ᠰᠢᠯᠢ ᠶᠢᠨ ᠭᠤᠤᠯ ᠠᠶᠢᠮᠠᠭ ᠤᠨ ᠲᠠᠮᠢᠷᠴᠢᠨ ᠪᠠᠳᠤᠵᠢᠷᠭᠠᠯ ᠲᠡᠷᠢᠭᠦᠯᠡᠪᠡ
ᠨᠡᠶᠢᠲᠡᠯᠡᠭᠰᠡᠨ ᠴᠠᠭ᠄
2018/7/31
     ᠨᠠᠷᠠ ᠬᠤᠷ᠎ᠠ ᠲᠡᠩᠴᠡᠭᠰᠡᠨ ᠦᠵᠦᠮᠦᠴᠢᠨ ᠨᠤᠲᠤᠭ ᠴᠡᠩᠭᠡᠷ ᠤᠨᠢᠶᠡᠷ ᠲᠠᠳᠠᠵᠦ᠂ ᠰᠡᠷᠢᠭᠦᠨ ᠰᠠᠶᠢᠬᠠᠨ ᠠᠭᠤᠯᠠ ᠰᠢᠯᠢ ᠤᠳ ᠨᠤᠮᠢᠨ ᠨᠤᠭᠤᠭᠠᠨ ᠢᠶᠠᠷ ᠵᠡᠷᠭᠡᠯᠭᠡᠨᠳᠦᠨ᠎ᠡ᠃ ᠦᠨᠦᠳᠤᠷ᠂ ᠦᠵᠦᠮᠦᠴᠢᠨ ᠲᠠᠯ᠎ᠠ ᠨᠤᠲᠤᠭ ᠪᠤᠯᠬᠤ ᠤᠯᠢᠶᠠᠰᠤᠳᠠᠢ ᠳᠤ ᠶᠠᠪᠤᠭᠳᠠᠭᠰᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠤᠨ ᠤ 2018 ᠤᠨ ᠤ ᠪᠦᠬᠡ ᠶᠢᠨ ᠤᠷᠤᠯᠳᠤᠭᠠᠨ ᠤ  ᠶᠡᠭᠡ ᠱᠠᠩᠨᠠᠯᠳᠦ 128 ᠰᠢᠯᠢᠳᠡᠭ ᠮᠤᠩᠭᠤᠯ ᠪᠦᠬᠡ ᠶᠢᠨ ᠪᠠᠷᠢᠯᠳᠤᠭᠠᠨ  ᠠᠳᠡ ᠦᠪᠡᠳᠡᠭᠰᠢ ᠶᠡᠬᠡᠪᠡᠷ ᠶᠠᠪᠤᠭᠳᠠᠯ᠎ᠠ᠃ ᠵᠡᠭᠦᠨ ᠦᠵᠦᠮᠦᠴᠢᠨ ᠬᠤᠰᠢᠭᠤᠨ ᠤ ᠨᠠᠶᠢᠷ ᠤᠨ ᠲᠠᠯᠠᠪᠠᠢ ᠳᠤ ᠪᠤᠯᠤᠭᠰᠠᠨ ᠡᠨᠡ ᠤᠳᠠᠭᠠᠨ ᠤ ᠪᠦᠬᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠲᠡᠭᠡᠷ᠎ᠡ ᠲᠦᠷᠪᠡ ᠳᠤ ᠤᠯᠠᠭᠠᠠᠬᠠᠳᠠ ᠬᠤᠳᠠ ᠎ ᠶᠢᠨ ᠭᠡᠭᠡᠷᠡᠬᠦ᠂ ᠰᠢᠯᠢ ᠶᠢᠨ ᠭᠤᠤᠯ ᠠᠶᠢᠮᠠᠭ ᠤᠨ ᠪᠠᠳᠤᠵᠢᠷᠭᠠᠯ᠂ ᠦᠯᠵᠠᠶᠢᠪᠠᠭᠠᠳᠤᠷ᠂ ᠴᠠᠭᠠᠠᠵᠠᠭᠠᠨ ᠨᠠᠷ ᠦᠯᠡᠳᠡᠵᠦ ᠂ ᠪᠠᠳᠤᠵᠢᠷᠭᠠᠯ ᠭᠡᠭᠡᠷᠡᠬᠦ ᠶᠢ᠂ ᠦᠯᠵᠠᠶᠢᠪᠠᠭᠠᠳᠤᠷ ᠴᠠᠭᠠᠠᠵᠠᠭᠠᠨ ᠢ ᠲᠤᠰ ᠲᠤᠰ ᠬᠠᠶᠠᠵᠦ᠂ ᠲᠡᠳ᠋ ᠲᠡᠷᠢᠭᠦᠨ ᠳᠤ ᠪᠠᠳᠤᠵᠢᠷᠭᠠᠯ ᠦᠯᠵᠠᠶᠢᠪᠠᠭᠠᠳᠤᠷ ᠢ ᠲᠠᠪᠠᠨ ᠲᠡᠷᠢᠭᠦᠯᠡᠵᠦ᠂ ᠤᠷᠤᠨ ᠤ ᠠᠪᠤᠷᠭᠤ ᠪᠤᠯᠪᠠ᠃ ᠪᠠᠳᠤᠵᠢᠷᠭᠠᠯ ᠠᠪᠤᠷᠭᠤ ᠮᠠᠨᠢ ᠲᠡᠭᠡᠳᠦ ᠲᠦᠷᠪᠡ ᠳᠤ ᠭᠡᠭᠡᠷᠡᠬᠦ ᠶᠢ ᠪᠠᠷᠠᠭᠤᠨ ᠲᠠᠯ᠎ᠠ ᠶᠢᠨ ᠬᠤᠮᠤᠨᠠᠭ᠎ᠠ ᠡᠷᠳᠡᠮ ᠢᠶᠠᠷ ᠬᠠᠶᠠᠵᠦ᠂ ᠲᠡᠳ᠋ ᠲᠡᠷᠢᠭᠦᠨ ᠎ ᠳᠤ ᠦᠯᠵᠠᠶᠢᠪᠠᠭᠠᠳᠤᠷ ᠢ ᠬᠤᠰᠤᠭ᠎ᠠ ᠴᠤᠬᠢᠭ᠎ᠠ ᠡᠷᠳᠡᠮ ᠢᠶᠠᠷ ᠬᠠᠶᠠᠭᠰᠠᠨ ᠨᠢ ᠦᠵᠡᠭᠴᠢᠳ ᠤᠯᠠᠨ ᠤ ᠪᠠᠨ ᠤᠤᠬᠠᠶᠢᠯᠠᠯ ᠢ ᠤᠯᠵᠦ᠂ ᠲᠠᠬᠢᠨᠳᠠ ᠠᠶᠢᠮᠠᠭ ᠤᠷᠤᠨ ᠤ ᠪᠠᠨ ᠨᠡᠷ᠎ᠡ ᠶᠢ ᠮᠠᠨᠳᠤᠭᠤᠯᠤᠭᠰᠠᠨ ᠪᠠᠶᠢᠨ᠎ᠠ᠃ ᠬᠤᠶᠠᠷ ᠤᠳᠠᠭ᠎ᠠ ᠶᠢᠨ ᠮᠢᠩᠭ᠎ᠠ ᠶᠢᠨ ᠠᠪᠤᠷᠭᠤ ᠪᠠᠷ ᠴᠤᠯᠭᠤᠷᠠᠭᠰᠠᠨ ᠪᠠᠳᠤᠵᠢᠷᠭᠠᠯ ᠮᠠᠨᠢ᠂ ᠡᠨᠡ ᠤᠳᠠᠭ᠎ᠠ ᠤᠷᠤᠨ ᠤ ᠡᠯ᠎ᠡ ᠭᠠᠵᠠᠷ ᠠᠴᠠ ᠴᠤᠭᠯᠠᠷᠠᠭᠰᠠᠨ ᠰᠢᠯᠢᠳᠡᠭ ᠶᠢᠨ ᠰᠢᠯᠢᠳᠡᠭ ᠪᠦᠬᠡᠴᠦᠳ ᠢ ᠲᠠᠪᠠᠵᠦ᠂ ᠨᠡᠷ᠎ᠡ ᠠᠯᠳᠠᠷ ᠢᠶᠠᠨ ᠤᠯᠠᠮ ᠦᠩᠭᠡᠯᠡᠨ ᠭᠡᠷᠡᠯᠳᠦᠭᠦᠯᠪᠡ᠄       ᠲᠠᠪᠤᠨ ᠦᠩᠭᠡ ᠶᠢᠨ ᠵᠠᠩᠬᠢᠶ᠎ᠠ ᠨᠢ ᠠᠷᠰᠯᠠᠨ ᠤ ᠲᠡᠯ ᠰᠢᠭ ᠰᠦᠷ ᠲᠠᠢ       ᠲᠠᠪᠢ ᠯᠠᠩ ᠤᠨ ᠮᠦᠩᠭᠦᠨ ᠵᠤᠳᠤᠭ ᠨᠢ ᠨᠠᠷᠠᠨ ᠤ ᠲᠤᠶᠠᠭᠠᠨ ᠳᠤ ᠭᠢᠯᠠᠯᠵᠠᠨ᠎ᠠ       ᠲᠡᠪᠢᠯᠬᠡ ᠮᠠᠬᠰᠢᠯᠳᠡ ᠬᠤᠶᠠᠷ ᠨᠢ ᠬᠦᠴᠦᠳᠦ ᠪᠦᠷᠭᠦᠳ ᠤᠨ ᠵᠢᠪᠬᠤᠭ᠎ᠠ ᠲᠠᠢ       ᠲᠡᠯᠭᠡ ᠤᠷᠠᠨ ᠪᠠᠷᠢᠯᠳᠤᠭᠠᠨ ᠨᠢ ᠬᠦᠮᠦᠨ ᠵᠤᠨ ᠢᠶᠠᠨ ᠪᠠᠶᠠᠰᠬᠠᠨ᠎ᠠ              ᠠᠷᠠᠳ ᠤᠨ ᠨᠠᠶᠢᠷ ᠤᠨ ᠴᠢᠮᠡᠭ ᠪᠤᠯᠤᠭᠰᠠᠨ              ᠠᠪᠤᠷᠭᠤ ᠪᠠᠳᠤᠵᠢᠷᠭᠠᠯ ᠢᠶᠠᠨ ᠲᠠᠭᠤᠯᠠᠶ᠎ᠠ ᠳ᠋ᠠ       ᠬᠦᠳᠡᠷᠯᠢᠭ ᠴᠢᠬᠢᠷᠠᠭ ᠪᠡᠶ᠎ᠡ ᠳᠡᠭᠡᠨ ᠪᠠᠷᠰ ᠤᠨ ᠬᠦᠴᠦᠨ ᠲᠡᠭᠦᠯᠳᠡᠷ       ᠬᠦᠭᠵᠢᠶᠡᠯᠢᠭ ᠬᠤᠷᠴᠠ ᠤᠶᠤᠨ ᠳᠠᠭᠠᠨ ᠤᠷᠠᠨ ᠡᠷᠳᠡᠮ ᠲᠡᠯᠭᠡᠷ       ᠬᠦᠴᠦᠨ ᠢᠳᠡᠯᠢᠭ ᠴᠤᠬᠢᠶ᠎ᠠ ᠳᠤᠨᠢ ᠬᠦᠷᠦᠰᠦᠳᠦ ᠲᠡᠨᠵᠢ ᠬᠤᠳᠤᠯᠵᠠᠳᠠᠭ       ᠬᠦᠶᠦᠯᠭᠡ ᠲᠠᠳᠠᠭ᠎ᠠ ᠡᠷᠳᠡᠮ ᠢᠶᠠᠷ ᠬᠦᠴᠦᠳᠠᠨ ᠡᠷᠡᠰ ᠢ ᠨᠤᠭᠤᠷᠠᠭᠤᠯᠳᠠᠭ              ᠦᠵᠦᠮᠦᠴᠢᠨ ᠨᠤᠲᠤᠭ ᠤᠨ ᠢᠳᠡᠷᠬᠡᠭ ᠬᠦᠪᠡᠭᠦᠨ              ᠦᠵᠦᠭᠦᠷ ᠪᠦᠬᠡ ᠪᠠᠷ ᠪᠠᠳᠤᠵᠢᠷᠭᠠᠯ ᠲᠤᠲᠤᠷᠠᠨ᠎ᠠ       ᠠᠯᠳᠠᠨ ᠬᠢᠯᠢ ᠶᠢᠨ ᠰᠢᠷᠦᠢ ᠠᠴᠠ ᠬᠡᠶᠢᠮᠦᠷᠢ ᠰᠦᠯᠳᠡᠯᠡᠨ ᠪᠤᠶᠢᠵᠢᠭᠰᠠᠨ       ᠠᠪᠤᠷᠭᠤ ᠪᠦᠬᠡ ᠶᠢᠨ ᠲᠠᠭᠤᠯᠠᠯ ᠢᠶᠠᠷ ᠰᠢᠨᠳᠠᠰᠦ ᠰᠢᠯᠭᠠᠨ ᠲᠤᠷᠨᠢᠭᠰᠠᠨ       ᠠᠷᠤ ᠦᠪᠦᠷ ᠮᠤᠩᠭᠤᠯ ᠤᠨ ᠠᠯᠳᠠᠷᠳᠦ ᠤᠯᠠᠨ ᠬᠦᠴᠦᠳᠠᠨ ᠢ       ᠠᠯᠳᠠᠯ ᠦᠭᠡᠢ ᠬᠠᠶᠠᠯᠠᠭᠰᠠᠭᠷ ᠨᠠᠶᠢᠷ ᠤᠨ ᠤᠳᠤᠨ ᠪᠤᠯᠤᠭᠰᠠᠨ              ᠮᠢᠩᠭᠠᠨ ᠪᠦᠬᠡ ᠶᠢᠨ ᠵᠢᠪᠬᠤᠭᠠᠳᠤ ᠲᠡᠷᠢᠭᠦᠨ              ᠮᠠᠩᠯᠠᠢ ᠠᠪᠤᠷᠭᠤ ᠪᠠᠳᠤᠵᠢᠷᠭᠠᠯ ᠲᠠᠭᠤᠷᠢᠰᠤᠯᠳᠠᠢ᠃                          ᠤᠷᠢᠶᠠᠩᠬᠠᠨ ᠤ᠂ ᠶᠤᠨᠳᠤᠨ ᠮᠡᠳᠡᠭᠡᠯᠡᠪᠡ᠂ 2018,07,29
 
ᠢᠷᠡᠯᠲᠡ᠄ ᠤᠷᠢᠶᠠᠩᠬᠠᠨ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号