︽ᠵᠢᠷᠭᠠᠯᠠᠩᠲᠤ ᠲᠠᠯ᠎ᠠ ᠨᠤᠲᠤᠭ · ᠰᠢᠯᠢ ᠶᠢᠨ ᠭᠤᠤᠯ︾ ᠮᠤᠩᠭᠤᠯ ᠪᠦᠬᠡ ᠶᠢᠨ ᠴᠦᠷᠬᠦᠯᠡᠭᠡ ᠪᠠᠷᠢᠯᠳᠤᠭᠠᠨ ᠵᠢᠴᠢ ᠵᠡᠭᠦᠨ ᠦᠵᠦᠮᠦᠴᠢᠨ ᠬᠤᠰᠢᠭᠤᠨ ᠤ ᠠᠷᠪᠠᠨ ᠭᠤᠷᠪᠠᠳᠤᠭᠠᠷ ᠤᠳᠠᠭᠠᠨ ᠤ ︽ᠮᠦᠩᠭᠦᠨ ᠡᠪᠦᠯ ᠤᠨ ᠦᠵᠦᠮᠦᠴᠢᠨ︾ ᠤᠨ ᠬᠦᠴᠦᠲᠦ ᠪᠦᠬᠡ ᠶᠢᠨ ᠪᠠᠷᠢᠯᠳᠤᠭᠠᠨ ᠠᠮᠵᠢᠯᠲᠠ ᠲᠠᠢ ᠦᠨᠳᠦᠷᠯᠡᠭᠰᠡᠨ ᠪᠠᠶᠢᠨ᠎ᠠ
ᠨᠡᠶᠢᠲᠡᠯᠡᠭᠰᠡᠨ ᠴᠠᠭ᠄
2019/1/4
     12ᠰᠠᠷ᠎ᠠ ᠶᠢᠨ 28᠂29 ᠤ ᠡᠳᠦᠷ᠂ ︽ᠵᠢᠷᠭᠠᠯᠠᠩᠲᠤ ᠲᠠᠯ᠎ᠠ ᠨᠤᠲᠤᠭ · ᠰᠢᠯᠢ ᠶᠢᠨ ᠭᠤᠤᠯ︾ ᠮᠤᠩᠭᠤᠯ ᠪᠦᠬᠡ ᠶᠢᠨ ᠴᠦᠷᠬᠦᠯᠡᠭᠡ ᠪᠠᠷᠢᠯᠳᠤᠭᠠᠨ ᠵᠢᠴᠢ ᠵᠡᠭᠦᠨ ᠦᠵᠦᠮᠦᠴᠢᠨ ᠬᠤᠰᠢᠭᠤᠨ ᠤ ᠠᠷᠪᠠᠨ ᠭᠤᠷᠪᠠᠳᠤᠭᠠᠷ ᠤᠳᠠᠭᠠᠨ ᠤ ︽ᠮᠦᠩᠭᠦᠨ ᠡᠪᠦᠯ ᠤᠨ ᠦᠵᠦᠮᠦᠴᠢᠨ︾ ᠤᠨ ᠬᠦᠴᠦᠲᠦ 256 ᠪᠦᠬᠡ ᠶᠢᠨ ᠪᠠᠷᠢᠯᠳᠤᠭᠠᠨ ᠤᠯᠢᠶᠠᠰᠦᠲᠠᠢ ᠪᠠᠯᠭᠠᠰᠦᠨ ᠤ ᠲᠠᠮᠢᠷ ᠤᠨ ᠤᠷᠳᠤᠨ ᠳᠤ ᠠᠮᠵᠢᠯᠲᠠ ᠲᠠᠢ ᠶᠠᠪᠤᠭᠳᠠᠭᠰᠠᠨ ᠪᠠᠶᠢᠨ᠎ᠠ  ᠃      ᠲᠤᠰ ᠤᠳᠠᠭᠠᠨ ᠤ ᠪᠦᠬᠡ ᠶᠢᠨ ᠪᠠᠷᠢᠯᠳᠤᠭᠠᠨ ᠳᠤ ᠪᠦᠬᠦ ᠤᠷᠤᠨ ᠤ ᠡᠯ᠎ᠡ ᠠᠶᠢᠮᠠᠭ ᠬᠤᠳᠠ᠂ ᠬᠤᠰᠢᠭᠤ ᠨᠤᠲᠤᠭ ᠠᠴᠠ ᠬᠦᠷᠦᠯᠴᠡᠨ ᠢᠷᠡᠭᠰᠡᠨ 256 ᠪᠦᠬᠡ ᠵᠤᠳᠤᠭᠯᠠᠵᠤ᠂ ᠬᠤᠶᠠᠷ ᠡᠳᠦᠷ ᠤᠨ ᠬᠤᠷᠴᠠ ᠰᠢᠷᠦᠭᠦᠨ ᠦᠷᠢᠰᠦᠯᠳᠦᠭᠡᠨ ᠢᠶᠠᠷ ᠳᠠᠮᠵᠢᠨ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤ ᠪᠠᠷ ᠨᠤᠲᠤᠭᠲᠠᠢ᠂ ᠮᠢᠩᠭᠠᠨ ᠪᠦᠬᠡ ᠶᠢᠨ ᠮᠠᠩᠯᠠᠢ ᠭᠡᠭᠡᠷᠡᠬᠦ ᠲᠡᠷᠢᠭᠦᠯᠡᠵᠦ᠂ ᠶᠡᠭᠡ ᠠᠪᠤᠷᠭᠤ ᠪᠠᠶᠠᠷᠪᠠᠭᠠᠲᠤᠷ ᠳᠤᠯᠤᠭ᠎ᠠ ᠳᠠᠪᠠᠨ ᠳᠡᠳ᠋ᠯᠡᠵᠡᠢ᠃ ᠤᠯᠠᠭᠠᠨᠬᠠᠳᠠ ᠬᠤᠲᠠ ᠶᠢᠨ ᠪᠠᠭᠠᠷᠢᠨ ᠪᠠᠷᠠᠭᠤᠨ ᠬᠤᠰᠢᠭᠤ ᠪᠠᠷ ᠨᠤᠲᠤᠭᠲᠠᠢ᠂ 512 ᠪᠦᠬᠡ ᠶᠢᠨ ᠮᠠᠩᠯᠠᠢ ᠴᠢᠩᠵᠤᠷᠢᠭᠲᠤ ᠪᠤᠯᠤᠨ ᠰᠠᠮᠠᠢ ᠰᠤᠮᠤ ᠪᠠᠷ ᠨᠤᠲᠤᠭᠲᠠᠢ 512 ᠪᠦᠬᠡ ᠶᠢᠨ ᠮᠠᠩᠯᠠᠢ ᠰᠠᠴᠡᠨᠪᠢᠯᠢᠭ ᠳᠡᠭᠡᠷ᠎ᠡ ᠳᠦᠷᠪᠡ ᠳᠤ ᠳᠡᠪᠢᠨ᠂ ᠠᠷᠦ ᠬᠤᠷᠴᠢᠨ ᠤ ᠮᠦᠩᠬᠡᠳᠦ᠋ᠭᠦᠷᠡᠩ᠂ ᠠᠪᠠᠭ᠎ᠠ ᠶᠢᠨ ᠴᠢᠳᠠᠷᠪᠠᠯ᠂ ᠠᠮᠢᠨᠪᠦ᠋ᠬᠡ᠂ ᠬᠦᠯᠦᠨ ᠪᠤᠶᠢᠷ ᠤᠨ ᠪᠤᠯᠤᠳᠪᠠᠭᠠᠲᠤᠷ ᠨᠠᠷ ᠳᠡᠭᠡᠷ᠎ᠡ ᠨᠠᠢᠮᠠ ᠳᠤ ᠲᠤᠳᠤᠷᠠᠭᠰᠠᠨ ᠪᠠᠶᠢᠨ᠎ᠠ᠃      ᠬᠤᠰᠢᠭᠤ ᠨᠠᠮ ᠤᠨ ᠬᠤᠷᠢᠶᠠᠨ ᠤ ᠱᠦᠵᠢ ᠯᠢ ᠶᠦᠩ ᠱᠧᠩ᠂ ᠬᠤᠰᠢᠭᠤ ᠨᠠᠮ ᠤᠨ ᠬᠤᠷᠢᠶ᠎ᠠ ᠶᠢᠨ ᠳᠡᠳ᠋ ᠱᠦᠵᠢ᠂ ᠵᠠᠰᠠᠭ ᠤᠨ ᠤᠷᠳᠤᠨ ᠤ ᠬᠤᠰᠢᠭᠤ ᠳᠠᠷᠤᠭ᠎ᠠ ᠬᠢᠩᠭᠠᠨ ᠵᠡᠷᠭᠡ ᠤᠳᠤᠷᠢᠳᠤᠯᠭ᠎ᠠ ᠨᠠᠷ ᠠᠴᠠ ᠳᠡᠭᠡᠷ᠎ᠡ ᠨᠠᠢᠮᠠ ᠳᠤ ᠲᠤᠳᠤᠷᠠᠭᠰᠠᠨ ᠪᠦᠬᠡᠴᠦᠳ ᠲᠤ ᠱᠠᠩᠨᠠᠯ ᠭᠠᠷᠳᠠᠭᠤᠯᠵᠠᠢ᠃      ᠲᠤᠰ ᠤᠳᠠᠭᠠᠨ ᠤ ︽ᠵᠢᠷᠭᠠᠯᠠᠩᠲᠤ ᠲᠠᠯ᠎ᠠ ᠨᠤᠲᠤᠭ · ᠰᠢᠯᠢ ᠶᠢᠨ ᠭᠤᠤᠯ︾ ᠮᠤᠩᠭᠤᠯ ᠪᠦᠬᠡ ᠶᠢᠨ ᠴᠦᠷᠬᠦᠯᠡᠭᠡ ᠪᠠᠷᠢᠯᠳᠤᠭᠠᠨ ᠵᠢᠴᠢ ᠵᠡᠭᠦᠨ ᠦᠵᠦᠮᠦᠴᠢᠨ ᠬᠤᠰᠢᠭᠤᠨ ᠤ ᠠᠷᠪᠠᠨ ᠭᠤᠷᠪᠠᠳᠤᠭᠠᠷ ᠤᠳᠠᠭᠠᠨ ᠤ ︽ᠮᠦᠩᠭᠦᠨ ᠡᠪᠦᠯ ᠤᠨ ᠦᠵᠦᠮᠦᠴᠢᠨ︾  ᠬᠦᠴᠦᠲᠦ ᠪᠦᠬᠡ ᠶᠢᠨ ᠪᠠᠷᠢᠯᠳᠤᠭᠠᠨ ᠢ ᠦᠪᠦᠷ ᠮᠤᠩᠭᠤᠯ ᠤᠨ ᠷᠠᠳᠢᠣ᠋ ᠲᠧᠯᠸᠢᠰ ᠬᠤᠷᠢᠶ᠎ᠠ ᠶᠢᠨ ᠤᠳᠤᠨ ᠲᠧᠯᠸᠢᠰ᠂ ᠤᠳᠤᠨ ᠰᠦᠯᠵᠢᠶ᠎ᠡ ᠰᠢᠭᠤᠳ ᠳᠠᠮᠵᠢᠭᠤᠯᠤᠨ ᠬᠦᠷᠭᠡᠵᠡᠢ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠤᠬᠠᠭᠤᠯᠬᠤ ᠭᠡᠯᠲᠡᠰ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号