ᠳᠠᠭᠤᠲᠤᠨᠠᠭᠤᠷ ᠪᠠᠯᠭᠠᠰᠤᠨ ᠤ ᠳᠠᠭᠤᠲᠤᠨᠠᠭᠤᠷ ᠭᠠᠴᠠᠭᠠᠨ ᠤ ᠳᠤᠤᠷ᠎ᠠ ᠪᠠᠲᠦᠯᠭᠠᠲᠦ ᠡᠷᠦᠬᠡ ᠶᠢᠨ ᠠᠷᠠᠳᠴᠢᠯᠠᠯ ᠢᠶᠠᠷ ᠵᠥᠪᠯᠡᠬᠦ ᠬᠤᠷᠠᠯ ᠢ ᠬᠤᠷᠠᠯᠳᠤᠪᠠ
ᠨᠡᠶᠢᠲᠡᠯᠡᠭᠰᠡᠨ ᠴᠠᠭ᠄
2018/6/8
     5 ᠰᠠᠷᠠᠶᠢᠨ 31᠎ ᠤ ᠡᠳᠦᠷ ᠤᠨ ᠦᠳᠡ ᠶᠢᠨ ᠬᠤᠶᠢᠨ᠎ᠠ᠂ ᠳᠠᠭᠤᠲᠤᠨᠠᠭᠤᠷ ᠪᠠᠯᠭᠠᠰᠤᠨ ᠤ ᠳᠠᠭᠤᠲᠤᠨᠠᠭᠤᠷ ᠭᠠᠴᠠᠭᠠᠨ ᠤ ᠳᠤᠤᠷ᠎ᠠ ᠪᠠᠲᠦᠯᠭᠠᠲᠦ ᠡᠷᠦᠬᠡ ᠶᠢᠨ ᠠᠷᠠᠳᠴᠢᠯᠠᠯ ᠢᠶᠠᠷ ᠵᠥᠪᠯᠡᠬᠦ ᠬᠤᠷᠠᠯ ᠢ ᠵᠡᠭᠦᠨ ᠦᠵᠦᠮᠦᠴᠢᠨ ᠬᠤᠰᠢᠭᠤᠨ ᠤ ᠰᠠᠮᠠᠢ ᠨᠡᠶᠢᠭᠡᠮ ᠲᠤᠭᠤᠷᠢᠭ ᠳᠤ ᠬᠤᠷᠠᠯᠳᠤᠪᠠ᠃ ᠬᠤᠷᠠᠯ ᠳᠤ᠂ ᠬᠤᠰᠢᠭᠤ ᠠᠷᠠᠳ ᠤᠨ ᠶᠠᠪᠤᠳᠠᠯ ᠤᠨ ᠲᠤᠪᠴᠢᠶᠠᠨ ᠤ ᠠᠵᠢᠯᠲᠠᠨ᠂ ᠪᠠᠯᠭᠠᠰᠤᠨ ᠤ ᠠᠷᠠᠳ ᠤᠨ ᠶᠠᠪᠤᠳᠠᠯ ᠤᠨ ᠰᠠᠯᠪᠤᠷᠢ ᠶᠢᠨ ᠠᠵᠢᠯᠲᠠᠨ᠂ ᠲᠠᠭᠤᠲᠤᠨᠠᠭᠤᠷ ᠭᠠᠴᠠᠭᠠᠨ ᠤ 12 ᠨᠠᠮ ᠤᠨ ᠬᠡᠰᠢᠭᠦᠨ᠂ 7 ᠲᠤᠤᠷ᠎ᠠ ᠪᠠᠲᠦᠯᠭᠠᠲᠦ ᠡᠷᠦᠬᠡ ᠵᠡᠷᠭᠡ ᠨᠡᠶᠢᠲᠡ 30 ᠭᠠᠷᠤᠢ ᠬᠦᠮᠦᠨ ᠬᠤᠷᠠᠯ ᠳᠤ ᠤᠷᠤᠯᠴᠠᠪᠠ᠃ ᠪᠠᠯᠭᠠᠰᠤᠨ ᠤ ᠠᠷᠠᠳ ᠤᠨ ᠶᠠᠪᠤᠳᠠᠯ ᠤᠨ ᠰᠠᠯᠪᠤᠷᠢ ᠶᠢᠨ ᠠᠵᠢᠯᠲᠠᠨ ᠰᠤᠷᠭᠤᠭ ᠬᠤᠷᠠᠯ ᠡᠷᠬᠢᠯᠡᠪᠡ᠃      ᠬᠤᠷᠠᠯ ᠳᠤ᠂ ᠬᠤᠰᠢᠭᠤ ᠠᠷᠠᠳ ᠤᠨ ᠶᠠᠪᠤᠳᠠᠯ ᠤᠨ ᠲᠤᠪᠴᠢᠶᠠᠨ ᠤ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠢ ᠤᠯᠠᠮᠵᠢᠯᠠᠵᠦ᠂ ᠲᠤᠰ ᠤᠳᠠᠭᠠᠨ ᠤ ᠳᠤᠤᠷ᠎ᠠ ᠪᠠᠲᠦᠯᠭᠠᠲᠦ ᠡᠷᠦᠬᠡ ᠶᠢᠨ ᠠᠷᠠᠳᠴᠢᠯᠠᠯ ᠢᠶᠠᠷ ᠵᠥᠪᠯᠡᠬᠦ ᠬᠤᠷᠠᠯ ᠤᠨ ᠴᠢᠬᠤᠯᠠ ᠴᠢᠨᠠᠷ ᠢ ᠰᠠᠨᠠᠭᠤᠯᠪᠠ᠃ ᠬᠤᠷᠠᠯ ᠤᠨ ᠲᠤᠭᠲᠠᠭᠰᠠᠨ ᠳᠡᠰ ᠳᠠᠷᠠᠭᠠᠯᠠᠯ ᠶᠤᠰᠤᠭᠠᠷ᠂ ᠶᠠᠭᠤᠨ ᠤ ᠤᠷᠢᠳᠠ᠂ ᠭᠠᠴᠠᠭᠠᠨ ᠤ 14 ᠲᠤᠤᠷ᠎ᠠ ᠪᠠᠲᠤᠯᠭᠠᠲᠦ ᠡᠷᠦᠬᠡ᠂ 1 ᠰᠢᠨ᠎ᠡ ᠪᠠᠷ ᠲᠤᠤᠷ᠎ᠠ ᠪᠠᠲᠤᠯᠭᠠᠲᠦ ᠡᠷᠦᠬᠡ ᠳᠤ ᠡᠷᠡᠮᠵᠢᠯᠡᠵᠦ ᠪᠠᠶᠢᠭ᠎ᠠ ᠡᠷᠦᠬᠡ ᠶᠢᠨ ᠦᠨᠳᠦᠰᠦᠨ ᠪᠠᠶᠢᠲᠠᠯ ᠢ ᠤᠯᠠᠨ ᠳᠤ ᠲᠠᠨᠢᠯᠴᠠᠭᠤᠯᠵᠦ᠂ ᠠᠷᠠᠳᠴᠢᠯᠠᠯ ᠢᠶᠠᠷ ᠦᠨᠡᠯᠡᠬᠦ ᠬᠦᠰᠦᠨᠦᠭᠲᠦ ᠶᠢ ᠲᠠᠷᠬᠠᠭᠠᠨ᠂ ᠬᠢᠨᠠᠨ ᠦᠨᠡᠯᠡᠭᠰᠡᠨ ᠪᠠᠶᠢᠳᠠᠯ ᠢ ᠤᠯᠠᠨ ᠳᠤ ᠨᠡᠶᠢᠲᠡᠯᠡᠨ᠂ ᠮᠠᠷᠭᠤᠯᠳᠤᠭᠠᠨ ᠦᠬᠡᠢ ᠪᠠᠶᠢᠳᠠᠯ ᠳᠤᠤᠷ᠎ᠠ ᠵᠥᠪᠯᠡᠬᠦ ᠬᠡᠰᠢᠭᠦᠳ ᠭᠠᠷ ᠤᠨ ᠦᠰᠦᠭ ᠵᠢᠷᠤᠪᠠ᠃ ᠳᠠᠷᠠᠭ᠎ᠠ ᠨᠢ᠂ ᠬᠤᠷᠠᠯ ᠳᠤ ᠤᠷᠤᠯᠴᠠᠭᠰᠠᠨ ᠳᠤᠤᠷ᠎ᠠ ᠪᠠᠲᠤᠯᠭᠠᠲᠦ ᠡᠷᠦᠬᠡ ᠶᠢᠨ ᠬᠦᠮᠦᠰ ᠥᠪᠡᠷ ᠤᠨ ᠰᠠᠨᠠᠯ ᠪᠤᠳᠤᠯ ᠢᠶᠠᠨ ᠳᠡᠪᠰᠢᠭᠦᠯᠤᠨ᠂ ᠬᠤᠷᠠᠯ ᠤᠨ ᠡᠷᠬᠡ ᠳᠡᠭᠰᠢ᠂ ᠲᠥᠪ ᠭᠤᠤᠯᠴᠢ᠂ ᠢᠯᠡ ᠲᠤᠳᠦ  ᠂ ᠠᠷᠠᠳᠴᠢᠯᠠᠯᠲᠦ ᠴᠢᠨᠠᠷ ᠢ ᠪᠠᠲᠤᠯᠠᠪᠠ᠃      ᠬᠤᠷᠠᠯ ᠤᠨ ᠳᠠᠷᠠᠭ᠎ᠠ᠂ ᠠᠷᠠᠳᠴᠢᠯᠠᠯ ᠢᠶᠠᠷ ᠵᠥᠪᠯᠡᠭᠰᠡᠨ ᠦᠷ᠎ᠡ ᠳ᠋ᠦᠩ ᠢᠶᠠᠨ ᠲᠠᠭᠤᠲᠤᠨᠠᠭᠤᠷ ᠭᠠᠴᠠᠭᠠᠨ ᠤ ᠠᠯᠪᠠᠨ ᠬᠡᠷ ᠲᠤ 7  ᠡᠳᠦᠷ ᠢᠯᠡ ᠨᠡᠶᠢᠲᠡᠯᠡᠨ᠎ᠡ᠃
 
ᠢᠷᠡᠯᠲᠡ᠄ ᠳᠠᠭᠤᠲᠤᠨᠠᠭᠤᠷ ᠪᠠᠯᠭᠠᠰᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号