ᠣᠳᠣᠬᠠᠨ ᠳᠤ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠤᠯᠠᠨ ᠤᠯᠤᠰ | ᠲᠤ ᠲᠦᠷᠭᠡᠨ ᠳᠡᠯᠭᠡᠷᠡᠬᠦ ᠪᠠᠶᠢᠳᠠᠯ ᠢᠯᠡᠷᠡᠵᠦ᠂ ᠤᠯᠤᠰ ᠤᠨ ᠳᠣᠲᠣᠭᠠᠳᠤ ᠳᠤ ᠬᠡᠰᠡᠭ ᠪᠤᠰᠠᠭ ᠢᠶᠠᠷ ᠳᠡᠯᠭᠡᠷᠡᠬᠦ ᠪᠠ | ᠬᠡᠰᠡᠭ ᠭᠠᠵᠠᠷ ᠲᠤ ᠲᠥᠪᠯᠡᠷᠡᠬᠦ ᠴᠢᠨᠠᠷᠲᠠᠢ ᠬᠢᠵᠢᠭ ᠤᠨ ᠪᠠᠶᠢᠳᠠᠯ ᠢᠯᠡᠷᠡᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠶᠢ ᠪᠠᠶᠢᠩᠭᠤᠵᠢᠭᠤᠯᠬᠤ ᠠᠵᠢᠯ ᠳᠤ ᠬᠠᠲᠠᠭᠤ ᠴᠢᠩᠭ᠎ᠠ ᠰᠢᠯᠭᠠᠯᠲᠠ ᠠᠪᠴᠢᠷᠠᠭᠰᠠᠨ ᠪᠠᠶᠢᠨ᠎ᠠ᠃ ᠴᠠᠭᠠᠨ | ᠰᠠᠷ᠎ᠠ᠂ ᠴᠠᠭᠠᠨ ᠰᠠᠷ᠎ᠠ ᠶᠢᠨ ᠵᠥᠭᠡᠭᠡᠪᠦᠷᠢ ᠶᠢᠨ ᠬᠤᠭᠤᠴᠠᠭᠠᠨ ᠳᠤ᠂ ᠬᠥᠮᠦᠨ ᠬᠠᠷ᠎ᠠ᠂ ᠡᠳ᠋ ᠪᠣᠳᠠᠰ ᠤᠨ ᠰᠢᠯᠵᠢᠯᠲᠡ | ᠨᠡᠮᠡᠭᠳᠡᠵᠦ᠂ ᠴᠤᠭᠯᠠᠷᠠᠯ ᠤᠨ ᠴᠢᠨᠠᠷᠲᠠᠢ ᠠᠵᠢᠯᠯᠠᠭ᠎ᠠ ᠣᠯᠠᠰᠢᠷᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ | ᠳᠤ ᠨᠡᠩ ᠶᠡᠭᠡ ᠳᠠᠷᠤᠯᠲᠠ ᠲᠤᠯᠭᠠᠷᠠᠵᠤ ᠪᠠᠶᠢᠨ᠎ᠠ᠃ ᠪᠦᠬᠦ ᠬᠤᠰᠢᠭᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠳᠠᠶᠢᠯᠠᠯᠳᠤᠭᠠᠨ ᠤ ᠦᠷ᠎ᠡ ᠪᠦᠲᠦᠭᠡᠯ ᠢ ᠦᠨᠡᠡᠬᠦ ᠪᠠᠬᠢᠵᠢᠭᠦᠯᠵᠦ᠂ ︽ᠭᠠᠳᠠᠨ᠎ᠠ ᠠᠴᠠ ᠬᠠᠯᠳᠠᠪᠤᠷᠢᠯᠠᠨ | ᠣᠷᠣᠵᠤ ᠢᠷᠡᠬᠦ ᠶᠢ ᠰᠡᠷᠭᠡᠶᠢᠯᠡᠵᠦ᠂ ᠳᠣᠲᠣᠭᠠᠳᠤ ᠳᠠᠭᠠᠨ ᠲᠠᠬᠢᠨ ᠳᠡᠯᠭᠡᠷᠡᠬᠦ ᠶᠢ ᠰᠡᠷᠭᠡᠶᠢᠯᠡᠬᠦ︾ ᠱᠠᠭᠠᠷᠳᠠᠯᠭ᠎ᠠ ᠶᠢ | ᠴᠢᠩᠭ᠎ᠠ ᠨᠠᠶᠢᠳᠠᠪᠤᠷᠢᠵᠢᠭᠤᠯᠵᠦ᠂ ᠤᠷᠢᠳᠴᠢᠯᠠᠨ ᠰᠡᠷᠭᠡᠶᠢᠯᠡᠬᠦ ᠪᠠᠷ ᠭᠤᠤᠯ ᠪᠣᠯᠭᠠᠨ᠂ 《 ᠬᠥᠮᠦᠨ 》᠂《 ᠪᠣᠳᠠᠰ | 》 ᠢ ᠬᠠᠮᠲᠤᠪᠡᠷ ᠰᠡᠷᠭᠡᠶᠢᠯᠡᠨ᠂ ᠣᠯᠠᠨ ᠡᠪᠡᠳᠴᠢᠨ ᠢ ᠬᠠᠮᠲᠤᠪᠡᠷ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ | ᠬᠡᠷᠡᠭᠵᠢᠭᠦᠯᠬᠦ ᠶᠢᠨ ᠲᠥᠯᠥᠭᠡ᠂ ᠣᠲᠣ ᠳᠣᠣᠷᠠᠬᠢ ᠮᠡᠲᠦ ᠵᠠᠷᠯᠠᠶ᠎ᠠ᠄ | ᠨᠢᠭᠡ᠂ ᠬᠢᠯᠢ ᠶᠢᠨ ᠭᠠᠳᠠᠨ᠎ᠠ ᠠᠴᠠ ᠵᠡᠭᠦᠨ ᠦᠵᠦᠮᠦᠴᠢᠨ ᠬᠤᠰᠢᠭᠤᠨ ᠳᠤ ᠢᠷᠡᠭᠰᠡᠳ ᠪᠤᠶᠤ ᠪᠤᠴᠠᠵᠤ | ᠢᠷᠡᠭᠰᠡᠳ ᠡᠷᠬᠡᠪᠰᠢ ᠬᠢᠯᠢ ᠳᠤ ᠣᠷᠣᠬᠤ ᠨᠢᠭᠡᠳᠦᠭᠡᠷ ᠭᠠᠵᠠᠷ ᠤᠨ ᠲᠥᠪᠯᠡᠷᠡᠭᠦᠯᠦᠨ ᠲᠤᠰᠠᠭᠠᠷᠯᠠᠬᠤ ᠶᠢ ᠬᠦᠴᠦᠨ | ᠥᠬᠡᠶ ᠪᠣᠯᠭᠠᠭᠰᠠᠨ ᠪᠠ ᠪᠥᠭᠡᠮ ᠬᠦᠴᠢᠯ ᠤᠨ ᠪᠠᠶᠢᠴᠠᠭᠠᠨ ᠬᠡᠮᠵᠢᠯᠲᠡ ᠨᠢ ᠪᠢᠯᠢᠭ ᠴᠢᠨᠠᠷ ᠤᠨ ᠭᠡᠷᠡᠴᠢ ᠲᠠᠢ ᠪᠠᠶᠢᠬᠤ | ᠬᠡᠷᠡᠭᠲᠡᠶ᠂ ᠳᠤᠮᠳᠠ ᠥᠨᠳᠥᠷ ᠲᠠᠰ ᠤᠨ ᠲᠦᠭᠰᠢᠭᠦᠷᠢᠲᠡᠶ ᠭᠠᠵᠠᠷ ᠣᠷᠣᠨ ᠠᠴᠠ ᠬᠤᠰᠢᠭᠤᠨ ᠳᠤ ᠢᠷᠡᠭᠰᠡᠨ ᠪᠤᠶᠤ | ᠪᠤᠴᠠᠵᠦ ᠢᠷᠡᠭᠰᠡᠨ ᠬᠥᠮᠦᠰ ᠡᠷᠬᠡᠪᠰᠢ ᠬᠤᠰᠢᠭᠤᠨ ᠳᠤ ᠢᠷᠡᠭᠦ ᠠᠴᠠ ᠡᠮᠦᠨᠡᠬᠢ 7 ᠡᠳᠦᠷ ᠤᠨ ᠳᠣᠲᠣᠷᠠᠬᠢ ᠪᠥᠭᠡᠮ | ᠬᠦᠴᠢᠯ ᠤᠨ ᠪᠠᠶᠢᠴᠠᠭᠠᠨ ᠬᠡᠮᠵᠢᠯᠲᠡ ᠨᠢ ᠪᠢᠯᠢᠭ ᠴᠢᠨᠠᠷ ᠤᠨ ᠭᠡᠷᠡᠴᠢ ᠲᠠᠢ ᠪᠠᠶᠢᠬᠤ ᠬᠡᠷᠡᠭᠲᠡᠶ᠃ ᠳᠡᠭᠡᠷ᠎ᠡ | ᠳᠤᠷᠠᠳᠤᠭᠰᠠᠨ ᠬᠥᠮᠦᠰ ᠡᠷᠬᠡᠪᠰᠢ ᠬᠤᠰᠢᠭᠤᠨ ᠳᠤ ᠢᠷᠡᠭᠰᠡᠨ ᠲᠤᠬᠠᠢ ᠶᠢᠨ ᠡᠳᠦᠷ ᠪᠥᠭᠡᠮ ᠬᠦᠴᠢᠯ ᠤᠨ ᠰᠢᠯᠭᠠᠨ | ᠪᠠᠶᠢᠴᠠᠭᠠᠯᠲᠠ ᠬᠢᠬᠦ ᠬᠡᠷᠡᠭᠲᠡᠢ᠂ ᠦᠷ᠎ᠡ ᠳ᠋ᠦᠩ ᠨᠢ ᠪᠢᠯᠢᠭ ᠴᠢᠨᠠᠷᠲᠠᠢ ᠪᠤᠯ 14 ᠡᠳᠦᠷ ᠤᠨ ᠭᠡᠷ ᠪᠦᠯᠢ ᠶᠢᠨ | ᠡᠷᠡᠭᠦᠯ ᠮᠡᠨᠳᠦ ᠶᠢᠨ ᠬᠠᠮᠢᠶᠠᠷᠤᠯᠲᠠ ᠶᠢᠨ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠬᠤ ᠬᠡᠷᠡᠭᠲᠡᠢ᠃ ᠬᠡᠷᠪᠡ | ᠪᠥᠭᠡᠮ ᠬᠦᠴᠢᠯ ᠤᠨ ᠪᠠᠶᠢᠴᠠᠭᠠᠨ ᠬᠡᠮᠵᠢᠯᠲᠡ ᠨᠢ ᠪᠢᠯᠢᠭ ᠴᠢᠨᠠᠷ ᠤᠨ ᠭᠡᠷᠡᠴᠢ ᠬᠠᠩᠭᠠᠬᠤ ᠶᠢᠨ ᠠᠷᠭ᠎ᠠ ᠥᠬᠡᠶ ᠪᠣᠯ | ᠢᠷᠡᠮᠡᠭᠴᠡ ᠡᠷᠬᠡᠪᠰᠢ ᠲᠥᠪᠯᠡᠷᠡᠭᠦᠯᠦᠨ ᠲᠤᠰᠠᠭᠠᠷᠯᠠᠬᠤ ᠶᠢᠨ ᠬᠠᠮᠲᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ | ᠬᠢᠬᠦ ᠬᠡᠷᠡᠭᠲᠡᠶ᠂ ᠰᠢᠯᠭᠠᠨ ᠪᠠᠶᠢᠴᠠᠭᠠᠭᠰᠠᠨ ᠦᠷ᠎ᠡ ᠳ᠋ᠦᠩ ᠨᠢ ᠪᠢᠯᠢᠭ ᠴᠢᠨᠠᠷᠲᠠᠶ ᠪᠣᠯᠤᠭᠰᠠᠨ ᠤ ᠳᠠᠷᠠᠭ᠎ᠠ ᠰᠤᠮᠤ | ᠪᠠᠯᠭᠠᠰᠤ(ᠲᠠᠯᠠᠪᠠᠶ)᠂ ᠭᠠᠴᠠᠭ᠎ᠠ(ᠨᠡᠶᠢᠭᠡᠮ ᠲᠣᠭᠤᠷᠢᠭ) ᠶᠢᠨ ᠡᠷᠡᠭᠦᠯ ᠮᠡᠨᠳᠦ ᠶᠢᠨ ᠬᠠᠮᠢᠶᠠᠷᠤᠯᠲᠠ ᠳᠤ | ᠣᠷᠣᠭᠤᠯᠵᠤ᠂ 14 ᠡᠳᠦᠷ ᠤᠨ ᠬᠡᠷ ᠪᠦᠯᠢ ᠶᠢᠨ ᠡᠷᠡᠭᠦᠯ ᠮᠡᠨᠳᠦ ᠶᠢᠨ ᠬᠠᠮᠢᠶᠠᠷᠤᠯᠲᠠ ᠶᠢᠨ ᠠᠷᠭ᠎ᠠ ᠬᠡᠮᠵᠢᠶ᠎ᠡ ᠶᠢ | ᠴᠢᠩᠭ᠎ᠠ ᠨᠠᠶᠢᠳᠠᠪᠤᠷᠢᠵᠢᠭᠤᠯᠬᠤ ᠬᠡᠷᠡᠭᠲᠡᠢ᠃ ᠡᠯ᠎ᠡ ᠰᠤᠮᠤ ᠪᠠᠯᠭᠠᠰᠤ ( ᠲᠠᠯᠠᠪᠠᠶ )᠂ ᠡᠯ᠎ᠡ ᠭᠠᠴᠠᠭ᠎ᠠ ( | ᠨᠡᠶᠢᠭᠡᠮ ᠲᠣᠭᠤᠷᠢᠭ ) ᠲᠣᠭᠤᠷᠢᠨ ᠪᠠᠶᠢᠴᠠᠭᠠᠬᠤ ᠪᠠᠨ ᠴᠢᠩᠭᠠᠳᠬᠠᠵᠤ᠂ ᠬᠡᠷ ᠲᠡᠭᠡᠨ ᠰᠠᠭᠤᠵᠤ ᠡᠷᠡᠭᠦᠯ ᠮᠡᠨᠳᠦ ᠶᠢᠨ | ᠬᠠᠮᠢᠶᠠᠷᠤᠯᠲᠠ ᠶᠢ ᠴᠢᠩᠭ᠎ᠠ ᠬᠡᠷᠡᠭᠵᠢᠭᠦᠯᠬᠦ ᠥᠬᠡᠶ ᠬᠦᠮᠦᠰ ᠢ ᠳᠠᠷᠤᠶᠢᠬᠠᠨ ᠲᠥᠪᠯᠡᠷᠡᠭᠦᠯᠦᠨ ᠲᠤᠰᠠᠭᠠᠷᠯᠠᠵᠤ᠂ ᠡᠯ᠎ᠡ | ᠲᠦᠷᠦᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ ᠦᠷ᠎ᠡ ᠪᠦᠲᠦᠮᠵᠢ ᠤᠯᠬᠤ ᠶᠢ | ᠦᠨᠡᠡᠬᠦ ᠪᠠᠲᠤᠯᠠᠬᠤ ᠬᠡᠷᠡᠭᠲᠡᠶ᠃ | ᠬᠤᠶᠠᠷ᠂ ᠬᠤᠰᠢᠭᠤ ᠳᠣᠲᠣᠭᠠᠳᠤ ᠶᠢ ᠬᠠᠮᠠᠭᠠᠯᠠᠬᠤ᠂ ᠡᠷᠡᠭᠦᠯ ᠬᠠᠮᠠᠭᠠᠯᠠᠯ ᠡᠷᠡᠭᠦᠯ ᠮᠡᠨᠳᠦ᠂ ᠠᠯᠪᠠᠨ | ᠪᠠᠶᠢᠭᠤᠯᠭ᠎ᠠ᠂ ᠠᠵᠤ ᠠᠬᠤᠶᠢᠯᠠᠯ ᠂ ᠠᠵᠢᠯ ᠦᠶᠯᠡᠰ ᠤᠨ ᠨᠢᠭᠡᠴᠡ᠂ ᠰᠤᠮᠤ ᠪᠠᠯᠭᠠᠰᠤ(ᠲᠠᠯᠠᠪᠠᠢ)᠂ ᠡᠯ᠎ᠡ | ᠨᠡᠶᠢᠭᠡᠮ ᠲᠣᠭᠤᠷᠢᠭ(ᠭᠠᠴᠠᠭ᠎ᠠ)ᠵᠢᠴᠢ ᠲᠡᠷᠭᠡᠨ ᠥᠷᠲᠡᠭᠡ᠂ ᠵᠣᠴᠢᠳ ᠤᠨ ᠪᠠᠭᠤᠳᠠᠯ ᠪᠠ ᠠᠷᠢᠬᠢᠨ ᠮᠤᠬᠤᠯᠠᠭ | ᠵᠡᠷᠭᠡ ᠨᠡᠶᠢᠭᠡᠮ ᠤᠨ ᠬᠠᠮᠢᠶᠠᠷᠤᠨ ᠡᠵᠡᠮᠳᠡᠬᠦ ᠨᠢᠭᠡᠴᠨ ᠨᠢ ᠤᠯᠤᠰ᠂ ᠥᠪᠡᠷᠲᠡᠭᠡᠨ ᠵᠠᠰᠠᠬᠤ ᠣᠷᠣᠨ ᠪᠠ ᠠᠶᠢᠮᠠᠭ ᠤᠨ | ᠬᠢᠯᠢ ᠶᠢᠨ ᠭᠠᠳᠠᠨᠠᠬᠢ ᠪᠠ ᠤᠯᠤᠰ ᠤᠨ ᠳᠣᠲᠣᠭᠠᠳᠤ ᠶᠢᠨ ᠳᠤᠮᠳᠠ ᠥᠨᠳᠥᠷ ᠲᠠᠰ ᠤᠨ ᠲᠦᠭᠰᠢᠭᠦᠷᠢᠲᠡᠶ ᠭᠠᠵᠠᠷ | ᠣᠷᠣᠨ ᠠᠴᠠ ᠢᠷᠡᠭᠰᠡᠨ ᠪᠤᠶᠤ ᠪᠤᠴᠠᠵᠦ ᠢᠷᠡᠭᠰᠡᠨ ᠬᠥᠮᠦᠰ ᠢ ᠬᠠᠮᠢᠶᠠᠷᠤᠨ ᠡᠵᠡᠮᠳᠡᠬᠦ ᠲᠤᠬᠠᠢ ᠱᠠᠭᠠᠷᠳᠠᠯᠭ᠎ᠠ ᠶᠢ | ᠦᠨᠳᠦᠰᠦᠯᠡᠨ᠂《ᠲᠤᠤᠷᠴᠢᠯᠠᠭᠰᠠᠨ 》ᠬᠠᠮᠢᠶᠠᠷᠤᠯᠲᠠ ᠶᠢᠨ ᠬᠠᠷᠢᠶ᠎ᠠ ᠭᠠᠵᠠᠷ ᠤᠨ ᠬᠠᠷᠢᠭᠤᠴᠠᠯᠭ᠎ᠠ ᠶᠢ ᠴᠢᠩᠭ᠎ᠠ | ᠨᠠᠶᠢᠳᠠᠪᠤᠷᠢᠵᠢᠭᠤᠯᠤᠨ᠂ ᠬᠤᠰᠢᠭᠤᠨ ᠳᠤ ᠢᠷᠡᠭᠰᠡᠨ ᠪᠤᠶᠤ ᠪᠤᠴᠠᠵᠦ ᠢᠷᠡᠭᠰᠡᠨ ᠬᠥᠮᠦᠰ ᠢ ᠰᠢᠭᠰᠢᠨ ᠪᠠᠶᠢᠴᠠᠭᠠᠵᠤ | ᠦᠶᠯᠡᠴᠢᠯᠡᠬᠦ ᠬᠠᠮᠢᠶᠠᠷᠤᠯᠲᠠ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠬᠡᠷᠡᠭᠲᠡᠶ᠃ ᠡᠯ᠎ᠡ ᠲᠠᠯ᠎ᠠ ᠶᠢᠨ | ᠬᠠᠮᠵᠢᠯᠴᠠᠨ ᠪᠠᠶᠢᠴᠠᠭᠠᠭᠰᠠᠨ ᠮᠡᠳᠡᠭᠡ ᠵᠠᠩᠭᠢ ᠶᠢ ᠦᠨᠳᠦᠰᠦᠯᠡᠨ᠂ ᠭᠤᠤᠯᠳᠠᠯᠭ᠎ᠠ ᠲᠠᠢ ᠬᠦᠮᠦᠰ᠂ ᠣᠨᠣᠰᠢᠯᠠᠭᠰᠠᠨ | ᠡᠪᠡᠳᠴᠢᠨ ᠤ ᠵᠢᠱᠢᠶ᠎ᠡ᠂ ᠡᠪᠡᠳᠴᠢᠨ ᠤ ᠢᠯᠡᠷᠡᠯ ᠥᠬᠡᠶ ᠬᠠᠯᠳᠠᠪᠤᠷᠢᠯᠠᠭᠰᠠᠳ ᠲᠠᠢ ᠨᠢᠭᠲᠠ ᠣᠶᠢᠷᠠᠲᠤᠭᠰᠠᠳ ᠢ | ᠰᠢᠭᠰᠢᠨ ᠪᠠᠶᠢᠴᠠᠭᠠᠵᠤ ᠮᠥᠷᠳᠡᠬᠦ᠂ ᠲᠤᠰᠠᠭᠠᠷᠯᠠᠨ ᠠᠵᠢᠭᠯᠠᠬᠤ᠂ ᠲᠠᠬᠤᠯ ᠡᠪᠡᠳᠴᠢᠨ ᠤ ᠰᠤᠳᠤᠯᠤᠯ ᠤᠨ | ᠪᠠᠶᠢᠴᠠᠭᠠᠯᠲᠠ᠂ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠬᠢᠬᠦ ᠵᠡᠷᠭᠡ ᠠᠵᠢᠯ ᠢ ᠦᠳᠲᠡᠷ ᠲᠦᠷᠭᠡᠨ᠂ | ᠲᠦᠷᠢᠮᠵᠢᠬᠦᠨ᠂ ᠡᠮᠬᠢ ᠵᠢᠷᠤᠮ ᠲᠠᠢ ᠥᠷᠨᠢᠭᠦᠯᠬᠦ ᠬᠡᠷᠡᠭᠲᠡᠢ᠃ ᠲᠤᠭ᠎ᠠ ᠪᠠᠶᠢᠳᠠᠯ ᠨᠢ ᠲᠣᠳᠣᠷᠬᠠᠶ ᠪᠠ ᠴᠢᠬᠤᠯᠠ ᠶᠡᠭᠡ | ᠮᠡᠳᠡᠭᠡ ᠵᠠᠩᠭᠢ ᠶᠢ ᠮᠡᠳᠡᠭᠦᠯᠦᠨ ᠬᠦᠷᠭᠡᠬᠦ ᠳᠦᠷᠢᠮ ᠢ ᠨᠠᠶᠢᠳᠠᠪᠤᠷᠢᠵᠢᠭᠤᠯᠤᠨ᠂ ᠬᠠᠷᠢᠭᠤᠴᠠᠯᠭ᠎ᠠ ᠶᠢ ᠬᠥᠮᠦᠨ ᠳᠤ | ᠨᠠᠶᠢᠳᠠᠪᠤᠷᠢᠵᠢᠭᠤᠯᠵᠦ᠂ ᠤᠳᠠᠭᠠᠰᠢᠷᠠᠭᠤᠯᠤᠨ ᠮᠡᠳᠡᠭᠦᠯᠬᠦ᠂ ᠣᠷᠬᠢᠭᠳᠠᠭᠤᠯᠤᠨ ᠮᠡᠳᠡᠭᠦᠯᠬᠦ᠂ ᠪᠤᠷᠤᠭᠤ ᠮᠡᠳᠡᠭᠦᠯᠬᠦ ᠪᠠ | ᠨᠢᠭᠤᠨ ᠮᠡᠳᠡᠭᠦᠯᠬᠦ ᠶᠢ ᠡᠷᠡᠰ ᠰᠡᠷᠭᠡᠶᠢᠯᠡᠨ ᠬᠤᠷᠢᠭᠯᠠᠬᠤ ᠬᠡᠷᠡᠭᠲᠡᠶ᠃ | ᠭᠤᠷᠪᠠ᠂ ᠡᠯ᠎ᠡ ᠱᠠᠲᠤᠨ ᠤ ᠡᠯ᠎ᠡ ᠲᠥᠷᠥᠯ ᠤᠨ ᠡᠮᠴᠢᠯᠡᠭᠡᠨ ᠤ ᠪᠠᠶᠢᠭᠤᠯᠤᠮᠵᠢ ᠨᠢ ︽ᠬᠠᠶᠢᠭᠤᠯ︾ ᠪᠠ | ︽ᠬᠠᠷᠠᠭᠤᠯ︾ ᠤᠨ ᠦᠶᠯᠡᠳᠦᠯ ᠢ ᠰᠠᠶᠢᠲᠤᠷ ᠪᠠᠳᠠᠷᠠᠭᠤᠯᠵᠤ᠂ ᠤᠷᠢᠳᠴᠢᠯᠠᠨ ᠪᠠᠶᠢᠴᠠᠭᠠᠵᠤ ᠬᠤᠪᠢᠶᠠᠨ ᠣᠨᠣᠰᠢᠯᠠᠬᠤ | ᠂ ᠬᠠᠯᠠᠭᠤᠷᠠᠬᠤ ᠶᠢ ᠡᠮᠨᠡᠬᠦ ᠡᠭᠦᠳᠡᠨ ᠡᠮᠨᠡᠯᠭᠡ᠂ ᠠᠩᠬ᠎ᠠ ᠣᠨᠣᠰᠢᠯᠠᠬᠤ ᠳᠤ ᠬᠠᠷᠢᠭᠤᠴᠠᠬᠤ᠂ ᠰᠢᠯᠵᠢᠯᠲᠡ ᠶᠢᠨ | ᠬᠤᠭᠤᠴᠠᠭᠠᠨ ᠤ ᠡᠪᠡᠳᠴᠢᠲᠡᠨ ᠤ ᠥᠷᠥᠭᠡ ᠶᠢ ᠪᠠᠶᠢᠷᠢᠯᠠᠭᠤᠯᠬᠤ᠂ ᠡᠷᠭᠢᠵᠦ ᠦᠵᠡᠵᠦ ᠬᠠᠷᠠᠭᠠᠯᠵᠠᠨ ᠬᠠᠮᠢᠶᠠᠷᠬᠤ | ᠵᠡᠷᠭᠡ ᠲᠦᠷᠢᠮ ᠲᠣᠭᠲᠠᠭᠠᠯ ᠢ ᠴᠢᠩᠭ᠎ᠠ ᠬᠡᠷᠡᠭᠵᠢᠭᠦᠯᠦᠨ᠂ ᠠᠮᠢᠰᠬᠤᠯ᠂ ᠬᠠᠯᠳᠠᠪᠤᠷᠢᠯᠠᠯ᠂ ᠬᠦᠨᠳᠦ ᠡᠪᠡᠳᠴᠢᠲᠡᠨ᠂ | ᠰᠤᠪᠢᠯᠠᠯᠲᠠ᠂ ᠡᠮᠨᠡᠯᠭᠡ ᠶᠢᠨ ᠬᠤᠷᠢᠶᠠᠨ ᠤ ᠬᠠᠯᠳᠠᠪᠤᠷᠢᠯᠠᠯ᠂ ᠡᠮᠴᠢᠯᠡᠭᠡᠨ ᠤ ᠰᠢᠯᠭᠠᠨ ᠪᠠᠶᠢᠴᠠᠭᠠᠯᠲᠠ᠂ ᠳᠦᠷᠰᠦ | ᠰᠢᠩᠭᠡᠭᠡᠯᠲᠡ ᠶᠢᠨ ᠠᠵᠢᠯᠲᠠᠨ ᠢᠶᠠᠷ ᠭᠤᠤᠯ ᠠᠪᠤᠷᠠᠨ ᠵᠠᠰᠠᠬᠤ ᠬᠦᠴᠦᠨ ᠪᠣᠯᠭᠠᠵᠤ᠂ ᠡᠮᠴᠢᠯᠡᠭᠡᠨ ᠤ ᠠᠪᠤᠷᠠᠨ ᠵᠠᠰᠠᠬᠤ | ᠡᠩᠨᠡᠭᠡ ᠶᠢ ᠵᠣᠬᠢᠶᠠᠨ ᠪᠠᠶᠢᠭᠤᠯᠤᠨ ᠨᠥᠭᠡᠴᠡᠯᠡᠵᠦ᠂ ᠪᠣᠯᠪᠠᠰᠤᠷᠠᠯ ᠰᠣᠷᠢᠯᠲᠠ ᠶᠢ ᠴᠢᠩᠭᠠᠳᠬᠠᠨ᠂ ᠡᠮᠴᠢ ᠰᠤᠪᠢᠯᠠᠭᠴᠢ | ᠶᠢᠨ ᠬᠢᠵᠢᠭ ᠤᠨ ᠪᠠᠶᠢᠳᠠᠯ ᠢ ᠢᠯᠭᠠᠨ ᠮᠠᠭᠠᠳᠯᠠᠬᠤ ᠪᠠ ᠪᠠᠴᠢᠮ ᠪᠠᠶᠢᠳᠠᠯ ᠢ ᠠᠷᠭᠠᠴᠠᠭᠠᠨ ᠰᠢᠶᠳᠪᠦᠷᠢᠯᠡᠬᠦ ᠴᠢᠳᠠᠪᠤᠷᠢ | ᠶᠢ ᠳᠡᠭᠡᠭᠰᠢᠯᠡᠭᠦᠯᠵᠦ᠂ ᠡᠮᠨᠡᠯᠭᠡ ᠶᠢᠨ ᠬᠤᠷᠢᠶᠠᠨ ᠳᠤ ᠬᠠᠯᠳᠠᠪᠤᠷᠢᠯᠠᠬᠤ ᠶᠢ ᠡᠷᠡᠰ ᠬᠤᠷᠢᠭᠯᠠᠨ᠂ ᠠᠪᠤᠷᠠᠨ ᠵᠠᠰᠠᠬᠤ | ᠴᠢᠳᠠᠪᠤᠷᠢ ᠶᠢ ᠲᠠᠰᠤᠷᠠᠯᠲᠠ ᠥᠬᠡᠶ ᠳᠡᠭᠡᠭᠰᠢᠯᠡᠭᠦᠯᠬᠦ ᠬᠡᠷᠡᠭᠲᠡᠢ᠃ ᠡᠯ᠎ᠡ ᠱᠠᠲᠤᠨ ᠤ ᠡᠮ ᠡᠮᠨᠡᠯᠭᠡᠡᠷᠡᠭᠦᠯ ᠬᠠᠮᠠᠭᠠᠯᠠᠯ | ᠤᠨ ᠪᠠᠶᠢᠭᠤᠯᠤᠮᠵᠢ ᠠᠵᠢᠯ ᠤᠨ ᠲᠥᠯᠥᠪᠯᠡᠭᠡ ᠪᠠᠨ ᠵᠦᠢ ᠵᠣᠬᠢᠰᠲᠠᠶ ᠲᠣᠬᠢᠷᠠᠭᠤᠯᠵᠤ᠂ ᠡᠮᠴᠢᠯᠡᠭᠡᠨ ᠤ ᠬᠡᠪ ᠤᠨ ᠡᠮᠬᠢ | ᠳᠢᠭᠯᠢᠮ ᠢ ᠪᠠᠷᠢᠮᠲᠠᠯᠠᠨ᠂ ᠲᠦᠷᠭᠡᠨ ᠡᠮᠨᠡᠬᠦ᠂ ᠬᠠᠯᠠᠭᠤᠷᠠᠬᠤ ᠶᠢ ᠡᠮᠨᠡᠬᠦ ᠡᠭᠦᠳᠡᠨ ᠡᠮᠨᠡᠯᠭᠡ᠂ ᠪᠥᠭᠡᠮ ᠬᠦᠴᠢᠯ ᠤᠨ | ᠰᠢᠯᠭᠠᠨ ᠪᠠᠶᠢᠴᠠᠭᠠᠯᠲᠠ ᠵᠡᠷᠭᠡ ᠳᠤ 24 ᠴᠠᠭ ᠢᠶᠠᠷ ᠵᠢᠵᠢᠭᠦᠷᠯᠡᠬᠦ ᠬᠥᠮᠦᠨ ᠲᠠᠢ ᠪᠠᠶᠢᠬᠤ ᠶᠢ ᠦᠨᠡᠨᠬᠦ ᠪᠠᠲᠤᠯᠠᠬᠤ | ᠬᠡᠷᠡᠭᠲᠡᠶ᠃ ᠠᠷᠠᠳ ᠠᠴᠠ ᠡᠵᠡᠩᠨᠡᠭᠰᠡᠨ ᠡᠮᠨᠡᠯᠭᠡ ᠶᠢᠨ ᠬᠤᠷᠢᠶ᠎ᠠ᠂ ᠬᠤᠪᠢ ᠶᠢᠨ ᠡᠮᠨᠡᠯᠬᠡ ᠪᠣᠯᠤᠨ ᠦᠨᠳᠦᠰᠦᠨ | ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠬᠠᠯᠠᠭᠤᠷᠠᠵᠤ ᠪᠠᠶᠢᠭ᠎ᠠ ᠡᠪᠡᠳᠴᠢᠲᠡᠨ ᠢ ᠰᠢᠭᠰᠢᠨ | ᠪᠠᠶᠢᠴᠠᠭᠠᠬᠤ ᠪᠠᠨ ᠴᠢᠩᠭᠠᠳᠬᠠᠵᠤ᠂ ᠰᠢᠯᠲᠠᠭᠠᠨ ᠨᠢ ᠲᠣᠳᠣᠷᠬᠠᠶ ᠦᠭᠡᠶ ᠬᠠᠯᠠᠭᠤᠷᠠᠵᠤ ᠪᠠᠶᠢᠭ᠎ᠠ ᠡᠪᠡᠳᠴᠢᠲᠡᠨ ᠢ | ᠣᠯᠵᠤ ᠮᠡᠳᠡᠪᠡᠯ᠂ ᠬᠤᠰᠢᠭᠤ ᠡᠮᠨᠡᠯᠭᠡ ᠶᠢᠨ ᠬᠤᠷᠢᠶ᠎ᠠ ᠳᠤ ᠳᠠᠷᠤᠶᠢᠬᠠᠨ ᠰᠢᠯᠵᠢᠭᠦᠯᠦᠨ ᠡᠮᠨᠡᠭᠦᠯᠬᠦ ᠶᠢᠨ ᠬᠠᠮᠲᠤ | ᠡᠪᠡᠳᠴᠢᠲᠡᠨ ᠤ ᠮᠡᠳᠡᠭᠡ ᠵᠠᠩᠭᠢ ᠶᠢ ᠳᠠᠩᠰᠠᠯᠠᠬᠤ ᠠᠵᠢᠯ ᠢ ᠰᠠᠶᠢᠲᠤᠷ ᠬᠢᠵᠦ᠂ ᠳᠤᠷ᠎ᠠ ᠪᠠᠷ ᠢᠶᠠᠨ ᠦᠯᠡᠳᠡᠭᠡᠨ | ᠡᠮᠨᠡᠬᠦ ᠪᠤᠶᠤ ᠡᠮᠨᠡᠭᠦᠯᠬᠦ ᠶᠢ ᠲᠡᠪᠴᠢᠵᠦ ᠪᠣᠯᠬᠤ ᠦᠭᠡᠶ᠃ | ᠳᠥᠷᠪᠡ᠂ ︽ᠴᠢᠬᠤᠯᠠ ᠦᠭᠡᠶ ᠪᠣᠯ ᠬᠤᠰᠢᠭᠤᠨ ᠠᠴᠠ ᠭᠠᠷᠬᠤ ᠦᠭᠡᠶ︾ ᠪᠠᠶᠢᠬᠤ ᠶᠢ ᠰᠠᠨᠠᠭᠠᠴᠢᠯᠠᠵᠤ᠂ | ᠪᠦᠬᠦ ᠬᠤᠰᠢᠭᠤᠨ ᠤ ᠨᠠᠮ ᠵᠠᠰᠠᠭ ᠤᠨ ᠪᠠᠶᠢᠭᠤᠯᠤᠯᠭ᠎ᠠ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠶᠢᠨ ᠺᠠᠳ᠋ᠷ | ᠠᠵᠢᠯᠲᠠᠤᠨ ᠤᠨ ᠬᠤᠰᠢᠭᠤᠨ ᠳᠤ ᠪᠠᠨ ᠴᠠᠭᠠᠨ ᠰᠠᠷ᠎ᠠ ᠪᠠᠨ ᠥᠩᠭᠡᠷᠡᠭᠦᠯᠬᠦ ᠶᠢ ᠵᠣᠷᠢᠭᠵᠢᠭᠤᠯᠵᠤ᠂ ᠵᠠᠷᠴᠢᠮ ᠳᠡᠭᠡᠷ᠎ᠡ | ᠪᠠᠨ ᠭᠠᠳᠠᠭᠰᠢ ᠭᠠᠷᠬᠤ ᠦᠭᠡᠶ ᠪᠠᠶᠢᠵᠦ᠂ ᠦᠨᠡᠨᠬᠦ ᠭᠠᠳᠠᠭᠰᠢ ᠭᠠᠷᠬᠤ ᠴᠢᠬᠤᠯᠠ ᠲᠠᠢ ᠪᠣᠯ ᠪᠠᠶᠢᠭ᠎ᠠ ᠨᠢᠭᠡᠴᠡ | ᠳᠡᠭᠡᠨ ᠮᠡᠳᠡᠭᠦᠯᠦᠨ ᠵᠥᠪᠰᠢᠶᠡᠷᠡᠭᠦᠯᠬᠦ ᠶᠢᠨ ᠬᠠᠮᠲᠤ᠂ ᠰᠠᠭᠤᠭ᠎ᠠ ᠭᠠᠴᠠᠭ᠎ᠠ ︵ᠨᠡᠶᠢᠭᠡᠮ ᠲᠣᠭᠤᠷᠢᠭ︶ ᠳᠠᠭᠠᠨ | ᠤᠷᠢᠳᠴᠢᠯᠠᠨ ᠮᠡᠳᠡᠭᠦᠯᠦᠨ ᠳᠠᠩᠰᠠᠯᠠᠭᠤᠯᠬᠤ ᠬᠡᠷᠡᠭᠲᠡᠶ︔ ᠦᠷᠭᠡᠨ ᠤᠯᠠᠨ ᠲᠦᠮᠡᠨ ᠭᠠᠳᠠᠭᠰᠢ ᠭᠠᠷᠬᠤ ᠪᠠᠨ | ᠪᠠᠭᠠᠰᠬᠠᠵᠤ᠂ ᠬᠤᠰᠢᠭᠤᠨ ᠳᠤ ᠪᠠᠨ ᠴᠠᠭᠠᠨ ᠰᠠᠷ᠎ᠠ ᠪᠠᠨ ᠥᠩᠭᠡᠷᠡᠭᠦᠯᠵᠦ᠂ ᠠᠯᠢ ᠴᠢᠳᠠᠬᠤ ᠪᠠᠷ ᠬᠢᠯᠢ ᠠᠴᠠ | ᠭᠠᠷᠬᠤ ᠥᠬᠡᠶ ᠪᠤᠶᠤ ᠤᠯᠤᠰ ᠤᠨ ᠳᠣᠲᠣᠭᠠᠳᠤ ᠶᠢᠨ ᠳᠤᠮᠳᠠ ᠥᠨᠳᠥᠷ ᠲᠦᠭᠰᠢᠭᠦᠷᠢᠲᠡᠶ ᠭᠠᠵᠠᠷ ᠣᠷᠣᠨ ᠳᠤ | ᠣᠴᠢᠬᠤ ᠥᠬᠡᠶ ᠪᠠᠶᠢᠵᠦ᠂ ᠵᠠᠪᠠᠯ ᠭᠠᠳᠠᠭᠰᠢ ᠭᠠᠷᠬᠤ ᠴᠢᠬᠤᠯᠠᠲᠠᠶ ᠪᠣᠯ᠂ ᠰᠠᠭᠤᠭ᠎ᠠ ᠭᠠᠴᠠᠭ᠎ᠠ ︵ᠨᠡᠶᠢᠭᠡᠮ | ᠲᠣᠭᠤᠷᠢᠭ︶ ᠳᠠᠭᠠᠨ ᠤᠷᠢᠳᠴᠢᠯᠠᠨ ᠮᠡᠳᠡᠭᠦᠯᠵᠦ ᠳᠠᠩᠰᠠᠯᠠᠭᠤᠯᠬᠤ ᠬᠡᠷᠡᠭᠲᠡᠶ︔ ᠠᠶᠠᠨ ᠵᠠᠮ ᠤᠨ ᠰᠡᠷᠭᠡᠶᠢᠯᠡᠯᠲᠡ ᠶᠢ | ᠰᠠᠶᠢᠲᠤᠷ ᠬᠢᠬᠦ ᠶᠢ ᠠᠩᠬᠠᠷᠴᠤ᠂ ᠠᠯᠢ ᠴᠢᠳᠠᠬᠤ ᠪᠠᠷ ᠬᠤᠪᠢ ᠶᠢᠨ ᠲᠡᠷᠭᠡᠨ ᠳᠤ ᠰᠠᠭᠤᠵᠤ᠂ ᠬᠡᠷᠪᠡ ᠣᠯᠠᠨ ᠨᠡᠶᠢᠲᠡ | ᠶᠢᠨ ᠵᠠᠮ ᠬᠠᠷᠢᠯᠴᠠᠭᠠᠨ ᠤ ᠪᠠᠭᠠᠵᠢ ᠳᠤ ᠰᠠᠭᠤᠪᠠᠯ᠂ ᠠᠮᠤᠷ ᠲᠦᠪᠰᠢᠨ ᠢ ᠠᠩᠬᠠᠷᠴᠤ᠂ ᠠᠮᠠᠪᠴᠢ ᠵᠡᠭᠦᠵᠦ᠂ ᠨᠡᠶᠢᠭᠡᠮ | ᠤᠨ ᠬᠠᠷᠢᠯᠴᠠᠭᠠᠨ ᠤ ᠵᠠᠶ ᠶᠢ ᠪᠠᠲᠤᠯᠠᠵᠤ᠂ ᠨᠢᠰᠬᠡᠯ ᠤᠨ ᠪᠢᠯᠧᠲ᠂ ᠲᠡᠷᠭᠡᠨ ᠪᠢᠯᠧᠲ ᠵᠡᠷᠭᠡ ᠠᠶᠠᠯᠠᠯ ᠤᠨ ᠪᠠᠷᠢᠮᠲᠠ | ᠪᠠᠨ ᠦᠯᠡᠳᠡᠭᠡᠬᠦ ᠬᠡᠷᠡᠭᠲᠡᠶ᠃ ᠬᠤᠰᠢᠭᠤᠨ ᠳᠤ ᠪᠤᠴᠠᠵᠦ ᠢᠷᠡᠭᠰᠡᠨ ᠤ ᠳᠠᠷᠠᠭ᠎ᠠ ᠲᠡᠷᠡ ᠳᠠᠷᠤᠶ ᠳᠤᠨᠢ ᠰᠠᠨᠠᠭᠠᠴᠢᠯᠠᠭ᠎ᠠ | ᠠᠴᠠ ᠪᠠᠨ ᠮᠡᠳᠡᠭᠦᠯᠬᠦ ᠶᠢᠨ ᠬᠠᠮᠲᠤ᠂ ᠬᠠᠷᠢᠶ᠎ᠠ ᠭᠠᠵᠠᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ | ᠱᠠᠭᠠᠷᠳᠠᠯᠭ᠎ᠠ ᠶᠣᠰᠣᠭᠠᠷ ᠤᠬᠠᠮᠰᠠᠷ ᠠᠴᠠ ᠪᠠᠨ ᠬᠠᠮᠢᠶᠠᠷᠤᠯᠲᠠ ᠶᠢ ᠬᠦᠯᠢᠶᠡᠬᠦ ᠬᠡᠷᠡᠭᠲᠡᠶ᠃ | ᠲᠠᠪᠤ᠂ ︽ᠴᠢᠬᠤᠯᠠ ᠥᠬᠡᠶ ᠪᠤᠯ ᠬᠤᠰᠢᠭᠤᠨ ᠳᠤ ᠪᠤᠴᠠᠨ ᠢᠷᠡᠬᠦ ᠥᠬᠡᠶ︾ ᠪᠠᠶᠢᠬᠤ ᠶᠢ ᠰᠠᠨᠠᠭᠠᠴᠢᠯᠠᠵᠤ᠂ | ᠭᠠᠳᠠᠭᠠᠳᠤ ᠳᠤ ᠰᠤᠷᠤᠯᠴᠠᠵᠤ᠂ ᠠᠵᠢᠯᠯᠠᠵᠤ᠂ ᠠᠮᠢᠳᠤᠷᠠᠵᠤ ᠪᠠᠶᠢᠭ᠎ᠠ ᠮᠠᠨ ᠤ ᠬᠤᠰᠢᠭᠤᠨ ᠤ ᠬᠥᠮᠦᠰ ᠠᠯᠢ | ᠴᠢᠳᠠᠬᠤ ᠪᠠᠷ ᠲᠤᠬᠠᠶ ᠶᠢᠨ ᠭᠠᠵᠠᠷ ᠲᠠᠭᠠᠨ ᠦᠯᠡᠳᠡᠵᠦ ᠴᠠᠭᠠᠨ ᠰᠠᠷ᠎ᠠ ᠪᠠᠨ ᠥᠩᠭᠡᠷᠡᠭᠦᠯᠵᠦ᠂ ᠠᠶᠠᠨ ᠵᠠᠮ ᠤᠨ | ᠬᠠᠯᠳᠠᠪᠤᠷᠢᠯᠠᠯ ᠤᠨ ᠲᠦᠭᠰᠢᠭᠦᠷᠢ ᠶᠢ ᠪᠠᠭᠠᠰᠬᠠᠬᠤ ᠶᠢᠨ ᠬᠠᠮᠲᠤ᠂ ᠲᠤᠬᠠᠶ ᠶᠢᠨ ᠭᠠᠵᠠᠷ ᠤᠨ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠠᠵᠢᠯ ᠳᠤ ᠢᠳᠡᠪᠬᠢᠲᠡᠶ ᠬᠠᠮᠵᠢᠯᠴᠠᠬᠤ ᠬᠡᠷᠡᠭᠲᠡᠶ᠃ ᠬᠡᠷᠪᠡ ᠬᠤᠰᠢᠭᠤᠨ ᠳᠤ ᠪᠤᠴᠠᠨ ᠢᠷᠡᠬᠦ | ᠴᠢᠬᠤᠯᠠᠲᠠᠢ ᠪᠣᠯ᠂ ᠬᠤᠰᠢᠭᠤᠨ ᠳᠤ ᠢᠷᠡᠬᠦ ᠠᠴᠠ ᠡᠮᠦᠨ᠎ᠡ ᠬᠠᠮᠤᠭ ᠲᠡᠷᠢᠭᠦᠨ ᠳᠤ ᠬᠤᠰᠢᠭᠤᠨ ᠳᠤ ᠰᠠᠭᠤᠭ᠎ᠠ ︵ | ᠲᠦᠷ ᠰᠠᠭᠤᠭ᠎ᠠ︶ ᠭᠠᠵᠠᠷ ᠤᠨ ᠭᠠᠴᠠᠭ᠎ᠠ ︵ᠨᠡᠶᠢᠭᠡᠮ ᠲᠣᠭᠤᠷᠢᠭ︶ ᠳᠤ ᠮᠡᠳᠡᠭᠦᠯᠬᠦ ᠬᠡᠷᠡᠭᠲᠡᠶ︔ ᠬᠤᠰᠢᠭᠤᠨ ᠳᠤ | ᠪᠤᠴᠠᠨᠢᠷᠡᠬᠦ ᠵᠠᠮ ᠳᠠᠭᠠᠨ᠂ ᠱᠠᠭᠠᠷᠳᠠᠯᠭ᠎ᠠ ᠶᠣᠰᠣᠭᠠᠷ ᠥᠪᠡᠷ ᠢ ᠪᠠᠨ ᠬᠠᠮᠠᠭᠠᠯᠠᠬᠤ ᠠᠵᠢᠯ ᠢ ᠰᠠᠶᠢᠲᠤᠷ ᠬᠢᠬᠦ | ᠬᠡᠷᠡᠭᠲᠡᠶ︔ ᠬᠤᠰᠢᠭᠤᠨ ᠳᠤ ᠪᠤᠴᠠᠨ ᠢᠷᠡᠭᠰᠡᠨ ᠤ ᠳᠠᠷᠠᠭ᠎ᠠ᠂ ᠡᠳᠦᠷ ᠲᠤᠲᠤᠮ ᠤᠨ ᠡᠷᠡᠭᠦᠯ ᠮᠡᠨᠳᠦ ᠶᠢᠨ ᠬᠢᠨᠠᠨ | ᠬᠡᠮᠵᠢᠯᠲᠡ ᠶᠢ ᠰᠠᠶᠢᠲᠤᠷ ᠬᠢᠵᠦ᠂ ᠴᠢᠬᠤᠯᠠ ᠦᠭᠡᠢ ᠪᠣᠯ ᠭᠠᠳᠠᠭᠰᠢ ᠭᠠᠷᠬᠤ ᠦᠭᠡᠢ ᠪᠠᠶᠢᠵᠦ᠂ ᠬᠡᠷᠪᠡᠬᠠᠯᠠᠭᠤᠷᠠᠬᠤ ᠂ | ᠬᠠᠨᠢᠶᠠᠬᠤ ᠵᠡᠷᠭᠡ ᠡᠪᠡᠳᠴᠢᠨ ᠤ ᠢᠯᠡᠷᠡᠯ ᠭᠠᠷᠪᠠᠯ᠂ ᠲᠠᠷᠤᠢ ᠲᠦᠷᠭᠡᠨ ᠨᠡᠶᠢᠭᠡᠮ ᠲᠤᠭᠤᠷᠢᠭ(ᠭᠠᠴᠠᠭ᠎ᠠ᠂ | ᠪᠠᠶᠢᠭᠤᠯᠭ᠎ᠠ᠂ ᠵᠤᠴᠢᠳ ᠤᠨ ᠪᠠᠭᠤᠳᠠᠯ) ᠤᠨ ᠠᠵᠢᠯᠳᠠᠨ ᠳᠤ ᠮᠡᠳᠡᠭᠦᠯᠬᠦ ᠬᠡᠷᠡᠭᠲᠡᠢ᠃ | ᠵᠢᠷᠭᠤᠭ᠎ᠠ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠰᠠᠯᠠᠭ᠎ᠠ ᠮᠥᠴᠢᠷ ᠨᠢ ᠠᠶᠠᠨᠴᠢᠳ ᠤᠨ ᠮᠡᠳᠡᠭᠡ ᠵᠠᠩᠭᠢ ᠶᠢ | ᠨᠠᠷᠢᠨ ᠬᠢᠨᠠᠮᠠᠭᠠᠶ ᠪᠠᠶᠢᠴᠠᠭᠠᠵᠣ᠂ ᠠᠮᠠᠪᠴᠢ ᠵᠡᠭᠦᠬᠦ᠂ ᠡᠷᠡᠭᠦᠯ ᠮᠡᠨᠳᠦ ᠶᠢᠨ ᠺᠣᠳ᠋ ᠢ ᠪᠠᠶᠢᠴᠠᠭᠠᠬᠤ᠂ ᠪᠡᠶ᠎ᠡ ᠶᠢᠨ | ᠳᠣᠯᠠᠭᠠᠨ ᠢ ᠬᠡᠮᠵᠢᠬᠦ᠂ ᠠᠷᠢᠭᠤᠳᠬᠠᠬᠤ ᠵᠡᠷᠭᠡ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠴᠢᠩᠭ᠎ᠠ | ᠨᠠᠶᠢᠳᠠᠪᠤᠷᠢᠵᠢᠭᠤᠯᠵᠤ᠂ ᠪᠢᠯᠧᠲ ᠬᠤᠳᠠᠯᠳᠤᠬᠤ ᠪᠣᠯᠤᠨ ᠲᠡᠷᠭᠡᠨ ᠳᠤ ᠰᠠᠭᠤᠬᠤ ᠬᠠᠮᠢᠶᠠᠷᠤᠯᠲᠠ ᠶᠢ ᠰᠢᠨᠵᠢᠯᠡᠬᠦ | ᠤᠬᠠᠭᠠᠨᠴᠢ ᠪᠠᠷ ᠵᠣᠬᠢᠶᠠᠨ ᠪᠠᠶᠢᠭᠤᠯᠵᠤ᠂ ᠪᠢᠯᠧᠲ ᠬᠤᠳᠠᠯᠳᠣᠨ ᠠᠪᠬᠤ ᠳᠠᠭᠠᠨ ᠦᠨᠡᠨ ᠨᠡᠷ᠎ᠡ ᠪᠠᠷ ᠳᠠᠩᠰᠠᠯᠠᠬᠤ | ᠦᠭᠡᠢ᠂ ᠰᠠᠭᠤᠳᠠᠯ ᠤᠨ ᠲᠤᠭ᠎ᠠ ᠠᠴᠠ ᠬᠡᠲᠦᠷᠡᠬᠦᠯᠬᠦ ᠪᠠᠶᠢᠳᠠᠯ ᠢ ᠴᠢᠩᠭ᠎ᠠ ᠬᠢᠵᠠᠭᠠᠷᠯᠠᠵᠣ᠂ ᠠᠶᠠᠨᠴᠢᠳ ᠤᠨ | ᠪᠦᠭᠡᠮᠨᠡᠷᠡᠨ ᠴᠣᠭᠯᠠᠷᠠᠬᠤ ᠠᠴᠠ ᠵᠠᠶᠢᠯᠠᠰᠬᠢᠬᠦ ᠭᠡᠷᠡᠭᠲᠠᠢ᠃ ᠭᠤᠣᠯᠳᠠᠯᠭ᠎ᠠ ᠲᠠᠢ ᠬᠥᠮᠦᠰ ᠪᠣᠯᠤᠨ ᠰᠡᠵᠢᠭᠯᠡᠯᠲᠡᠶ | ᠡᠪᠡᠳᠴᠢᠨ ᠤ ᠵᠢᠱᠢᠶ᠎ᠡ ᠶᠢ ᠣᠯᠵᠤ ᠮᠡᠳᠡᠪᠡᠯ ᠵᠢᠷᠤᠮᠵᠢᠭᠤᠯᠤᠨ ᠰᠢᠢᠳᠪᠦᠷᠢᠯᠡᠵᠣ᠂ ᠴᠠᠭ ᠲᠤᠬᠠᠶ ᠳᠤᠨᠢ ᠮᠡᠳᠡᠭᠦᠯᠬᠦ | ᠬᠡᠷᠡᠭᠲᠡᠶ᠃ ᠵᠠᠮ ᠬᠠᠷᠢᠯᠴᠠᠭᠠᠨ ᠤ ᠪᠠᠭᠠᠵᠢ ᠳᠤ ᠰᠠᠯᠬᠢ ᠨᠡᠪᠲᠡᠷᠡᠭᠦᠯᠬᠦ᠂ ᠠᠷᠢᠭᠤᠳᠬᠠᠬᠤ ᠳᠠᠪᠳᠠᠮᠵᠢ ᠪᠠᠨ | ᠨᠡᠮᠡᠭᠳᠡᠭᠦᠯᠵᠦ᠂ ᠬᠥᠮᠦᠨ ᠪᠠ ᠡᠳ᠋ ᠪᠣᠳᠠᠰ ᠤᠨ ᠴᠤᠭᠯᠠᠷᠠᠬᠤ᠂ ᠰᠢᠯᠵᠢᠬᠦ ᠳᠠᠪᠳᠠᠮᠵᠢ ᠶᠢ ᠪᠠᠭᠠᠰᠬᠠᠬᠤ ᠬᠡᠷᠡᠭᠲᠡᠶ᠃ | ᠠᠶᠠᠨᠴᠢᠳ ᠤᠨ ᠮᠠᠰᠢᠨ᠂ ᠨᠡᠶᠢᠲᠡ ᠶᠢᠨ ᠮᠠᠰᠢᠨ᠂ ᠲᠦᠷᠢᠶᠡᠰᠦᠨ ᠮᠠᠰᠢᠨ ᠵᠡᠷᠭᠡ ᠣᠯᠠᠨ ᠨᠡᠶᠢᠲᠡ ᠶᠢᠨ ᠵᠠᠮ | ᠬᠠᠷᠢᠯᠴᠠᠭᠠᠨ ᠤ ᠪᠠᠭᠠᠵᠢ ᠳᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠯ᠎ᠡ ᠵᠦᠶᠯ ᠤᠨ ᠠᠷᠭ᠎ᠠ ᠬᠡᠮᠵᠢᠶ᠎ᠡ ᠶᠢ | ᠴᠢᠩᠭ᠎ᠠ ᠨᠠᠶᠢᠳᠠᠪᠤᠷᠢᠵᠢᠭᠤᠯᠵᠤ᠂ ᠠᠶᠠᠨᠴᠢᠳ ᠠᠷᠠᠳ ᠢᠷᠭᠡᠳ ᠤᠨ ᠡᠭᠦᠷᠭᠡ ᠬᠠᠷᠢᠭᠤᠴᠠᠯᠭ᠎ᠠ ᠪᠠᠨ ᠭᠦᠶᠴᠡᠳᠬᠡᠵᠦ᠂ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠬᠠᠮᠵᠢᠯᠴᠠᠬᠤ ᠬᠡᠷᠡᠭᠲᠡᠶ᠃ ᠬᠤᠰᠢᠭᠤ ᠠᠯᠤᠰᠯᠠᠨ ᠬᠠᠤᠯᠢ | ᠪᠤᠰᠤ ᠪᠠᠷ ᠡᠵᠡᠩᠨᠡᠵᠣ ᠪᠠᠶᠢᠭ᠎ᠠ ᠲᠦᠷᠢᠶᠡᠰᠦᠨ ᠮᠠᠰᠢᠨ ᠳᠤ ᠴᠢᠩᠭ᠎ᠠ ᠴᠣᠬᠢᠯᠲᠠ ᠥᠭᠴᠦ᠂ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠡᠯ᠎ᠡ ᠵᠦᠢᠯ ᠤᠨ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠣᠷᠢᠵᠢᠭᠤᠯᠬᠤ ᠬᠡᠷᠡᠭᠲᠠᠢ᠃ | ᠳᠣᠯᠤᠭ᠎ᠠ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ᠂ ᠡᠷᠡᠭᠦᠯ ᠬᠠᠮᠠᠭᠠᠯᠠᠯ ᠡᠷᠡᠭᠦᠯ ᠮᠡᠨᠳᠦ᠂ | ᠪᠣᠭᠤᠮᠲᠠ ᠶᠢᠨ ᠶᠠᠪᠣᠳᠠᠯ ᠵᠡᠷᠭᠡ ᠰᠠᠯᠠᠭ᠎ᠠ ᠮᠦᠴᠢᠷ ᠨᠢ ᠬᠦᠶᠲᠡᠨ ᠬᠡᠯᠬᠢᠶᠡᠲᠦ ᠢᠳᠡᠭᠡᠨ ᠤ ᠪᠥᠭᠡᠮ ᠬᠦᠴᠢᠯ ᠤᠨ | ᠪᠠᠶᠢᠴᠠᠭᠠᠯᠳᠠ ᠳᠤ ᠬᠢᠷᠢ ᠲᠡᠩᠴᠡᠭᠰᠡᠨ ᠭᠡᠷᠡᠴᠢ ᠪᠠ ᠠᠷᠢᠭᠤᠳᠬᠠᠭᠰᠠᠨ ᠭᠡᠷᠡᠴᠢ ᠵᠡᠷᠭᠡ ︽ᠬᠤᠶᠠᠷ ᠭᠡᠷᠡᠴᠢ ︾ | ᠠᠪᠬᠤ᠂ ᠬᠦᠶᠲᠡᠨ ᠬᠡᠯᠬᠢᠶᠡᠲᠦ ᠢᠳᠡᠭᠡᠨ ᠤ ᠲᠤᠰᠬᠠᠶ ᠨᠡᠪᠲᠡᠷᠡᠬᠦ ᠵᠠᠮ᠂ ᠪᠠᠷᠠᠭ᠎ᠠ ᠣᠷᠣᠭᠤᠯᠬᠤ ᠲᠤᠰᠬᠠᠶ ᠲᠣᠭᠤᠷᠢᠭ | ᠤᠨ ᠲᠤᠰᠬᠠᠶ ᠬᠥᠮᠥᠷᠭᠡ᠂ ᠲᠤᠰᠬᠠᠶ ᠯᠠᠩᠭᠦᠶ ᠶᠢᠨ ᠪᠣᠷᠣᠯᠠᠭᠤᠯᠭ᠎ᠠ ᠵᠡᠷᠭᠡ ︽ᠭᠤᠷᠪᠠᠨ ᠲᠤᠰᠬᠠᠶ ᠪᠠᠶᠢᠬᠤ︾ | ᠵᠢᠷᠤᠮᠵᠢᠯ ᠤᠨ ᠠᠷᠭ᠎ᠠ ᠬᠡᠮᠵᠢᠶ᠎ᠡ ᠶᠢ ᠪᠣᠳᠠᠲᠠᠶ ᠳᠤ ᠨᠠᠶᠢᠳᠠᠪᠤᠷᠢᠵᠢᠭᠤᠯᠬᠤ ᠶᠢ ᠪᠥᠬᠦ ᠲᠠᠯ᠎ᠠ ᠪᠠᠷ ᠠᠬᠢᠭᠤᠯᠵᠤ᠂ | ᠢᠳᠡᠭᠡᠨ ᠤ ᠵᠦᠢᠯᠡᠰ᠂ ᠣᠷᠴᠢᠨ ᠲᠣᠭᠤᠷᠢᠨ ᠪᠠ ᠠᠵᠢᠯᠳᠠᠳ ᠤᠨ ᠥᠯᠢᠭᠡᠷ ᠬᠡᠪ ᠢ ᠬᠢᠨᠠᠨ ᠬᠡᠮᠵᠢᠬᠦ ᠪᠠᠨ | ᠴᠢᠩᠭᠠᠳᠬᠠᠵᠤ᠂ ᠭᠠᠳᠠᠭᠠᠳᠤ ᠠᠴᠠ ᠣᠷᠣᠭᠤᠯᠬᠤ ᠬᠦᠶᠲᠡᠨ ᠬᠡᠯᠬᠢᠶᠡᠲᠦ ᠢᠳᠡᠭᠡᠨ ᠠᠴᠠ ᠰᠢᠨ᠎ᠡ ᠲᠢᠲᠢᠮᠯᠢᠭ ᠸᠢᠷᠦ᠋ᠰ | ᠬᠠᠯᠳᠠᠪᠦᠷᠢᠯᠠᠬᠤ ᠠᠴᠠ ᠴᠢᠩᠭ᠎ᠠ ᠰᠡᠷᠭᠡᠶᠢᠯᠡᠬᠦ ᠬᠡᠷᠡᠭᠲᠡᠶ᠃ | ᠨᠠᠶᠮᠠ᠂ ᠮᠣᠩᠭᠤᠯ ᠤᠯᠤᠰ ᠤᠨ ᠬᠢᠵᠢᠭ ᠤᠨ ᠪᠠᠶᠢᠳᠠᠯ ᠢ ᠴᠠᠭ ᠲᠤᠬᠠᠶ ᠳᠤᠨᠢ ᠰᠤᠳᠤᠯᠤᠨ ᠮᠠᠭᠠᠳᠯᠠᠵᠤ᠂ | ᠬᠤᠰᠢᠭᠤ ᠡᠮᠴᠢᠯᠡᠭᠡᠨ ᠤ ᠰᠡᠷᠭᠡᠶᠢᠯᠡᠨ ᠡᠵᠡᠮᠳᠡᠬᠦ᠂ ᠨᠡᠶᠢᠭᠡᠮ ᠤᠨ ᠬᠠᠮᠢᠶᠠᠷᠤᠨ ᠡᠵᠡᠮᠳᠡᠬᠦ᠂ ᠭᠠᠳᠠᠭᠠᠳᠤ ᠳᠤ | ᠬᠤᠯᠪᠣᠭᠳᠠᠬᠤ ᠠᠵᠢᠯ ᠤᠨ ᠳᠤᠭᠤᠶᠢᠯᠠᠩ ᠵᠢᠴᠢ ᠪᠣᠭᠤᠮᠲᠠ᠂ ᠬᠢᠯᠢ ᠶᠢᠨ ᠪᠠᠶᠢᠴᠠᠭᠠᠯᠲᠠ᠂ ᠳᠣᠲᠣᠭᠠᠳᠤ ᠶᠢ | ᠬᠠᠮᠠᠭᠠᠯᠠᠬᠤ᠂ ᠵᠠᠮ ᠬᠠᠷᠢᠯᠴᠠᠭ᠎ᠠ᠂ ᠬᠤᠳᠠᠯᠳᠤᠭᠠᠨ ᠤ ᠶᠠᠪᠤᠳᠠᠯ ᠵᠡᠷᠭᠡ ᠰᠠᠯᠠᠭ᠎ᠠ ᠮᠥᠴᠢᠷ ᠤᠨ ᠡᠭᠦᠷᠭᠡ | ᠬᠠᠷᠢᠭᠤᠴᠠᠯᠭ᠎ᠠ ᠶᠢ ᠴᠢᠩᠭᠠᠳᠬᠠᠵᠣ᠂ ᠠᠵᠢᠯᠲᠠᠨ᠂ ᠲᠡᠷᠭᠡ ᠬᠥᠰᠬᠡ᠂ ᠡᠳ᠋ ᠪᠠᠷᠠᠭ᠎ᠠ ᠶᠢᠨ ᠪᠥᠬᠦ ᠶᠠᠪᠤᠴᠠ ᠳᠤ | ᠪᠢᠲᠡᠭᠦᠮᠵᠢᠯᠡᠭᠰᠡᠨ ᠬᠠᠮᠢᠶᠠᠷᠤᠯᠲᠠ ᠬᠢᠬᠦ ᠶᠢ ᠦᠨᠡᠨᠬᠦ ᠪᠠᠲᠤᠯᠠᠵᠤ᠂ ᠲᠣᠭᠲᠠᠮᠠᠯ ᠬᠤᠭᠤᠴᠠᠭ᠎ᠠ ᠲᠠᠢ ᠵᠤᠷᠰᠢᠯᠲᠤ ᠬᠤᠷᠠᠯ | ᠬᠢᠬᠦ᠂ ᠮᠡᠳᠡᠭᠡ ᠵᠠᠩᠭᠢ ᠶᠢ ᠵᠠᠷᠯᠠᠬᠤ᠂ ᠲᠤᠰᠬᠠᠶ ᠮᠡᠷᠭᠡᠵᠢᠯᠲᠡᠨ ᠠᠴᠠ ᠶᠠᠷᠢᠯᠴᠠᠬᠤ ᠵᠡᠷᠭᠡ ᠲᠦᠷᠢᠮ ᠢ ᠪᠦᠷᠢᠨᠰᠢᠬᠦᠯᠵᠣ | ᠂ ᠬᠢᠯᠢ ᠶᠢᠨ ᠭᠠᠳᠠᠨ᠎ᠠ ᠠᠴᠠ ᠬᠠᠯᠳᠠᠪᠣᠷᠢᠯᠠᠬᠤ ᠠᠴᠠ ᠴᠢᠩᠭ᠎ᠠ ᠰᠡᠷᠭᠡᠶᠢᠯᠡᠬᠦ ᠬᠡᠷᠡᠭᠲᠡᠶ᠃ | ᠶᠢᠰᠦ᠂ ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ᠂ ᠡᠯ᠎ᠡ ᠲᠦᠷᠦᠯ ᠤᠨ ᠰᠣᠷᠭᠠᠭᠤᠯᠢ ᠨᠢ | ᠰᠤᠷᠤᠭᠴᠢᠳ ᠤᠨ ᠰᠤᠷᠭᠠᠭᠤᠯᠢ ᠳᠠᠭᠠᠨ ᠪᠤᠴᠠᠬᠤ ᠠᠵᠢᠯᠯᠠᠭ᠎ᠠ ᠶᠢ ᠲᠣᠬᠢᠷᠠᠭᠤᠯᠬᠤ ᠦᠭᠡᠶ᠂ ᠰᠤᠷᠭᠠᠭᠤᠯᠢ ᠴᠣᠭᠯᠠᠬᠤ | ᠦᠶ᠎ᠡ ᠳᠤ ᠪᠠᠭᠰᠢ ᠠᠵᠢᠯᠳᠠᠨ ᠪᠠ ᠰᠣᠷᠣᠭᠴᠢᠳ ᠪᠦᠯᠦᠭ ᠬᠤᠪᠢᠶᠠᠨ ᠴᠠᠭ ᠵᠥᠷᠢᠭᠦᠯᠦᠨ ᠰᠣᠷᠭᠠᠭᠤᠯᠢ ᠳᠠᠭᠠᠨ | ᠪᠣᠴᠠᠨ᠎ᠠ᠃ ᠪᠠᠭᠰᠢ ᠰᠤᠷᠤᠭᠴᠢᠳ ᠬᠢᠯᠢ ᠶᠢᠨ ᠭᠠᠳᠠᠨ᠎ᠠ ᠪᠤᠶᠤ ᠳᠤᠮᠳᠠ᠂ ᠦᠨᠳᠣᠷ ᠳᠡᠰ ᠤᠨ ᠠᠶᠤᠯ | ᠲᠦᠭᠰᠢᠬᠦᠷᠢᠲᠠᠢ ᠭᠠᠵᠠᠷ ᠣᠷᠣᠨ ᠳᠤ ᠣᠴᠢᠵᠤ ᠲᠥᠷᠥᠯ ᠰᠠᠳᠤᠨ ᠢᠶᠠᠨ ᠡᠷᠭᠢᠵᠦ ᠦᠵᠡᠬᠦ ᠠᠴᠠ ᠵᠠᠶᠢᠯᠠᠰᠬᠢᠵᠦ᠂ | ᠰᠤᠷᠭᠠᠭᠤᠯᠢ ᠨᠢ ᠪᠠᠭᠰᠢ ᠰᠤᠷᠤᠭᠴᠢᠳ ᠤᠨ ᠬᠡᠷ ᠲᠡᠭᠡᠨ ᠰᠠᠭᠤᠵᠤ ᠪᠠᠶᠢᠭ᠎ᠠ ᠪᠠᠶᠢᠳᠠᠯ ᠢ ᠴᠠᠭ ᠲᠤᠬᠠᠶ ᠳᠤᠨᠢ | ᠦᠢᠯᠠᠭᠠᠬᠤ ᠬᠡᠷᠡᠭᠲᠡᠶ᠃ ᠭᠠᠳᠠᠨ᠎ᠠ ᠰᠤᠷᠤᠯᠴᠠᠵᠤ ᠪᠠᠶᠢᠭ᠎ᠠ ᠰᠤᠷᠤᠭᠴᠢᠳ ᠬᠤᠰᠢᠭᠤᠨ ᠳᠠᠭᠠᠨ ᠪᠤᠴᠠᠬᠤ ᠳᠤ ᠰᠤᠮᠤ | ᠪᠠᠯᠭᠠᠰᠤ ︵ᠲᠠᠯᠠᠪᠠᠶ︶᠂ ᠭᠠᠴᠠᠭ᠎ᠠ ︵ᠨᠡᠶᠢᠭᠡᠮ ᠲᠣᠭᠤᠷᠢᠭ︶ ᠳᠤ ᠪᠠᠨ ᠰᠠᠨᠠᠭᠠᠴᠢᠯᠠᠭ᠎ᠠ ᠠᠴᠠ ᠪᠠᠨ ᠮᠡᠳᠡᠬᠦᠯᠵᠣ᠂ | ᠪᠥᠭᠡᠮ ᠬᠦᠴᠢᠯ ᠤᠨ ᠪᠠᠶᠢᠴᠠᠭᠠᠯᠲᠠ ᠶᠢᠨ ᠭᠡᠷᠡᠴᠢ ᠶᠢ ᠬᠠᠷᠭᠤᠭᠤᠯᠤᠨ ᠪᠠᠶᠢᠴᠠᠭᠠᠬᠤ᠂ ᠨᠡᠶᠢᠭᠡᠮ ᠲᠣᠭᠤᠷᠢᠭ ︵ | ᠭᠠᠴᠠᠭ᠎ᠠ︶ ᠤᠨ ᠡᠷᠡᠭᠦᠯ ᠮᠡᠨᠳᠦ ᠶᠢᠨ ᠬᠠᠮᠢᠶᠠᠷᠤᠯᠲᠠ ᠶᠢᠨ ᠰᠡᠷᠭᠡᠶᠢᠯᠡᠨ ᠡᠵᠡᠮᠳᠡᠬᠦ ᠱᠠᠭᠠᠷᠳᠠᠯᠭ᠎ᠠ ᠳᠤ ᠢᠳᠡᠪᠬᠢᠲᠠᠢ | ᠬᠠᠮᠵᠢᠯᠴᠠᠬᠤ ᠬᠡᠷᠡᠭᠲᠡᠶ᠃ ᠰᠤᠷᠭᠠᠭᠤᠯᠢ ᠶᠢᠨ ᠭᠠᠳᠠᠨᠠᠬᠢ ᠪᠣᠯᠪᠠᠰᠣᠷᠠᠯ ᠤᠨ ᠪᠠᠶᠢᠭᠤᠯᠤᠮᠵᠢ ᠨᠢ ᠠᠵᠢᠯᠲᠠᠨ ᠢ | ᠬᠠᠮᠢᠶᠠᠷᠤᠨ ᠡᠵᠡᠮᠳᠡᠬᠦ᠂ ᠡᠷᠡᠭᠦᠯ ᠮᠡᠨᠳᠦ ᠶᠢ ᠬᠢᠨᠠᠨ ᠬᠡᠮᠵᠢᠬᠦ᠂ ᠰᠠᠯᠬᠢ ᠨᠡᠪᠲᠡᠷᠡᠭᠦᠯᠦᠨ ᠠᠷᠢᠭᠤᠳᠬᠠᠬᠤ ᠵᠡᠷᠭᠡ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠬᠡᠷᠡᠭᠲᠡᠶ᠃ | ᠠᠷᠪᠠ᠂ ᠨᠠᠰᠣᠳᠠᠶᠢᠴᠣᠳ ᠢ ᠠᠰᠠᠷᠠᠬᠤ ᠬᠦᠷᠢᠶᠡᠯᠡᠩ᠂ ᠠᠰᠠᠷᠠᠮᠵᠢ ᠶᠢᠨ ᠬᠦᠷᠢᠶᠡᠯᠡᠩ ᠪᠠ ᠬᠢᠨᠠᠨ ᠬᠠᠮᠢᠶᠠᠷᠬᠤ | ᠲᠠᠯᠠᠪᠤᠷ ᠵᠡᠷᠭᠡ ᠭᠤᠣᠯᠳᠠᠯᠭ᠎ᠠ ᠲᠠᠢ ᠲᠠᠯᠠᠪᠤᠷ ᠨᠢ ᠴᠠᠭᠠᠨ ᠰᠠᠷ᠎ᠠ ᠶᠢᠨ ᠬᠤᠭᠤᠴᠠᠭᠠᠨ ᠳᠤ ᠵᠠᠷᠴᠢᠮ ᠳᠡᠭᠡᠷ᠎ᠡ ᠪᠠᠨ | ᠪᠢᠲᠡᠭᠦᠮᠵᠢᠯᠡᠨ ᠬᠠᠮᠢᠶᠠᠷᠣᠯᠲᠠ ᠬᠢᠬᠦ ᠬᠡᠷᠡᠭᠳᠡᠢ᠃ ᠣᠷᠣᠵᠤ ᠭᠠᠷᠬᠤ ᠴᠢᠬᠤᠯᠠᠲᠠᠶ ᠪᠣᠯ᠂ ᠪᠡᠶ᠎ᠡ ᠶᠢᠨ ᠳᠣᠯᠠᠭᠠᠨ ᠢ | ᠬᠡᠮᠵᠢᠵᠣ᠂ ︽ᠡᠷᠡᠭᠦᠯ ᠮᠡᠨᠳᠦ ᠶᠢᠨ ᠺᠣᠳ᠋ ︾ ᠢ ᠴᠢᠩᠭ᠎ᠠ ᠬᠠᠷᠭᠤᠭᠤᠯᠣᠨ ᠪᠠᠶᠢᠴᠠᠭᠠᠬᠤ ᠶᠢᠨ ᠬᠠᠮᠲᠤ᠂ 7 ᠡᠳᠦᠷ | ᠤᠨ ᠳᠣᠲᠣᠷᠠᠬᠢ ᠪᠢᠯᠢᠭ ᠴᠢᠨᠠᠷᠲᠠᠢ ᠮᠡᠳᠡᠬᠦᠯᠦᠯᠲᠡ ᠬᠠᠩᠭᠠᠬᠤ ᠬᠡᠷᠡᠭᠲᠡᠢ᠃ ᠠᠵᠢᠯᠲᠠᠨ ᠤ ᠡᠳᠦᠷ ᠪᠦᠷᠢ ᠶᠢᠨ ᠡᠷᠡᠭᠦᠯ | ᠮᠡᠨᠳᠦ ᠶᠢᠨ ᠬᠢᠨᠠᠨ ᠬᠡᠮᠵᠢᠯᠲᠡ ᠶᠢ ᠰᠠᠶᠢᠲᠤᠷ ᠬᠢᠬᠦ ᠶᠢᠨ ᠬᠠᠮᠲᠤ ᠠᠵᠢᠯ ᠲᠥᠷᠥᠯ ᠤᠨ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢᠨ ᠱᠠᠭᠠᠷᠳᠠᠯᠭ᠎ᠠ ᠶᠢ ᠨᠠᠶᠢᠳᠠᠪᠤᠷᠢᠵᠢᠭᠤᠯᠬᠤ ᠬᠡᠷᠡᠭᠲᠡᠢ᠃ | ᠠᠷᠪᠠᠨ ᠨᠢᠭᠡ᠂ ᠲᠥᠪᠯᠡᠷᠡᠭᠦᠯᠦᠨ ᠠᠵᠢᠯᠯᠠᠬᠤ ᠭᠠᠵᠠᠷ᠂ ᠠᠷᠠᠳ ᠲᠤ ᠲᠥᠬᠦᠮ ᠦᠵᠡᠭᠦᠯᠬᠦ ᠦᠢᠯᠡᠴᠢᠯᠡᠭᠡᠨ ᠤ | ᠲᠢᠩᠬᠢᠮ᠂ ᠲᠣᠮᠣ ᠠᠵᠤ ᠠᠬᠤᠶᠢᠯᠠᠯ᠂ ᠬᠤᠳᠠᠯᠳᠤᠭᠠᠨ ᠤ ᠲᠠᠯᠠᠪᠠᠶ᠂ ᠬᠡᠲᠦ ᠳᠡᠯᠭᠡᠭᠦᠷ᠂ ᠲᠠᠷᠢᠶᠠᠯᠠᠩ ᠤᠨ | ᠪᠦᠲᠦᠭᠡᠭᠳᠡᠭᠦᠨ ᠤ ᠠᠷᠠᠯᠵᠢᠶᠠᠨ ᠤ ᠵᠠᠬ᠎ᠠ ᠳᠡᠯᠭᠡᠭᠦᠷ᠂ ᠵᠣᠴᠢᠳ ᠤᠨ ᠪᠠᠭᠤᠳᠠᠯ᠂ ᠨᠣᠮ ᠤᠨ ᠰᠠᠩ᠂ ᠡᠮ ᠤᠨ | ᠳᠡᠯᠭᠡᠭᠦᠷ᠂ ᠺᠢᠨᠣ᠋ ᠶᠢᠨ ᠣᠷᠳᠣᠨ᠂ ᠰᠦᠯᠵᠢᠶᠡᠨ ᠪᠠᠭᠠᠷ᠂ KTV᠂ ᠠᠷᠢᠬᠢᠨ ᠮᠣᠬᠤᠯᠠᠭ᠂ ᠪᠡᠶ᠎ᠡ ᠤᠬᠢᠶᠠᠬᠤ ᠭᠠᠵᠠᠷ | ᠵᠡᠷᠭᠡ ᠬᠥᠮᠦᠨ ᠨᠢᠭᠲᠠᠷᠠᠭᠰᠠᠨ ᠭᠠᠵᠠᠷ ᠨᠢ ᠡᠷᠡᠭᠦᠯ ᠮᠡᠨᠳᠦ ᠶᠢᠨ ᠬᠢᠨᠠᠨ ᠬᠡᠮᠵᠢᠯᠲᠡ᠂ ᠠᠶᠠᠯᠠᠯ ᠤᠨ ᠺᠣᠳ᠋ ᠶᠢ | ᠪᠠᠶᠢᠴᠠᠭᠠᠬᠤ᠂ ᠠᠷᠢᠭᠤᠳᠬᠠᠵᠣ ᠰᠠᠯᠬᠢ ᠨᠡᠪᠲᠡᠷᠡᠭᠦᠯᠬᠦ᠂ ᠰᠢᠨᠵᠢᠯᠡᠬᠦ ᠤᠬᠠᠭᠠᠨᠴᠢ ᠪᠠᠷ ᠠᠮᠠᠪᠴᠢ ᠵᠡᠭᠦᠬᠦ᠂ 1 | ᠮᠧᠲᠷ ᠠᠴᠠ ᠳᠡᠭᠡᠭᠰᠢᠬᠢ ᠨᠡᠶᠢᠭᠡᠮ ᠤᠨ ᠬᠠᠷᠢᠯᠴᠠᠭᠠᠨ ᠤ ᠵᠠᠶ ᠶᠢ ᠪᠠᠲᠤᠯᠠᠬᠤ ᠵᠡᠷᠭᠡ ᠰᠡᠷᠭᠡᠶᠢᠯᠡᠨ ᠡᠵᠡᠮᠳᠡᠬᠦ ᠠᠷᠭ᠎ᠠ | ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠵᠤ᠂ ᠬᠦᠮᠦᠨ ᠬᠡᠳᠣ ᠪᠦᠭᠡᠮᠨᠡᠷᠡᠬᠦ ᠠᠴᠠ ᠵᠠᠶᠢᠯᠠᠰᠬᠢᠬᠦ ᠬᠡᠷᠡᠭᠲᠡᠶ᠃ ᠡᠯ᠎ᠡ | ᠲᠥᠷᠥᠯ ᠤᠨ ᠨᠠᠭᠠᠳᠣᠮ ᠴᠡᠩᠭᠡᠯ ᠤᠨ ᠭᠠᠵᠠᠷ ᠨᠢ ᠭᠥᠯᠢᠶᠡᠨ ᠠᠪᠬᠤ ᠬᠡᠪᠴᠢᠶ᠎ᠡ ᠪᠠᠨ ᠴᠢᠩᠭ᠎ᠠ ᠬᠢᠵᠠᠭᠠᠷᠯᠠᠵᠣ᠂ | ᠬᠡᠷᠡᠭᠯᠡᠭᠴᠢᠳ ᠤᠨ ᠲᠤᠭ᠎ᠠ ᠶᠢ ᠬᠢᠨᠠᠨ ᠲᠣᠭᠲᠠᠭᠠᠭᠰᠠᠨ ᠬᠥᠮᠦᠨ ᠤ ᠲᠤᠭ᠎ᠠ ᠶᠢᠨ 75 % ᠠᠴᠠ ᠬᠡᠳᠦᠷᠡᠬᠦᠯᠵᠣ | ᠪᠣᠯᠬᠤ ᠦᠭᠡᠢ᠃ ᠡᠯᠧᠺᠲᠷᠣᠨ ᠬᠤᠳᠠᠯᠳᠤᠭᠠᠨ ᠤ ᠠᠵᠤ ᠠᠬᠤᠶᠢᠯᠠᠯ ᠢ ᠬᠥᠲᠥᠯᠥᠨ ᠵᠢᠯᠣᠭᠤᠳᠴᠤ᠂ ᠣᠯᠠᠨ | ᠲᠦᠮᠡᠨ ᠤ ᠬᠤᠳᠠᠯᠳᠤᠨ ᠠᠪᠬᠤ ᠳᠤ ᠲᠥᠬᠦᠮ ᠦᠵᠡᠭᠦᠯᠵᠦ᠂ ᠰᠦᠯᠵᠢᠶ᠎ᠡ ᠪᠠ ᠬᠤᠷᠰᠢᠶ᠎ᠠ ᠳᠡᠯᠭᠡᠬᠦᠷ ᠠᠴᠠ | ᠬᠤᠳᠠᠯᠳᠣᠨ ᠠᠪᠬᠤ ᠶᠢ ᠬᠠᠷᠢᠯᠴᠠᠨ ᠣᠶᠠᠯᠳᠣᠭᠤᠯᠬᠤ ᠶᠢ ᠰᠠᠨᠠᠭᠠᠴᠢᠯᠠᠨ᠂ ᠰᠢᠨ᠎ᠡ ᠶᠢᠨ ᠪᠠᠷᠠᠭ᠎ᠠ ᠬᠤᠳᠠᠯᠳᠣᠨ ᠠᠪᠬᠤ | ᠠᠴᠠ ᠪᠣᠯᠵᠣ ᠬᠦᠮᠦᠨ ᠬᠡᠳᠦ ᠪᠦᠭᠡᠮᠨᠡᠷᠡᠬᠦ ᠪᠠᠶᠢᠳᠠᠯ ᠡᠬᠦᠰᠬᠦ ᠠᠴᠠ ᠵᠠᠶᠢᠯᠠᠰᠬᠢᠬᠦ ᠭᠡᠷᠡᠭᠲᠠᠢ᠃ | ᠠᠷᠪᠠᠨ ᠬᠤᠶᠠᠷ᠂ ᠢᠳᠡᠭᠡᠨ ᠤᠮᠳᠠᠭᠠᠨ ᠤ ᠦᠢᠯᠡᠴᠢᠯᠡᠭᠡᠨ ᠤ ᠨᠢᠭᠡᠴᠡ ᠨᠢ ᠬᠠᠮᠢᠶᠠᠷᠤᠯᠲᠠ ᠪᠠᠨ ᠦᠨᠡᠨᠬᠦ | ᠴᠢᠩᠭᠠᠳᠬᠠᠨ᠂ ᠣᠷᠴᠢᠨ ᠲᠣᠭᠤᠷᠢᠨ ᠤ ᠠᠷᠢᠭᠤᠨ ᠴᠡᠪᠡᠷ ᠢ ᠪᠠᠳᠣᠯᠠᠵᠣ᠂ ᠢᠳᠡᠭᠡᠨ ᠤ ᠵᠦᠢᠯᠡᠰ ᠢ ᠬᠤᠳᠠᠯᠳᠤᠨ | ᠠᠪᠬᠤ᠂ ᠡᠳ᠋ᠰᠢᠭᠦᠯᠦᠨ ᠪᠣᠯᠪᠠᠰᠤᠷᠠᠭᠤᠯᠬᠤ ᠶᠠᠪᠣᠴᠠ ᠪᠠᠨ ᠴᠢᠩᠭᠠᠳᠬᠠᠨ᠂ ᠦᠢᠯᠡᠴᠢᠯᠡᠭᠡᠨ ᠤ ᠠᠵᠢᠯᠯᠠᠭ᠎ᠠ ᠪᠠᠨ | ᠵᠢᠷᠤᠮᠵᠢᠭᠤᠯᠵᠤ᠂ ᠡᠯ᠎ᠡ ᠵᠦᠢᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠰᠠᠶᠢᠲᠤᠷ ᠨᠠᠶᠢᠳᠠᠪᠤᠷᠢᠵᠢᠭᠤᠯᠬᠤ | ᠬᠡᠷᠡᠭᠲᠡᠶ᠃ ᠵᠣᠴᠢᠳ ᠤᠨ ᠪᠡᠶ᠎ᠡ ᠶᠢᠨ ᠲᠣᠯᠠᠭᠠᠨ ᠢ ᠬᠡᠮᠵᠢᠬᠦ ᠪᠠ ︽ᠡᠷᠡᠭᠦᠯ ᠮᠡᠨᠳᠦ ᠶᠢᠨ ᠺᠣᠳ᠋ ︾ ᠤᠨ | ᠪᠠᠶᠢᠴᠠᠭᠠᠯᠲᠠ ᠶᠢ ᠰᠠᠶᠢᠲᠤᠷ ᠬᠢᠵᠦ᠂ ᠬᠤᠭᠤᠯᠠ ᠢᠳᠡᠬᠦ ᠥᠬᠡᠶ ᠦᠶ᠎ᠡ ᠳᠤ ᠠᠮᠠᠪᠴᠢ ᠵᠡᠭᠦᠵᠦ᠂ ᠬᠤᠭᠤᠯᠠ ᠢᠳᠡᠬᠦ | ᠦᠶ᠎ᠡ ᠳᠤ ᠵᠠᠶᠢᠲᠠᠶ ᠪᠠᠶᠢᠬᠤ ᠶᠢ ᠰᠠᠨᠠᠭᠤᠯᠬᠤ ᠬᠡᠷᠡᠭᠲᠡᠶ᠃ ᠳᠡᠯᠭᠡᠭᠦᠷ ᠲᠤ ᠣᠷᠣᠬᠤ ᠬᠥᠮᠦᠰ ᠤᠨ ᠣᠪᠣᠭ ᠨᠡᠷ᠎ᠡ᠂ | ᠬᠠᠷᠢᠯᠴᠠᠬᠤ ᠠᠷᠭ᠎ᠠ ᠪᠠ ᠳᠡᠯᠭᠡᠭᠦᠷ ᠲᠤ ᠣᠷᠣᠭᠰᠠᠨ ᠴᠠᠭ ᠬᠤᠭᠤᠴᠠᠭ᠎ᠠ ᠵᠡᠷᠭᠡ ᠮᠡᠳᠡᠭᠡ ᠵᠠᠩᠭᠢ ᠶᠢ ᠪᠦᠬᠦ ᠲᠠᠯ᠎ᠠ ᠪᠠᠷ | ᠲᠡᠮᠳᠡᠭᠯᠡᠬᠦ ᠶᠢᠨ ᠬᠠᠮᠲᠦ ᠮᠡᠳᠡᠭᠡ ᠵᠠᠩᠭᠢ ᠶᠢ ᠬᠠᠮᠠᠭᠠᠯᠠᠬᠤ ᠠᠵᠢᠯ ᠢ ᠬᠠᠤᠯᠢ ᠶᠣᠰᠣᠭᠠᠷ ᠰᠠᠶᠢᠲᠤᠷ ᠬᠢᠬᠦ ᠬᠡᠷᠡᠭᠲᠡᠶ᠃ | ᠢᠳᠡᠭᠡᠨ ᠤᠮᠳᠠᠭᠠᠨ ᠤ ᠦᠢᠯᠡᠴᠢᠯᠡᠭᠡᠨ ᠤ ᠨᠢᠭᠡᠴᠡ ᠨᠢ 100 ᠬᠥᠮᠦᠨ ᠠᠴᠠ ᠳᠡᠭᠡᠭᠰᠢᠬᠢ ᠬᠠᠮᠲᠣ ᠶᠢᠨ | ᠳᠠᠶᠢᠯᠠᠯᠭ᠎ᠠ ︵ᠬᠤᠷᠢᠮ ᠪᠡᠯᠪᠡᠰᠦᠷᠡᠯ ᠤᠨ ᠨᠠᠶᠢᠷ᠂ ᠲᠥᠷᠥᠭᠰᠡᠨ ᠡᠳᠦᠷ ᠤᠨ ᠨᠠᠶᠢᠷ᠂ ᠬᠤᠷᠠᠯ ᠴᠤᠭᠯᠠᠭᠠᠨ ᠵᠡᠷᠭᠡ | ᠪᠠᠭᠲᠠᠨ᠎ᠠ︶᠂ ᠮᠠᠯᠵᠢᠬᠤ ᠣᠷᠣᠨ ᠨᠢ 40 ᠬᠥᠮᠦᠨ ᠠᠴᠠ ᠳᠡᠭᠡᠭᠰᠢᠬᠢ ᠬᠠᠮᠲᠤ ᠶᠢᠨ ᠳᠠᠶᠢᠯᠠᠯᠭ᠎ᠠ ᠡᠷᠬᠢᠯᠡᠪᠡᠯ᠂ | ᠡᠷᠬᠡᠪᠰᠢ 5 ᠡᠳᠦᠷ ᠤᠨ ᠡᠮᠦᠨ᠎ᠡ ᠬᠤᠰᠢᠭᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ | ᠲᠤ ᠮᠡᠳᠡᠭᠦᠯᠦᠨ ᠳᠠᠩᠰᠠᠯᠠᠭᠤᠯᠬᠤ ᠬᠡᠷᠡᠭᠲᠡᠶ᠃ ᠬᠤᠷᠢᠮ ᠨᠠᠶᠢᠷ ᠵᠡᠷᠭᠡ ᠬᠠᠮᠲᠣ ᠬᠤᠭᠤᠯᠠᠯᠯᠠᠬᠤ ᠠᠵᠢᠯᠯᠠᠭ᠎ᠠ ᠨᠢ | ᠵᠣᠴᠢᠳ ᠤᠨ ᠲᠤᠭ᠎ᠠ ᠪᠠᠨ ᠪᠠᠭᠠᠰᠬᠠᠵᠣ᠂ ᠮᠠᠨ ᠤ ᠬᠤᠰᠢᠭᠤᠨ ᠠᠴᠠ ᠭᠠᠳᠠᠨᠠᠬᠢ ᠬᠥᠮᠦᠰ ᠢ ᠣᠷᠣᠯᠴᠠᠭᠤᠯᠬᠤ ᠥᠬᠡᠶ | ᠪᠠᠶᠢᠬᠤ᠂ ᠭᠡᠷ ᠪᠦᠯᠢ ᠶᠢᠨ ᠴᠤᠭᠯᠠᠭᠠᠨ ᠵᠡᠷᠭᠡ ᠨᠢ 10 ᠬᠥᠮᠦᠨ ᠠᠴᠠ ᠬᠡᠳᠣᠷᠡᠬᠦ ᠦᠭᠡᠢ ᠪᠠᠶᠢᠬᠤ ᠶᠢ ᠰᠠᠨᠠᠭᠤᠯᠵᠦ | ᠪᠠᠶᠢᠨ᠎ᠠ᠃ ᠬᠠᠮᠲᠤ ᠬᠤᠭᠤᠯᠠᠯᠠᠬᠤ ᠳᠠᠭᠠᠨ ︽ᠨᠡᠶᠢᠲᠡ ᠶᠢᠨ ᠰᠠᠪᠬ᠎ᠠ︾ ᠬᠡᠷᠡᠭᠯᠡᠵᠦ᠂ ᠬᠤᠪᠢᠳᠠᠨ ᠬᠤᠭᠤᠯᠠᠯᠠᠬᠤ | ᠶᠢ ᠰᠠᠨᠠᠭᠠᠴᠢᠯᠠᠵᠤ᠂ ᠬᠤᠪᠢ ᠬᠥᠮᠦᠨ ᠤ ᠬᠠᠮᠠᠭᠠᠯᠠᠯᠲᠠ ᠪᠠᠨ ᠰᠠᠶᠢᠲᠤᠷ ᠬᠢᠬᠦ ᠬᠡᠷᠡᠭᠲᠡᠶ᠃ | ᠠᠷᠪᠠᠨ ᠭᠤᠷᠪᠠ᠂ ᠠᠯᠢ ᠴᠢᠳᠠᠬᠤ ᠪᠠᠷ ᠰᠦᠯᠵᠢᠶᠡᠨ ᠳᠡᠭᠡᠷ᠎ᠡ ᠪᠤᠶᠤ ᠸᠢᠳᠢᠣ᠋ ᠶᠢᠨ ᠬᠡᠯᠪᠡᠷᠢ ᠪᠠᠷ ᠬᠤᠷᠠᠯ | ᠬᠤᠷᠠᠯᠳᠤᠭᠤᠯᠵᠤ᠂ ᠦᠨᠡᠨᠬᠦ ᠰᠦᠯᠵᠢᠶᠡᠨ ᠭᠠᠳᠠᠨᠠᠬᠢ ᠬᠤᠷᠠᠯ ᠬᠤᠷᠠᠯᠳᠤᠭᠤᠯᠬᠤ ᠴᠢᠬᠤᠯᠠᠲᠠᠶ ᠪᠠᠶᠢᠪᠠᠯ᠂ ᠬᠤᠷᠠᠯ ᠤᠨ | ᠬᠡᠪᠴᠢᠶ᠎ᠡ ᠶᠢ ᠴᠢᠩᠭ᠎ᠠ ᠬᠢᠵᠠᠭᠠᠷᠯᠠᠬᠤ ᠬᠡᠷᠡᠭᠲᠡᠶ᠃ 50 ᠬᠥᠮᠦᠨ ᠠᠴᠠ ᠳᠡᠭᠡᠭᠰᠢᠬᠢ ᠬᠤᠷᠠᠯ ᠢ ︽ᠬᠡᠨ ᠭᠤᠤᠯᠯᠠᠨ | ᠡᠷᠬᠢᠯᠡᠪᠡᠯ ᠬᠡᠨ ᠬᠠᠷᠢᠭᠤᠴᠠᠬᠤ ︾᠂ ︽ᠬᠡᠨ ᠭᠤᠤᠯᠯᠠᠨ ᠡᠷᠬᠢᠯᠡᠪᠡᠯ ᠬᠡᠨ ᠬᠢᠨᠠᠨ ᠵᠥᠪᠰᠢᠶᠡᠷᠡᠬᠦ︾ ᠵᠠᠷᠴᠢᠮ | ᠶᠣᠰᠣᠭᠠᠷ᠂ ᠭᠤᠤᠯᠯᠠᠨ ᠡᠷᠬᠢᠯᠡᠭᠰᠡᠨ ᠲᠠᠯ᠎ᠠ ᠠᠴᠠ ᠰᠡᠷᠭᠡᠶᠢᠯᠡᠨ ᠡᠵᠡᠮᠳᠡᠬᠦ ᠲᠥᠰᠦᠯ ᠪᠠ ᠪᠠᠴᠢᠮ ᠪᠠᠶᠢᠳᠠᠯ ᠢ | ᠠᠷᠭᠠᠴᠠᠭᠠᠬᠤ ᠪᠡᠯᠡᠳᠬᠡᠯ ᠲᠥᠰᠦᠯ ᠢ ᠲᠣᠭᠲᠠᠭᠠᠬᠤ ᠶᠢᠨ ᠬᠠᠮᠲᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ | ᠡᠯ᠎ᠡ ᠵᠦᠶᠯ ᠤᠨ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠦᠷᠢᠵᠢᠭᠤᠯᠬᠤ ᠬᠡᠷᠡᠭᠲᠡᠢ᠃ ᠵᠠᠷᠴᠢᠮ ᠳᠡᠭᠡᠷ᠎ᠡ ᠪᠠᠨ ᠬᠠᠮᠲᠤ | ᠶᠢᠨ ᠵᠣᠯᠭᠠᠯᠲᠠ ᠪᠠ ᠲᠣᠮᠣ ᠬᠡᠯᠪᠡᠷᠢ ᠶᠢᠨ ᠲᠣᠬᠤᠨᠢᠭᠤᠯᠬᠤ ᠠᠵᠢᠯᠯᠠᠭ᠎ᠠ᠂ ᠬᠠᠮᠲᠤᠷᠠᠭᠰᠠᠨ ᠨᠠᠶᠢᠷ᠂ ᠴᠤᠭᠯᠠᠭᠠᠨ | ᠵᠡᠷᠭᠡ ᠠᠵᠢᠯᠯᠠᠭ᠎ᠠ ᠶᠢ ᠬᠦᠴᠦᠨ ᠥᠬᠡᠶ ᠪᠣᠯᠭᠠᠵᠤ᠂ ᠰᠦᠯᠵᠢᠶᠡᠨ ᠳᠡᠭᠡᠷ᠎ᠡ ᠬᠠᠮᠲᠤ ᠶᠢᠨ ᠵᠣᠯᠭᠠᠯᠲᠠ ᠬᠢᠬᠦ ᠶᠢ | ᠰᠠᠨᠠᠭᠠᠴᠢᠯᠠᠵᠤ᠂ ᠣᠨ ᠤ ᠨᠠᠶᠢᠷ᠂ ᠴᠠᠶᠢᠯᠠᠯᠭ᠎ᠠ᠂ ᠬᠠᠮᠲᠤᠷᠠᠭᠰᠠᠨ ᠨᠠᠶᠢᠷ ᠵᠡᠷᠭᠡ ᠪᠠᠶᠠᠷ ᠤᠨ ᠡᠳᠦᠷ ᠤᠨ ᠠᠵᠢᠯᠯᠠᠭ᠎ᠠ | ᠶᠢᠨ ᠲᠠᠯᠠᠪᠤᠷ ᠤᠳᠠᠭ᠎ᠠ ᠪᠠ ᠬᠡᠪᠴᠢᠶ᠎ᠡ ᠶᠢ ᠪᠠᠭᠠᠰᠬᠠᠬᠤ ᠬᠡᠷᠡᠭᠲᠡᠢ᠃ ᠬᠥᠮᠦᠵᠢᠯ ᠪᠣᠯᠪᠠᠰᠤᠷᠠᠯ ᠂ ᠶᠠᠷᠢᠯᠴᠠᠬᠤ ᠪᠠ | ᠰᠤᠳᠤᠯᠤᠨ ᠶᠠᠷᠢᠯᠴᠠᠬᠤ᠂ ᠤᠷᠠᠨ ᠰᠠᠶᠢᠬᠠᠨ ᠤ ᠲᠣᠭᠯᠠᠯᠲᠠ᠂ ᠪᠡᠶ᠎ᠡ ᠶᠢᠨ ᠲᠠᠮᠢᠷ ᠤᠨ ᠤᠷᠤᠯᠳᠤᠭᠠᠨ᠂ ᠦᠵᠡᠰᠬᠦᠯᠡᠩ | ᠳᠡᠯᠭᠡᠨ ᠪᠣᠷᠣᠯᠠᠭᠤᠯᠭ᠎ᠠ ᠵᠡᠷᠭᠡ ᠠᠵᠢᠯᠯᠠᠭ᠎ᠠ ᠶᠢ ᠴᠢᠩᠭ᠎ᠠ ᠬᠢᠵᠠᠭᠠᠷᠯᠠᠵᠤ᠂ ᠬᠥᠮᠦᠰ ᠤᠨ ᠶᠠᠪᠤᠵᠦ ᠰᠠᠭᠤᠬᠤ ᠶᠢ | ᠴᠢᠩᠭ᠎ᠠ ᠬᠢᠵᠠᠭᠠᠷᠯᠠᠨ᠂ ᠣᠷᠣᠵᠤ ᠭᠠᠷᠬᠤ ᠵᠠᠮ ᠱᠤᠭᠤᠮ ᠢ ᠰᠠᠯᠭᠠᠵᠦ ᠂ ᠪᠡᠶ᠎ᠡ ᠶᠢᠨ ᠲᠣᠯᠠᠭᠠᠨ ᠢ ᠬᠡᠮᠵᠢᠨ | ᠪᠠᠶᠢᠴᠠᠭᠠᠬᠤ ᠪᠠ ᠪᠠᠴᠢᠮ ᠪᠠᠶᠢᠳᠠᠯ ᠢ ᠠᠷᠭᠠᠴᠠᠨ ᠰᠢᠶᠳᠪᠦᠷᠢᠯᠡᠬᠦ ᠪᠡᠯᠡᠳᠬᠡᠯ ᠢ ᠰᠠᠶᠢᠲᠤᠷ ᠬᠢᠬᠦ ᠬᠡᠷᠡᠭᠲᠡᠶ᠃ | ᠠᠷᠪᠠᠨ ᠳᠥᠷᠪᠡ᠂ ᠡᠯ᠎ᠡ ᠲᠥᠷᠦᠯ ᠤᠨ ᠡᠮ ᠤᠨ ᠳᠡᠯᠭᠡᠬᠦᠷ ᠨᠢ ᠳᠡᠯᠭᠡᠭᠦᠷ ᠲᠤ ᠣᠷᠣᠬᠤ ᠬᠥᠮᠦᠰ ᠤᠨ | ᠪᠡᠶ᠎ᠡ ᠶᠢᠨ ᠳᠣᠯᠠᠭᠠᠨ ᠢ ᠬᠡᠮᠵᠢᠬᠦ᠂ ᠠᠮᠠᠪᠴᠢ ᠵᠡᠭᠦᠬᠦ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠬᠠᠯᠠᠭᠤᠨ ᠢ | ᠪᠠᠭᠤᠷᠠᠭᠤᠯᠬᠤ᠂ ᠬᠠᠨᠢᠶᠠᠳᠤ ᠶᠢ ᠵᠣᠭᠰᠣᠭᠠᠬᠤ ᠡᠮ ᠬᠤᠳᠠᠯᠳᠤᠨ ᠠᠪᠬᠤ ᠬᠥᠮᠦᠰ ᠢ ᠦᠨᠡᠨ ᠨᠡᠷ᠎ᠡ ᠪᠠᠷ ᠨᠢ | ᠳᠠᠩᠰᠠᠯᠠᠵᠤ᠂ ᠬᠠᠷᠢᠶ᠎ᠠ ᠣᠷᠣᠨ ᠤ ᠳᠣᠲᠣᠷᠠᠬᠢ ᠨᠡᠶᠢᠭᠡᠮ ᠲᠣᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ | ᠲᠥᠪ ︵ᠰᠤᠮᠤ ᠪᠠᠯᠭᠠᠰᠣᠨ ᠤ ᠡᠷᠡᠭᠦᠯ ᠬᠠᠮᠠᠭᠠᠯᠠᠯ ᠤᠨ ᠬᠤᠷᠢᠶ᠎ᠠ︶ ᠲᠤ ᠮᠡᠳᠡᠭᠦᠯᠵᠦ᠂ ᠨᠡᠶᠢᠭᠡᠮ ᠲᠣᠭᠤᠷᠢᠭ ᠤᠨ | ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ ︵ᠰᠤᠮᠤ ᠪᠠᠯᠭᠠᠰᠣᠨ ᠤ ᠡᠷᠡᠭᠦᠯ ᠬᠠᠮᠠᠭᠠᠯᠠᠯ ᠤᠨ ᠬᠤᠷᠢᠶ᠎ᠠ︶ | ᠠᠴᠠ ᠳᠣᠭᠳᠠᠭᠰᠠᠨ ᠡᠮᠨᠡᠯᠭᠡ ᠶᠢᠨ ᠬᠤᠷᠢᠶᠠᠨ ᠤ ᠬᠠᠯᠠᠭᠤᠷᠠᠬᠤ ᠶᠢ ᠡᠮᠨᠡᠬᠦ ᠡᠭᠦᠳᠡᠨ ᠡᠮᠨᠡᠯᠭᠡ ᠳᠤ ᠰᠠᠯᠭᠠᠨ | ᠡᠮᠨᠡᠭᠦᠯᠬᠦ ᠬᠡᠷᠡᠭᠲᠡᠶ᠃ | ᠠᠷᠪᠠᠨ ᠲᠠᠪᠤ᠂ ᠪᠥᠬᠦ ᠬᠤᠰᠢᠭᠤᠨ ᠤ ᠡᠯ᠎ᠡ ᠱᠠᠲᠤᠨ ᠤ ᠡᠯ᠎ᠡ ᠲᠥᠷᠥᠯ ᠤᠨ ᠪᠠᠶᠢᠭᠤᠯᠭ᠎ᠠ ᠠᠵᠤ ᠠᠬᠤᠶᠢᠯᠠᠯ | ᠠᠵᠢᠯ ᠦᠶᠯᠡᠰ ᠤᠨ ᠨᠢᠭᠡᠴᠡ ᠶᠢᠨ ᠬᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠢ ᠪᠠᠶᠢᠩᠭᠤᠵᠢᠭᠤᠯᠬᠤ | ᠠᠷᠭ᠎ᠠ ᠬᠡᠮᠵᠢᠶ᠎ᠡ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠰᠡᠷᠭᠡᠶᠢᠯᠡᠨ ᠬᠠᠮᠠᠭᠠᠯᠠᠬᠤ ᠵᠦᠭᠯᠡᠭᠦᠷ ᠲᠠᠢ᠂ | ᠰᠡᠷᠭᠡᠶᠢᠯᠡᠨ ᠡᠵᠡᠮᠳᠡᠬᠦ ᠬᠠᠮᠢᠶᠠᠷᠤᠯᠲᠠ ᠶᠢᠨ ᠲᠦᠷᠢᠮ ᠪᠠ ᠬᠠᠷᠢᠭᠤᠴᠠᠯᠭᠠᠲᠠᠨ ᠲᠠᠢ᠂ ᠰᠡᠷᠭᠡᠶᠢᠯᠡᠨ ᠬᠠᠮᠠᠭᠠᠯᠠᠬᠤ ᠡᠳ᠋ | ᠪᠣᠳᠠᠰ ᠲᠥᠬᠦᠭᠡᠷᠦᠮᠵᠢ ᠲᠠᠢ᠂ ᠡᠮᠴᠢᠯᠡᠭᠡᠨ ᠤ ᠬᠦᠴᠦᠨ ᠤ ᠳᠡᠮᠵᠢᠯᠭᠡ ᠲᠠᠢ᠂ ᠦᠯᠡᠳᠡᠭᠡᠨ ᠠᠵᠢᠭᠯᠠᠬᠤ ᠲᠠᠰᠤᠭ ᠪᠠ | ᠰᠢᠯᠵᠢᠭᠦᠯᠦᠨ ᠵᠥᠭᠡᠭᠡᠪᠦᠷᠢᠯᠡᠬᠦ ᠲᠣᠬᠢᠷᠠᠭᠤᠯᠤᠯᠲᠠ ᠲᠠᠢ ᠪᠠᠶᠢᠬᠤ ᠶᠢ ᠦᠨᠡᠨᠬᠦ ᠪᠡᠶᠡᠯᠡᠭᠦᠯᠵᠦ᠂ ᠡᠷᠡᠭᠦᠯ ᠮᠡᠨᠳᠦ ᠶᠢ | ᠠᠬᠢᠭᠤᠯᠬᠤ ᠬᠥᠮᠦᠵᠢᠯ ᠢ ᠦᠨᠡᠨᠬᠦ ᠴᠢᠩᠭᠠᠳᠬᠠᠵᠤ᠂ ᠠᠵᠢᠯᠲᠠᠨ ᠠᠵᠢᠯᠴᠢᠨ ᠤ ᠡᠷᠡᠭᠦᠯ ᠮᠡᠨᠳᠦ ᠶᠢᠨ ᠬᠠᠮᠢᠶᠠᠷᠤᠯᠲᠠ | ᠶᠢ ᠴᠢᠩᠭᠠᠳᠬᠠᠵᠤ᠂ ᠬᠥᠮᠦᠰ ᠤᠨ ᠶᠠᠪᠣᠵᠣ ᠰᠠᠭᠤᠬᠤ ᠬᠠᠮᠢᠶᠠᠷᠤᠯᠲᠠ ᠶᠢ ᠴᠢᠩᠭᠠᠳᠬᠠᠬᠤ ᠬᠡᠷᠡᠭᠲᠡᠶ᠃ ᠤᠯᠠᠨ | ᠨᠡᠶᠢᠲᠡ ᠶᠢᠨ ᠡᠷᠡᠭᠦᠯ ᠬᠠᠮᠠᠭᠠᠯᠠᠯ ᠤᠨ ᠬᠢᠨᠠᠯᠲᠠ ᠲᠠᠯᠪᠢᠭᠴᠢ ᠶᠢ ᠰᠣᠩᠭᠤᠨ ᠲᠤᠬᠢᠷᠠᠭᠤᠯᠵᠤ᠂ ᠪᠣᠯᠪᠠᠰᠤᠷᠠᠯ | ᠬᠦᠷᠲᠡᠭᠡᠵᠦ ᠠᠵᠢᠯ ᠤᠨ ᠪᠠᠶᠢᠷᠢ ᠳᠤ ᠭᠠᠷᠭᠠᠬᠤ ᠶᠢᠨ ᠬᠠᠮᠲᠤ ᠦᠢᠯᠡᠳᠦᠯ ᠢ ᠨᠢ ᠦᠨᠡᠨᠬᠦ ᠪᠠᠳᠠᠷᠠᠭᠤᠯᠵᠤ᠂ ᠴᠠᠭ | ᠲᠤᠬᠠᠢ ᠳᠤᠨᠢ ᠬᠢᠨᠠᠯᠲᠠ ᠲᠠᠯᠪᠢᠨ ᠪᠠᠶᠢᠴᠠᠭᠠᠬᠤ ᠪᠠ ᠠᠯᠳᠠᠭ᠎ᠠ ᠪᠤᠷᠤᠭᠤ ᠶᠢ ᠨᠢ ᠵᠠᠯᠠᠷᠠᠭᠤᠯᠵᠤ᠂ ᠰᠡᠷᠭᠡᠶᠢᠯᠡᠨ | ᠡᠵᠡᠮᠳᠡᠬᠦ ᠲᠣᠭᠲᠠᠴᠠ ᠠᠷᠭ᠎ᠠ ᠬᠡᠮᠵᠢᠶ᠎ᠡ ᠶᠢ ᠦᠷᠭᠦᠯᠵᠢᠯᠡᠨ ᠪᠦᠷᠢᠨᠰᠢᠬᠦᠯᠤᠨ ᠲᠡᠭᠦᠯᠳᠡᠷᠵᠢᠭᠦᠯᠬᠦ ᠬᠡᠷᠡᠭᠲᠡᠢ᠃ | ᠠᠷᠪᠠᠨ ᠵᠢᠷᠭᠤᠭ᠎ᠠ᠂ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ ᠤᠳ ᠮᠠᠯᠵᠢᠬᠤ ᠣᠷᠣᠨ ᠤ ᠬᠢᠵᠢᠭ | ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠬᠤᠰᠢᠭᠤᠨ ᠳᠤ | ᠪᠤᠴᠠᠬᠤ ᠠᠴᠠ ᠡᠮᠦᠨ᠎ᠡ ᠬᠥᠯᠥᠰᠥᠨ ᠠᠵᠢᠯ ᠬᠢᠵᠦ ᠪᠠᠶᠢᠭ᠎ᠠ ᠬᠥᠮᠦᠰ ᠢ ᠬᠥᠮᠦᠵᠢᠭᠦᠯᠦᠨ ᠵᠢᠯᠣᠭᠤᠳᠴᠤ ᠠᠯᠢ | ᠴᠢᠳᠠᠬᠤ ᠪᠠᠷ ᠠᠵᠢᠯᠯᠠᠬᠤ ᠭᠠᠵᠠᠷ ᠲᠤ ᠨᠢ ᠦᠯᠡᠳᠡᠭᠡᠨ᠂ ᠬᠢᠵᠢᠭ ᠤᠨ ᠪᠠᠶᠢᠳᠠᠯ ᠢ ᠮᠠᠯᠵᠢᠬᠤ ᠣᠷᠣᠨ ᠳᠤ | ᠳᠠᠭᠠᠭᠤᠯᠵᠦ ᠢᠷᠡᠬᠦ ᠲᠦᠭᠰᠢᠭᠦᠷᠢ ᠶᠢ ᠪᠠᠭᠠᠰᠬᠠᠬᠤ ᠬᠡᠷᠡᠭᠲᠡᠶ︔ ᠪᠤᠴᠠᠬᠤ ᠵᠠᠮ ᠵᠠᠭᠤᠷ᠎ᠠ᠂ ᠬᠤᠪᠢ ᠬᠥᠮᠦᠨ ᠤ | ᠰᠡᠷᠭᠡᠶᠢᠯᠡᠯᠲᠡ ᠬᠠᠮᠠᠭᠠᠯᠠᠯᠲᠠ ᠪᠠᠨ ᠰᠠᠶᠢᠲᠤᠷ ᠬᠢᠵᠦ᠂ ᠵᠠᠮ ᠵᠠᠭᠤᠷ᠎ᠠ ᠪᠠᠨ ᠬᠢᠵᠢᠭ ᠲᠤ ᠬᠠᠯᠳᠠᠪᠦᠷᠢᠯᠠᠭᠳᠠᠬᠤ | ᠠᠶᠤᠯ ᠲᠦᠭᠰᠢᠭᠦᠷᠢ ᠶᠢ ᠪᠠᠭᠠᠰᠬᠠᠬᠤ ᠬᠡᠷᠡᠭᠳᠡᠢ︔ ᠬᠤᠰᠢᠭᠤᠨ ᠳᠤ ᠢᠷᠡᠭᠰᠡᠨ ᠤ ᠳᠠᠷᠠᠭ᠎ᠠ᠂ ᠳᠤᠲᠠᠭᠤ ᠠᠶᠢᠯ | ᠲᠣᠭᠤᠷᠢᠵᠤ᠂ ᠬᠠᠮᠲᠤ ᠬᠤᠭᠤᠯᠠᠯᠠᠬᠤ ᠬᠥᠮᠦᠨ ᠤ ᠲᠤᠭ᠎ᠠ ᠶᠢ ᠬᠢᠵᠠᠭᠠᠷᠯᠠᠵᠤ᠂ ᠬᠤᠪᠢ ᠬᠥᠮᠦᠨ ᠤ ᠡᠷᠡᠭᠦᠯ ᠮᠡᠨᠳᠦ | ᠶᠢᠨ ᠮᠡᠳᠡᠭᠦᠯᠦᠯᠲᠡ ᠶᠢ ᠴᠢᠩᠭᠠᠳᠬᠠᠬᠤ ᠵᠡᠷᠭᠡ ᠲᠠᠯ᠎ᠠ ᠪᠠᠷ ᠰᠠᠶᠢᠳᠤᠷ ᠬᠥᠲᠥᠯᠥᠨ ᠵᠢᠯᠣᠭᠤᠳᠬᠤ ᠬᠡᠷᠡᠭᠲᠡᠶ᠃ | ᠲᠣᠣᠷᠴᠢᠯᠠᠭᠰᠠᠨ ᠬᠠᠮᠢᠶᠠᠷᠤᠯᠲᠠ ᠶᠢᠨ ᠲᠣᠭᠲᠠᠴᠠ ᠳᠤ ᠲᠦᠰᠢᠭᠯᠡᠨ᠂ ᠬᠢᠯᠢ ᠪᠠᠷ ᠣᠷᠣᠵᠤ ᠢᠷᠡᠭᠰᠡᠨ ᠬᠥᠮᠦᠰ᠂ | ᠳᠤᠮᠳᠠ ᠥᠨᠳᠥᠷ ᠲᠦᠭᠰᠢᠭᠦᠷᠢᠲᠡᠶ ᠭᠠᠵᠠᠷ ᠣᠷᠣᠨ ᠠᠴᠠ ᠢᠷᠡᠭᠰᠡᠨ ᠪᠣᠶᠣ ᠪᠤᠴᠠᠵᠤ ᠢᠷᠡᠭᠰᠡᠨ ᠬᠥᠮᠦᠰ᠂ | ᠬᠤᠰᠢᠭᠤᠨ ᠳᠤ ᠪᠣᠴᠠᠵᠣ ᠢᠷᠡᠭᠰᠡᠨ ᠬᠥᠮᠦᠰ᠂ ᠭᠠᠳᠠᠨ᠎ᠠ ᠠᠴᠠ ᠢᠷᠡᠭᠰᠡᠨ ᠬᠥᠮᠦᠰ ᠵᠡᠷᠭᠡ ᠭᠤᠤᠯᠳᠠᠯᠭ᠎ᠠ ᠲᠠᠢ | ᠬᠥᠮᠦᠰ ᠤᠨ ᠮᠡᠳᠡᠭᠡ ᠵᠠᠩᠭᠢ ᠶᠢ ᠲᠡᠮᠳᠡᠭᠯᠡᠬᠦ᠂ ᠪᠠᠶᠢᠳᠠᠯ ᠢ ᠣᠶᠢᠯᠠᠭᠠᠵᠤ ᠰᠢᠭᠰᠢᠨ ᠪᠠᠶᠢᠴᠠᠭᠠᠬᠤ ᠪᠠ ᠡᠷᠡᠭᠦᠯ | ᠮᠡᠨᠳᠦ ᠶᠢᠨ ᠪᠠᠶᠢᠴᠠᠭᠠᠨ ᠬᠡᠮᠵᠢᠬᠦ ᠠᠵᠢᠯ ᠢ ᠰᠠᠶᠢᠲᠤᠷ ᠬᠢᠬᠦ ᠬᠡᠷᠡᠭᠲᠡᠢ᠃ ᠰᠤᠮᠤ ᠪᠠᠯᠭᠠᠰᠤ ︵ᠲᠠᠯᠠᠪᠠᠢ︶᠂ | ᠭᠠᠴᠠᠭ᠎ᠠ ︵ᠨᠡᠶᠢᠭᠡᠮ ᠲᠣᠭᠤᠷᠢᠭ︶ ᠨᠢ ᠲᠣᠭᠤᠷᠢᠨ ᠬᠢᠨᠠᠨ ᠵᠢᠯᠣᠭᠤᠳᠴᠤ ᠪᠠᠶᠢᠴᠠᠭᠠᠬᠤ ᠪᠠᠨ ᠴᠢᠩᠭᠠᠳᠬᠠᠵᠤ᠂ | ᠬᠠᠯᠠᠭᠤᠷᠠᠬᠤ᠂ ᠬᠠᠨᠢᠶᠠᠯᠭᠠᠬᠤ ᠵᠡᠷᠭᠡ ᠡᠪᠡᠳᠴᠢᠨ ᠤ ᠢᠯᠡᠷᠡᠯ ᠭᠠᠷᠤᠭᠰᠠᠨ ᠬᠥᠮᠦᠰ ᠢ ᠢᠳᠬᠠᠨ ᠬᠡᠷ ᠲᠤᠨᠢ | ᠲᠤᠰᠠᠭᠠᠷᠯᠠᠭᠤᠯᠵᠦ᠂ ᠬᠤᠯᠪᠤᠭᠳᠠᠯ ᠪᠦᠬᠦᠢ ᠪᠠᠶᠢᠳᠠᠯ ᠢᠶᠠᠨ ᠰᠠᠨᠠᠭᠠᠴᠢᠯᠭ᠎ᠠ ᠠᠴᠠ ᠪᠠᠨ ᠮᠡᠳᠡᠭᠦᠯᠵᠦ᠂ ᠭᠠᠴᠠᠭ᠎ᠠ ︵ | ᠨᠡᠶᠢᠭᠡᠮ ᠲᠣᠭᠤᠷᠢᠭ ︶ ᠶᠢᠨ ᠭᠡᠷ ᠲᠡᠭᠡᠨ ᠡᠷᠡᠭᠦᠯ ᠮᠡᠨᠳᠦ ᠶᠢᠨ ᠬᠠᠮᠢᠶᠠᠷᠤᠯᠲᠠ ︵ᠬᠢᠨᠠᠨ ᠬᠡᠮᠵᠢᠬᠦ ︶ ᠬᠢᠬᠦ ᠠᠵᠢᠯ | ᠢ ᠰᠠᠶᠢᠲᠤᠷ ᠬᠢᠬᠦ ᠬᠡᠷᠡᠭᠲᠡᠶ᠃ | ᠠᠷᠪᠠᠨ ᠳᠣᠯᠤᠭ᠎ᠠ᠂ ᠬᠤᠰᠢᠭᠤ ᠵᠢᠯᠣᠭᠤᠳᠬᠤ ᠬᠡᠯᠲᠡᠰ ᠠᠴᠠ ᠪᠥᠬᠦ ᠬᠤᠰᠢᠭᠤᠨ ᠤ ᠠᠷᠠᠳ ᠣᠯᠠᠨ ᠳᠤ᠂ | ᠰᠠᠭᠤᠭᠠᠯᠢ ᠠᠷᠠᠳ ᠤᠨ ᠬᠡᠷ ᠪᠦᠯᠢ ᠳᠤ ᠬᠡᠷᠡᠭᠯᠡᠭᠳᠡᠬᠦ ᠪᠡᠶ᠎ᠡ ᠶᠢᠨ ᠲᠣᠯᠠᠭᠠᠨ ᠤ ᠬᠡᠮᠵᠢᠭᠦᠷ᠂ ᠠᠮᠠᠪᠴᠢ ᠪᠠ | ᠠᠷᠢᠭᠤᠳᠬᠠᠬᠤ ᠬᠡᠷᠡᠭᠰᠡᠯ ᠵᠡᠷᠭᠡ ᠰᠡᠷᠭᠡᠶᠢᠯᠡᠨ ᠬᠠᠮᠠᠭᠠᠯᠠᠬᠤ ᠡᠳ᠋ ᠪᠣᠳᠠᠰ ᠨᠥᠭᠡᠴᠡᠯᠡᠬᠦ ᠶᠢᠨ ᠬᠠᠮᠲᠦ᠂ ᠬᠡᠷ | ᠳᠣᠲᠣᠷᠠᠬᠢ ᠰᠠᠯᠬᠢ ᠨᠡᠪᠲᠡᠷᠡᠬᠦ᠂ ᠠᠷᠢᠭᠤᠨ ᠴᠡᠪᠡᠷ ᠪᠠᠶᠢᠬᠤ ᠶᠢ ᠪᠠᠲᠤᠯᠠᠵᠤ᠂ ᠲᠦᠷᠭᠡᠨ ᠬᠦᠷᠭᠡᠯᠲᠡ ᠶᠢᠨ ᠪᠣᠭᠤᠳᠠᠯ | ᠪᠠᠭᠯᠠᠭ᠎ᠠ᠂ ᠬᠥᠯᠳᠡᠭᠡᠭᠰᠡᠨ ᠢᠳᠡᠭᠡᠨ᠂ ᠤᠰᠤᠨ ᠭᠠᠷᠤᠯᠲᠠ ᠵᠡᠷᠭᠡ ᠶᠢ ᠴᠠᠭ ᠲᠤᠬᠠᠶ ᠳᠤᠨᠢ ᠠᠷᠢᠭᠤᠳᠬᠠᠨ | ᠰᠢᠶᠳᠪᠦᠷᠢᠯᠡᠵᠦ᠂ ᠰᠢᠭᠤᠳ ᠭᠠᠷ ᠢᠶᠠᠷ ᠢᠶᠠᠨ ᠪᠠᠷᠢᠬᠤ ᠦᠭᠡᠢ᠂ ᠢᠷᠡᠯᠲᠡ ᠨᠢ ᠲᠣᠳᠣᠷᠬᠠᠶ ᠥᠬᠡᠶ ᠲᠦᠭᠦᠬᠡᠶ ᠰᠢᠨ᠎ᠡ | ᠰᠣᠷᠭᠤᠭ ᠬᠥᠯᠳᠡᠭᠡᠭᠰᠡᠨ ᠢᠳᠡᠭᠡᠨ ᠪᠠ ᠮᠠᠯ ᠵᠢᠭᠦᠷᠲᠡᠨ ᠢ ᠬᠤᠳᠠᠯᠳᠤᠨ ᠠᠪᠬᠤ ᠥᠬᠡᠶ᠃ ᠬᠥᠮᠦᠨ ᠣᠯᠠᠨ | ᠴᠤᠭᠯᠠᠷᠠᠬᠤ ᠣᠯᠠᠨ ᠨᠡᠶᠢᠲᠡ ᠶᠢᠨ ᠲᠠᠯᠠᠪᠤᠷ ᠲᠤ ᠬᠦᠷᠴᠦ ᠠᠵᠢᠯᠯᠠᠭ᠎ᠠ ᠬᠢᠬᠦ ᠶᠢ ᠪᠠᠭᠠᠰᠬᠠᠬᠤ ᠂ ᠪᠡᠶ᠎ᠡ ᠶᠢᠨ | ᠲᠣᠯᠠᠭᠠᠨ ᠢ ᠬᠡᠮᠵᠢᠬᠦ᠂ ᠺᠣᠳ᠋ ᠰᠢᠷᠪᠢᠬᠦ᠂ ᠠᠮᠠᠪᠴᠢ ᠵᠡᠭᠦᠬᠦ ᠵᠡᠷᠭᠡ ᠰᠡᠷᠭᠡᠶᠢᠯᠡᠨ ᠡᠵᠡᠮᠳᠡᠬᠦ ᠲᠣᠭᠲᠠᠭᠠᠯ ᠢ ᠤᠬᠠᠮᠰᠠᠷ | ᠠᠴᠠ ᠪᠠᠨ ᠵᠢᠷᠤᠮᠯᠠᠨ ᠰᠠᠬᠢᠬᠤ ᠂ 1 ᠮᠧᠲᠷ ᠠᠴᠠ ᠳᠡᠭᠡᠭᠰᠢᠬᠢ ᠨᠡᠶᠢᠭᠡᠮ ᠤᠨ ᠬᠠᠷᠢᠯᠴᠠᠭᠠᠨ ᠤ ᠵᠠᠶ ᠶᠢ ᠪᠠᠲᠤᠯᠠᠬᠤ | ᠵᠡᠷᠭᠡ ᠶᠢ ᠠᠩᠬᠠᠷᠤᠭᠤᠯᠤᠨ ᠰᠠᠨᠠᠭᠤᠯᠵᠦ ᠪᠠᠶᠢᠨ᠎ᠠ᠃ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠂ | ᠴᠠᠬᠢᠯᠭᠠᠨ ᠱᠠᠲᠤ ᠵᠡᠷᠭᠡ ᠨᠢᠭᠲᠠ ᠪᠢᠲᠡᠭᠦᠮᠵᠢᠯᠡᠭᠰᠡᠨ ᠲᠠᠯᠠᠪᠤᠷ ᠲᠤ ᠠᠮᠠᠪᠴᠢ ᠶᠢ ᠰᠢᠨᠵᠢᠯᠡᠬᠦ ᠤᠬᠠᠭᠠᠨᠴᠢ ᠪᠠᠷ ᠵᠡᠭᠦᠬᠦ | ᠬᠡᠷᠡᠭᠲᠡᠶ᠃ ᠰᠠᠶᠢᠨ ᠰᠠᠶᠢᠬᠠᠨ ᠡᠷᠡᠭᠦᠯ ᠬᠠᠮᠠᠭᠠᠯᠠᠯ ᠤᠨ ᠳᠠᠳᠬᠠᠯ ᠢ ᠪᠣᠶ ᠪᠣᠯᠭᠠᠵᠤ᠂ ᠭᠠᠷ ᠢᠶᠠᠨ ᠦᠷᠭᠦᠯᠵᠢ | ᠤᠬᠢᠶᠠᠵᠤ᠂ ᠭᠠᠷ ᠢᠶᠠᠨ ᠠᠮᠠ ᠬᠠᠮᠠᠷ ᠨᠢᠳᠤᠨ ᠳᠡᠭᠡᠨ ᠬᠦᠷᠭᠡᠬᠦ ᠦᠭᠡᠢ ᠪᠠᠶᠢᠬᠤ᠂ ᠬᠠᠨᠢᠶᠠᠯᠭᠠᠬᠤ᠂ ᠨᠠᠶᠢᠲᠠᠭᠠᠯᠭᠠᠬᠤ | ᠳᠠᠭᠠᠨ ᠬᠠᠯᠬᠠᠯᠠᠬᠤ ᠶᠢ ᠠᠩᠬᠠᠷᠬᠤ ᠬᠡᠷᠡᠭᠲᠡᠶ᠃ ᠬᠡᠷᠪᠡ ᠬᠠᠯᠠᠭᠤᠷᠠᠬᠤ᠂ ᠬᠠᠨᠢᠶᠠᠯᠭᠠᠬᠤ᠂ ᠰᠠᠭᠤᠯᠭᠠᠬᠤ᠂ ᠲᠠᠮᠢᠷᠳᠠᠬᠤ | ᠵᠡᠷᠭᠡ ᠡᠪᠡᠳᠴᠢᠨ ᠤ ᠪᠠᠶᠢᠳᠠᠯ ᠢᠯᠡᠷᠡᠪᠡᠯ᠂ ᠴᠠᠭ ᠲᠤᠬᠠᠶ ᠳᠤᠨᠢ ᠬᠠᠯᠠᠭᠤᠷᠠᠬᠤ ᠶᠢ ᠡᠮᠨᠡᠬᠦ ᠡᠭᠦᠳᠡᠨ ᠡᠮᠨᠡᠯᠭᠡ ᠳᠤ | ᠬᠦᠷᠴᠦ ᠰᠢᠭᠰᠢᠨ ᠪᠠᠶᠢᠴᠠᠭᠠᠬᠤ ᠪᠠ ᠣᠨᠣᠰᠢᠯᠠᠨ ᠡᠮᠨᠡᠬᠦᠯᠬᠦ ᠬᠡᠷᠡᠭᠲᠡᠶ᠂ ᠡᠮᠨᠡᠭᠦᠯᠬᠦ ᠶᠠᠪᠤᠴᠠ ᠳᠤ ᠠᠮᠠᠪᠴᠢ ᠵᠡᠭᠦᠵᠦ᠂ | ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ ᠰᠠᠭᠤᠬᠤ ᠠᠴᠠ ᠠᠯᠢ ᠴᠢᠳᠠᠬᠤ ᠪᠠᠷ ᠵᠠᠶᠢᠯᠠᠰᠬᠢᠬᠦ ᠬᠡᠷᠡᠭᠲᠡᠶ᠃ | | ᠠᠰᠠᠭᠤᠨ ᠯᠠᠪᠯᠠᠬᠤ ᠤᠲᠠᠰᠤ᠄ 0479 — 3225010 | ᠬᠤᠰᠢᠭᠤ ᠬᠠᠯᠠᠭᠤᠷᠠᠬᠤ ᠶᠢ ᠡᠮᠨᠡᠬᠦ ᠡᠭᠦᠳᠡᠨ ᠡᠮᠨᠡᠯᠭᠡ ᠄ 0479—6709612 | ᠬᠤᠰᠢᠭᠤ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ᠄ 0479 — 3220799 | | | | ᠵᠡᠭᠦᠨ ᠦᠵᠦᠮᠦᠴᠢᠨ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠢ | ᠰᠡᠷᠭᠡᠶᠢᠯᠡᠨ ᠬᠤᠷᠢᠭᠯᠠᠬᠤ ᠠᠵᠢᠯ ᠤᠨ ᠵᠢᠯᠣᠭᠤᠳᠬᠤ ᠬᠡᠯᠲᠡᠰ | 2021 ᠣᠨ ᠤ 1 ᠰᠠᠷ᠎ᠠ ᠶᠢᠨ 9 ᠤ ᠡᠳᠦᠷ | |