠠᠷ ᠤᠨ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠳᠤ ᠬᠦᠷᠴᠦ ᠪᠠᠶᠢᠴᠠᠭᠠᠯᠭᠠᠨ ᠡᠮᠨᠡᠭᠦᠯᠬᠦ ᠬᠡᠷᠡᠭᠲᠡᠶ᠃
 
ᠢᠷᠡᠯᠲᠡ᠄ ᠭᠠᠬᠢᠯ ᠰᠣᠮᠣ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号