ᠡᠪᠦᠯ ᠤᠨ ᠤᠯᠠᠷᠢᠯ ᠳᠤ ᠵᠤᠭᠠᠴᠠᠬᠤ ᠳᠤ ᠠᠩᠬᠠᠷᠬᠤ ᠴᠢᠬᠤᠯᠠᠳᠠᠢ ᠵᠦᠢᠯᠡᠰ
ᠨᠡᠶᠢᠲᠡᠯᠡᠭᠰᠡᠨ ᠴᠠᠭ᠄
2021/1/21
      ᠡᠪᠦᠯ ᠤᠨ ᠤᠯᠠᠷᠢᠯ ᠳᠤ ᠭᠠᠳᠠᠭᠰᠢ ᠭᠠᠷᠴᠤ ᠵᠤᠭᠠᠴᠠᠬᠤ ᠨᠢ ᠪᠤᠰᠤᠳ ᠭᠤᠷᠪᠠᠨ ᠤᠯᠠᠷᠢᠯ ᠳᠤ ᠵᠤᠭᠠᠴᠠᠬᠤ ᠲᠠᠢ ᠠᠳᠠᠯᠢᠳᠬᠠᠪᠠᠯ ᠣᠯᠠᠨ ᠣᠨᠴᠠᠭᠠᠶ ᠲᠤᠬᠢᠶᠠᠯᠳᠤᠯ ᠲᠠᠢ ᠪᠠᠶᠢᠳᠠᠭ᠃ ᠢᠯᠠᠩᠭᠤᠶ᠎ᠠ ᠤᠮᠠᠷᠠᠲᠤ ᠣᠷᠣᠨ ᠤ ᠡᠪᠦᠯ ᠤᠨ ᠤᠯᠠᠷᠢᠯ ᠬᠦᠢᠳᠡᠨ᠂ ᠴᠠᠰᠤ ᠮᠦᠰᠦ ᠲᠠᠢ ᠲᠤᠯᠠ ᠪᠢᠳᠡ ᠴᠠᠭ ᠠᠭᠤᠷ ᠤᠨ ᠪᠠᠶᠢᠳᠠᠯ ᠢ ᠠᠩᠬᠠᠷᠴᠤ᠂ ᠪᠠᠴᠢᠮ ᠪᠠᠶᠢᠳᠠᠯ ᠢ ᠠᠷᠭᠠᠴᠠᠬᠤ ᠠᠷᠭ᠎ᠠ ᠶᠢ ᠡᠵᠡᠮᠰᠢᠪᠡᠯ ᠵᠤᠬᠢᠨ᠎ᠠ᠃        1᠂ ᠬᠤᠪᠴᠠᠰᠤ ᠬᠤᠨᠠᠷ ᠢᠶᠠᠨ ᠵᠦᠪ ᠰᠤᠩᠭᠤᠵᠤ ᠪᠡᠶ᠎ᠡ ᠪᠠᠨ ᠲᠤᠯᠠᠭᠠᠯᠠᠨ᠎ᠠ᠃ ᠡᠪᠦᠯ ᠤᠨ ᠤᠯᠠᠷᠢᠯ ᠳᠤ ᠭᠠᠳᠠᠨ᠎ᠠ ᠶᠠᠪᠤᠵᠤ ᠰᠠᠭᠤᠬᠤ ᠳᠤ ᠬᠠᠮᠤᠭ ᠤᠨ ᠴᠢᠬᠤᠯᠠ ᠨᠢ ᠳᠤᠯᠠᠭᠠᠯᠠᠭ᠎ᠠ ᠪᠣᠯᠤᠨ᠎ᠠ᠃ ᠵᠥᠭᠡᠯᠡᠨ ᠮᠦᠷᠳᠡᠭᠡᠨ ᠵᠤᠵᠠᠭᠠᠨ ᠬᠤᠪᠴᠠᠰᠤ ᠡᠮᠦᠰᠴᠤ᠂ ᠪᠡᠭᠡᠯᠡᠢ᠂ ᠮᠠᠯᠠᠭᠠᠢ᠂ ᠬᠦᠵᠦᠭᠦᠨ ᠤ ᠣᠷᠢᠶᠠᠯᠲᠠ ᠵᠡᠭᠦᠨ᠎ᠡ᠃ ᠦᠰᠦ ᠨᠤᠤᠰᠤ ᠲᠠᠢ ᠮᠦᠷᠳᠡᠭᠡᠨ ᠬᠠᠯᠳᠤᠷᠢᠬᠤ ᠶᠢ ᠰᠡᠷᠭᠡᠶᠢᠯᠡᠬᠦ ᠱᠠᠬᠠᠶ ᠡᠮᠦᠰᠦᠨ᠎ᠡ᠃ ᠢᠡᠭᠬᠢᠪᠡᠯ ᠮᠥᠰᠥ ᠴᠠᠰᠤᠨ ᠳᠤ ᠬᠠᠯᠳᠤᠷᠢᠵᠤ ᠣᠶᠢᠴᠢᠬᠤ ᠶᠢ ᠰᠡᠷᠭᠡᠶᠢᠯᠡᠵᠦ ᠴᠢᠳᠠᠬᠤ ᠪᠦᠭᠡᠳ ᠠᠭᠤᠯᠠ ᠠᠪᠠᠷᠢᠵᠤ ᠶᠠᠪᠤᠬᠤ ᠳᠤ ᠴᠤ ᠠᠰᠢᠭᠲᠠᠶ ᠪᠠᠶᠢᠳᠠᠭ᠃ ᠡᠭᠦᠨ ᠤ ᠬᠠᠮᠲᠤ ᠪᠠᠰᠠ ᠢᠯᠡᠭᠦᠦ ᠬᠡᠳᠦᠨ ᠵᠠᠬ᠎ᠠ ᠵᠤᠵᠠᠭᠠᠨ ᠬᠤᠪᠴᠠᠰᠤ ᠠᠪᠴᠤ ᠶᠠᠪᠤᠬᠤ ᠬᠡᠷᠡᠭᠲᠡᠢ᠂ ᠬᠥᠯᠥᠰᠥ ᠭᠠᠳᠠᠭᠰᠢᠯᠠᠭᠤᠯᠬᠤ ᠴᠢᠳᠠᠪᠤᠷᠢ ᠪᠠᠷ ᠠᠨᠠᠢ ᠬᠤᠪᠴᠠᠰᠤ ᠡᠮᠦᠰᠴᠦ ᠪᠣᠯᠬᠤ ᠦᠭᠡᠢ᠃      2᠂ ᠠᠷᠠᠰᠤ ᠪᠠᠨ ᠬᠠᠮᠠᠭᠠᠯᠠᠨ᠎ᠠ᠃ ᠡᠪᠦᠯ ᠤᠨ ᠤᠯᠠᠷᠢᠯ ᠤᠨ ᠠᠭᠠᠷ ᠤᠨ ᠳᠤᠯᠠᠭᠠᠨ ᠳᠣᠣᠷ᠎ᠠ᠂ ᠭᠠᠩ ᠬᠠᠭᠤᠷᠠᠶ ᠮᠥᠷᠲᠡᠭᠡᠨ ᠰᠠᠯᠬᠢ ᠶᠡᠭᠡ᠃ ᠲᠡᠶᠢᠮᠦ ᠠᠴᠠ ᠲᠣᠰᠣᠯᠢᠭ ᠴᠢᠨᠠᠷ ᠢᠶᠠᠷ ᠨᠡᠯᠢᠶᠡᠳ ᠵᠦᠭᠡᠷ᠂ ᠤᠰᠤ ᠨᠦᠭᠦᠪᠦᠷᠢᠯᠡᠬᠦ ᠴᠢᠨᠠᠷ ᠢᠶᠠᠷ ᠰᠠᠶᠢᠨ ᠠᠷᠠᠰᠤ ᠬᠠᠮᠠᠭᠠᠯᠠᠬᠤ ᠡᠳ᠋ ᠲᠦᠷᠬᠢᠵᠤ ᠠᠷᠠᠰᠤ ᠬᠦᠯᠳᠡᠵᠤ ᠬᠠᠭᠠᠷᠠᠬᠤ ᠶᠢ ᠰᠡᠷᠭᠡᠶᠢᠯᠡᠨ᠎ᠡ᠃ ᠡᠪᠦᠯ ᠤᠨ ᠤᠯᠠᠷᠢᠯ ᠤᠨ ᠬᠦᠷᠢᠨ ᠤ ᠭᠠᠳᠠᠨᠠᠬᠢ ᠲᠤᠶᠠᠭ᠎ᠠ ᠴᠤ ᠨᠡᠯᠢᠶᠡᠳ ᠴᠢᠩᠭ᠎ᠠ ᠪᠠᠶᠢᠳᠠᠭ ᠪᠣᠯᠬᠤᠷ ᠨᠠᠷᠠᠨ ᠳᠤ ᠰᠢᠷᠠᠭᠳᠠᠬᠤ ᠶᠢ ᠰᠡᠷᠭᠡᠶᠢᠯᠡᠬᠦ ᠲᠣᠰᠣ ᠶᠢ ᠵᠣᠬᠢᠬᠤ ᠬᠡᠮᠵᠢᠶ᠎ᠡ ᠪᠠᠷ ᠪᠡᠯᠡᠳᠬᠡᠵᠦ ᠪᠣᠯᠤᠨ᠎ᠠ᠃      3᠂ ᠨᠢᠳᠦ ᠪᠠᠨ ᠬᠠᠮᠠᠭᠠᠯᠠᠨ᠎ᠠ᠃ ᠨᠡᠷᠡᠨ ᠤ ᠰᠢᠯ ᠪᠡᠯᠡᠳᠬᠡᠵᠦ᠂ ᠴᠠᠰᠤᠨ ᠤ ᠣᠶᠢᠯᠲᠠ ᠶᠢᠨ ᠭᠡᠷᠡᠯ ᠨᠢᠳᠦ ᠬᠢᠯᠠᠰᠬᠤ ᠠᠴᠠ ᠰᠡᠷᠭᠡᠶᠢᠯᠡᠬᠦ ᠬᠡᠷᠡᠭᠲᠡᠢ᠃ ᠬᠠᠮᠤᠭ ᠰᠠᠶᠢᠨ ᠨᠢ ᠨᠢᠭᠤᠭᠳᠠᠮᠠᠯ ᠨᠢᠳᠦᠨ ᠰᠢᠯ ᠵᠡᠭᠦᠬᠦ ᠠᠴᠠ ᠵᠠᠶᠢᠯᠠᠰᠬᠢᠨ᠎ᠡ      4᠂ ᠬᠠᠯᠳᠤᠷᠢᠵᠤ ᠤᠢᠢᠴᠢᠬᠤ ᠶᠢ ᠰᠡᠷᠭᠡᠶᠢᠯᠡᠨ᠎ᠡ᠃ ᠮᠥᠰᠥᠨ ᠳᠡᠭᠡᠷ᠎ᠡ ᠠᠯᠬᠤᠬᠤ ᠳᠤ ᠡᠪᠦᠳᠦᠭ ᠢᠶᠠᠨ ᠵᠢᠭᠠᠬᠠᠨ ᠨᠤᠭᠤᠷᠠᠭᠤᠯᠵᠤ᠂ ᠪᠡᠶ᠎ᠡ ᠶᠢᠨ ᠬᠦᠨᠳᠦ ᠶᠢᠨ ᠲᠥᠪ ᠢᠶᠠᠨ ᠤᠷᠤᠭᠰᠢ ᠬᠡᠯᠪᠠᠶᠢᠯᠭᠡᠪᠡᠯ ᠠᠮᠠᠷᠬᠠᠨ ᠣᠶᠢᠴᠢᠬᠤ ᠥᠬᠡᠶ᠂ ᠪᠠᠰᠠ ᠪᠣᠳᠠᠲᠠᠶ ᠪᠠᠶᠢᠳᠠᠯ ᠢᠶᠠᠨ ᠦᠨᠳᠦᠰᠦᠯᠡᠨ ᠮᠥᠰᠥ ᠴᠠᠰᠤᠨ ᠤ ᠪᠠᠭᠠᠵᠢ ᠶᠢ ᠰᠣᠩᠭᠤᠨ ᠬᠡᠷᠡᠭᠯᠡᠵᠤ ᠪᠤᠯᠤᠨ᠎ᠠ᠃      5᠂ ᠭᠡᠷᠡᠯ ᠵᠢᠷᠤᠭ ᠤᠨ ᠮᠠᠰᠢᠨ ᠤ ᠳ᠋ᠢᠶᠠᠨ ᡂᠢ ᠶᠢᠨ ᠳᠤᠯᠠᠭᠠᠨ ᠢᠶᠠᠨ ᠬᠠᠮᠠᠭᠠᠯᠠᠨ᠎ᠠ᠃ ᠭᠡᠷᠡᠯ ᠵᠢᠷᠤᠭ ᠤᠨ ᠮᠠᠰᠢᠨ ᠳᠣᠲᠣᠷᠠᠬᠢ ᠳ᠋ᠢᠶᠠᠨ ᡂᠢ ᠨᠢ ᠳᠣᠣᠷ᠎ᠠ ᠳᠤᠯᠠᠭᠠᠨ ᠳᠤ ᠬᠡᠪ ᠤᠨ ᠶᠣᠰᠣᠭᠠᠷ ᠠᠵᠢᠯᠯᠠᠵᠤ ᠴᠢᠳᠠᠬᠤ ᠤᠶᠭᠡᠢ ᠪᠠᠶᠢᠳᠠᠭ᠃ ᠡᠶᠢᠮᠦ ᠠᠴᠠ ᠳᠤᠯᠠᠭᠠᠨ ᠤ ᠬᠡᠮᠵᠢᠶ᠎ᠡ ᠬᠡᠲᠦ ᠳᠣᠣᠷ᠎ᠠ ᠪᠠᠶᠢᠳᠠᠯ ᠳᠤ ᠪᠡᠶ᠎ᠡ ᠳᠡᠭᠡᠨ ᠨᠠᠭᠠᠯᠳᠤᠭᠰᠠᠨ ᠬᠠᠷᠮᠠᠨ ᠳᠠᠭᠠᠨ ᠢᠯᠡᠭᠦᠦ ᠨᠢᠭᠡ ᠳ᠋ᠢᠶᠠᠨ ᡂᠢ ᠠᠪᠴᠤ ᠪᠡᠶ᠎ᠡ ᠶᠢᠨ ᠲᠤᠯᠠᠭᠠᠨ ᠢᠶᠠᠷ ᠢᠶᠠᠨ ᠳ᠋ᠢᠶᠠᠨ ‍ᠤᠤᠢ ᠶᠢ ᠬᠠᠮᠠᠭᠠᠯᠠᠵᠤ ᠶᠠᠪᠤᠬᠤ ᠬᠡᠷᠡᠭᠲᠡᠢ᠃      6᠂ ᠠᠭᠤᠷ ᠠᠮᠢᠰᠬᠤᠯ ᠭᠡᠨᠡᠳᠲᠡ ᠬᠤᠪᠢᠷᠠᠬᠤ ᠦᠶᠡᠰ ︵ᠭᠡᠨᠡᠳᠲᠡ ᠶᠡᠭᠡ ᠰᠠᠯᠬᠢ ᠬᠥᠳᠡᠯᠬᠦ᠂ ᠠᠭᠠᠷ ᠤᠨ ᠳᠤᠯᠠᠭᠠᠨ ᠭᠡᠨᠡᠳᠲᠡ ᠪᠠᠭᠤᠷᠠᠬᠤ᠂ ᠴᠠᠰᠤ ᠬᠠᠶᠠᠯᠠᠬᠤ ᠵᠡᠷᠭᠡ︶ ᠭᠡᠷ ᠤᠨ ᠭᠠᠳᠠᠨ᠎ᠠ ᠬᠥᠳᠡᠯᠭᠡᠭᠡᠨ ᠬᠢᠬᠦ ᠪᠠᠨ ᠵᠣᠭᠰᠣᠭᠠᠵᠤ ᠪᠠᠴᠢᠮ ᠪᠠᠶᠢᠳᠠᠯ ᠢ ᠠᠷᠭᠠᠴᠠᠬᠤ ᠠᠷᠭ᠎ᠠ ᠬᠡᠮᠵᠢᠶ᠎ᠡ ᠠᠪᠤᠨ᠎ᠠ᠃ ᠡᠶᠢᠮᠦ ᠪᠠᠶᠢᠳᠠᠯ ᠲᠤᠤᠷ᠎ᠠ ᠭᠠᠭᠴᠠᠭᠠᠷ ᠬᠥᠳᠡᠯᠭᠡᠭᠡᠨ ᠬᠢᠬᠦ ᠪᠤᠶᠤ ᠭᠠᠭᠴᠠᠭᠠᠷ ᠵᠤᠭᠠᠴᠠᠨ ᠠᠶᠠᠯᠠᠬᠤ ᠦᠭᠡᠢ ᠪᠤᠯ ᠵᠤᠬᠢᠨ᠎ᠠ᠃      7᠂ ᠢᠳᠡᠭᠡᠨ ᠤᠮᠳᠠᠭᠠᠨ ᠢᠶᠠᠨ ᠰᠠᠶᠢᠬᠠᠨ ᠵᠤᠬᠢᠴᠠᠭᠤᠯᠤᠨ᠎ᠠ᠃ ᠡᠪᠦᠯ ᠤᠨ ᠤᠯᠠᠷᠢᠯ ᠳᠤ ᠢᠯᠡᠭᠦᠬᠡᠨ ᠤᠰᠤ ᠤᠤᠭᠤᠵᠤ ᠢᠯᠡᠭᠦᠬᠡᠨ ᠵᠢᠮᠢᠰ ᠢᠳᠡᠪᠡᠯ ᠵᠣᠬᠢᠨ᠎ᠠ᠃ ᠬᠡᠪᠡᠴᠤ ᠬᠡᠭᠡᠷ᠎ᠡ ᠭᠠᠳᠠᠨ᠎ᠠ ᠬᠥᠳᠡᠯᠭᠡᠭᠡᠨ ᠬᠢᠬᠦ ᠪᠤᠶᠤ ᠲᠤᠭᠤᠷᠢᠨ ᠵᠤᠭᠠᠴᠠᠬᠤ ᠶᠠᠪᠤᠴᠠ ᠳᠤ ᠴᠠᠭ ᠲᠤᠬᠠᠢ ᠳᠠᠭᠠᠨ ᠤᠰᠤ ᠤᠤᠭᠤᠬᠤ ᠳᠤ ᠲᠦᠭᠦᠮ ᠦᠭᠡᠢ ᠲᠤᠯᠠ ᠪᠡᠶ᠎ᠡ ᠳᠡᠭᠡᠨ ᠬᠤᠭᠤᠯᠠᠢ ᠨᠤᠷᠭᠠᠬᠤ ᠡᠳ᠋ ᠠᠪᠴᠤ ᠶᠠᠪᠤᠬᠤ ᠴᠢᠬᠤᠯᠠᠳᠠᠢ ᠪᠠᠶᠢᠳᠠᠭ᠃ ᠬᠤᠭᠤᠯᠠᠢ ᠨᠤᠷᠭᠠᠬᠤ ᠡᠳ᠋ ᠨᠢ ᠤᠮᠳᠠᠭᠠᠰᠬᠤ ᠰᠡᠷᠡᠯ ᠢ ᠨᠠᠮᠳᠠᠭᠤᠯᠬᠤ ᠦᠢᠯᠡᠳᠦᠯ ᠲᠠᠢ᠃ ᠡᠪᠦᠯ ᠠᠶᠠᠯᠠᠵᠤ ᠵᠤᠭᠠᠴᠠᠬᠤ ᠳᠠᠭᠠᠨ ᠡᠨᠧᠷᠭᠢ ᠶᠡᠬᠡᠲᠡᠶ ᠢᠳᠡᠭᠡᠨ ᠢ ᠢᠯᠡᠭᠦᠤ ᠰᠢᠭ ᠢᠳᠡᠪᠡᠯ ᠰᠠᠶᠢᠨ ᠶᠤᠮ᠃      8᠂ ᠬᠦᠯᠳᠡᠬᠦ ᠠᠴᠠ ᠰᠡᠷᠭᠡᠶᠢᠯᠡᠨ᠎ᠡ᠃ ᠡᠪᠦᠯ ᠤᠨ ᠤᠯᠠᠷᠢᠯ ᠤᠨ ᠳᠤᠯᠠᠭᠠᠨ ᠤ ᠬᠡᠮᠵᠢᠶ᠎ᠡ ᠳᠣᠣᠷ᠎ᠠ᠂ ᠬᠠᠬᠢᠷ ᠬᠦᠢᠳᠡᠨ ᠤᠷᠤᠨ ᠢᠶᠠᠷ ᠵᠤᠭᠠᠴᠠᠪᠠᠯ ᠬᠠᠴᠠᠷ ᠨᠢᠭᠤᠷ᠂ ᠬᠦᠯ ᠭᠠᠷ ᠤᠨ ᠬᠡᠰᠡᠭ ᠠᠮᠠᠷᠬᠠᠨ ᠬᠥᠯᠳᠡᠵᠦ ᠰᠢᠷᠬᠠᠳᠤᠳᠠᠭ᠃ ᠲᠡᠶᠢᠮᠦ ᠠᠴᠠ ᠨᠢᠭᠤᠷ ᠤᠨ ᠠᠷᠠᠰᠤ ᠪᠤᠶᠤ ᠬᠦᠯ ᠭᠠᠷ ᠤᠨ ᠬᠤᠷᠤᠭᠤ ᠮᠢᠨᠴᠦᠭᠦᠷᠡᠬᠦ᠂ ᠡᠰᠡᠬᠦᠯ᠎ᠡ ᠨᠢᠭᠡᠨᠳᠡ ᠤᠯᠠᠶᠢᠵᠤ ᠬᠥᠯᠳᠡᠭᠰᠡᠨ ᠪᠠᠶᠢᠪᠠᠯ ᠳᠠᠷᠦ᠋ᠢᠬᠠᠨ ᠥᠷᠥᠭᠡᠨ ᠳᠤ ᠤᠷᠤᠵᠤ᠂ ᠭᠠᠷ ᠢᠶᠠᠷ ᠢᠶᠠᠨ ᠬᠥᠩᠭᠡᠬᠡᠨ ᠱᠦᠷᠭᠦᠭᠡᠵᠦ ᠬᠦᠯᠳᠡᠭᠰᠡᠨ ᠰᠢᠷᠬ᠎ᠠ ᠪᠠᠨ ᠨᠠᠮᠳᠠᠭᠤᠯᠤᠨ᠎ᠠ᠃      9᠂ ᠲᠠᠮᠠᠬᠢ ᠲᠠᠲᠠᠬᠤ ᠶᠢ ᠴᠠᠭᠠᠵᠠᠯᠠᠨ᠎ᠠ᠃ ᠡᠪᠦᠯ ᠤᠨ ᠤᠯᠠᠷᠢᠯ ᠳᠤ ᠠᠮᠠᠷᠬᠠᠨ ᠭᠠᠯ ᠤᠨ ᠠᠶᠤᠯ ᠡᠭᠦᠰᠳᠡᠭ᠃ ᠡᠶᠢᠮᠦ ᠠᠴᠠ ᠬᠦᠳᠡᠭᠡ ᠬᠡᠭᠡᠷ᠎ᠡ ᠵᠤᠭᠠᠴᠠᠵᠤ ᠶᠠᠪᠤᠬᠤ ᠳᠤ ᠲᠠᠮᠠᠬᠢ ᠲᠠᠲᠠᠵᠤ ᠪᠤᠯᠬᠤ ᠦᠭᠡᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号