ᠠᠴᠢᠯᠠᠯ ᠡᠯᠪᠡᠷᠢᠯ ᠳᠡᠭᠡᠳᠥᠯᠡᠭᠰᠡᠨ ᠰᠠᠷ᠎ᠡ ᠰᠢᠨ᠎ᠡ ᠶᠢᠨ ᠴᠠᠶᠢᠯᠠᠯᠭ᠎ᠠ
ᠨᠡᠶᠢᠲᠡᠯᠡᠭᠰᠡᠨ ᠴᠠᠭ᠄
2018/1/22
          ᠠᠴᠢᠯᠠᠯ ᠡᠯᠪᠡᠷᠢᠯ ᠳᠡᠭᠡᠳᠥᠯᠡᠭᠰᠡᠨ ᠰᠠᠷ᠎ᠡ ᠰᠢᠨ᠎ᠡ ᠶᠢᠨ ᠴᠠᠶᠢᠯᠠᠯᠭ᠎ᠠ      1ᠰᠠᠷ᠎ᠡ ᠶᠢᠨ20᠎ ᠤ ᠡᠳᠦᠷ᠂ ᠵᠡᠭᠦᠨ ᠦᠵᠦᠮᠦᠴᠢᠨ ᠬᠤᠰᠢᠭᠤᠨ ᠤ ᠰᠠᠮᠠᠢ ᠰᠣᠮᠣᠨ ᠤ ᠬᠦᠭᠡᠷᠴᠡᠭ ᠭᠠᠴᠠᠭᠠᠨ ᠎ ᠬᠢᠨ  ᠤ《 ᠪᠣᠶᠠᠨᠳᠥ ᠪᠣᠭᠤᠷᠣᠯ ᠢᠶᠠᠨ ᠪᠣᠯᠭᠤᠭᠠᠨ ᠲᠣᠬᠤᠨᠢᠭᠤᠯᠬᠤ ᠵᠢᠴᠢ ᠰᠢᠨ᠎ᠡ ᠵᠢᠯ ᠎ ᠢᠶᠠᠨ ᠣᠭᠳᠣᠬᠤ ᠴᠠᠶᠢᠯᠯᠠᠭ᠎ᠠ》 ᠬᠤᠰᠢᠭᠤᠨ ᠲᠦᠪ ᠣᠯᠢᠶᠠᠰᠥᠲᠠᠢ ᠪᠠᠯᠭᠠᠰᠥᠨ᠎ᠡ  ᠪᠣᠯᠵᠦ  ᠂ ᠬᠦᠯ ᠬᠦᠷ  ᠪᠣᠯᠴᠠᠭᠠᠨ᠎ᠡ᠃      ᠴᠠᠶᠢᠯᠠᠯᠭ᠎ᠠ ᠳᠤ ᠲᠣᠰ ᠭᠠᠴᠠᠭᠠᠨ ᠤ  ᠨᠠᠰᠥᠨ ᠰᠡᠭᠦᠳᠡᠷ ᠵᠢᠷᠡ ᠶᠢ ᠳᠠᠪᠠᠵᠦ ᠪᠠᠶᠢᠭ᠎ᠠ ᠨᠣᠲᠤᠭ ᠣᠰᠥᠨ ᠤ ᠠᠬᠠᠮᠠᠳ ᠲᠣᠮᠣᠭᠠᠲᠠᠳ50 ᠭᠠᠷᠣᠢ ᠬᠦᠮᠦᠰ ᠬᠦᠨᠳᠦᠳᠬᠡᠯ ᠤᠨ ᠰᠠᠭᠤᠳᠠᠯ ᠳᠤ ᠰᠠᠭᠠᠲᠠᠵᠦ᠂ ᠭᠠᠴᠠᠭᠠᠨ ᠤ ᠳᠠᠭᠤᠣ ᠣᠷᠠᠯᠢᠭ ᠲᠤ ᠠᠪᠢᠶᠠᠰ ᠲᠠᠢ‌ᠮᠠᠯᠴᠢᠳ ᠠᠴᠠ ᠭᠤᠶᠢᠳᠡ‌‍ᠰᠠᠶᠢᠬᠠᠨ‌‍ᠲ᠋ᠣᠭᠯᠠᠯᠲᠠ‌ᠭᠠᠷᠭᠠᠬᠤ ᠶᠢᠨ ᠬᠠᠮᠳᠥ ᠰᠡᠶ᠋ᠢᠩ ᠬᠠᠶᠠᠬᠤ᠂ ᠣᠨᠢᠰᠤᠭ᠎ᠠ ᠲᠠᠭᠠᠬᠤ ᠵᠡᠷᠭᠡ ᠲᠣᠭᠯᠠᠭᠠᠮ ᠢ ᠶᠠᠪᠣᠭᠳᠠᠭᠤᠯᠵᠣ᠂ ᠠᠬᠠᠮᠠᠳ ᠲᠣᠮᠣᠭᠠᠲᠠᠳ ᠢᠶᠠᠨ ᠪᠠᠶᠠᠷᠯᠠᠭᠤᠯᠣᠨ᠂ ᠠᠶᠥᠥᠯᠢᠬᠠᠢ ᠴᠡᠭᠡᠵᠢᠨ ᠤ ᠬᠢᠨᠢ ᠠᠯᠲᠠᠨ ᠰᠣᠷᠭᠠᠯ ᠢ ᠨᠢ ᠰᠣᠨᠣᠰᠣᠨ ᠵᠢᠷᠭᠠᠪᠠ᠃      ᠡᠭᠦᠨ ᠬᠠᠮᠲᠦ  ᠲᠣᠭᠲᠠᠬᠤ ᠵᠡᠷᠭᠡ ᠠᠷᠪᠠᠨ ᠨᠠᠰᠥᠲᠠᠨ ᠳᠤ《 ᠠᠴᠢᠯᠠᠯᠲᠦ  ᠠᠪᠤ》᠂《  ᠡᠨᠡᠷᠢᠯᠲᠦ  ᠡᠵᠢ》 ᠬᠡᠮᠡᠬᠦ ᠡᠷᠭᠦᠮᠵᠢᠯᠡᠯ ᠣᠯᠭᠤᠵᠦ᠂ ᠲᠡᠳᠡᠨ ᠤ ᠨᠠᠰᠥᠨ ᠲᠣᠷᠰᠢ ᠦᠷ᠎ᠡ ᠬᠡᠥᠭᠡᠳ᠂ ᠨᠣᠲᠤᠭ  ᠣᠰᠥ᠂ ᠣᠯᠥᠰ ᠭᠡᠷ ᠤᠨ ᠢᠶᠠᠨ ᠲᠦᠯᠦᠭᠡ ᠭᠤᠶᠠᠴᠢ ᠦᠭᠡᠢ ᠵᠢᠳᠬᠦᠵᠦ ᠶᠠᠪᠣᠭᠰᠠᠨ ᠠᠴᠢ ᠡᠨᠡᠷᠢᠯ ᠢ ᠨᠢ ᠠᠯᠳᠠᠷᠰᠢᠭᠤᠯᠣᠨ  ᠲᠡᠮᠳᠡᠭᠯᠡᠪᠡ᠃      ᠬᠦᠭᠡᠷᠴᠡᠭ ᠭᠠᠴᠠᠭ᠎ᠠ ᠨᠢ ᠲᠣᠰ ᠠᠵᠢᠯᠯᠠᠭ᠎ᠠ ᠶᠢ ᠣᠷᠢᠳ ᠬᠤᠵᠢᠳ  ᠲᠠᠪᠤ ᠣᠳᠠᠭ᠎ᠠ ᠵᠣᠬᠢᠶᠠᠨ ᠪᠠᠶᠢᠭᠤᠯᠵᠦ᠂ ᠠᠬᠠᠮᠠᠳ  ᠨᠠᠰᠥᠲᠠᠳ ᠢᠶᠠᠨ ᠣᠷᠳᠥ ᠨᠠᠰᠥᠯᠠᠵᠦ ᠣᠳᠠᠭᠠᠨ ᠵᠢᠷᠭᠠᠬᠤ ᠵᠢ‌ᠨᠢ‌‍ᠬᠦ᠋ᠰᠡᠨ‌‍ᠲ᠋ᠠᠭᠠᠳᠬᠠᠵᠦ᠂ᠠᠬᠠᠮᠠᠳ‌ᠨᠠᠰᠥᠲᠠᠨ ᠢᠶᠠᠨ  ᠬᠦᠨᠳᠦᠯᠡᠵᠦ᠂  ᠠᠴᠢᠯᠠᠯ ᠵᠢᠷᠥᠮ ᠬᠦᠢᠴᠡᠭᠡᠬᠦ ᠰᠠᠶᠢᠨ ᠰᠠᠶᠢᠬᠠᠨ ᠨᠡᠶᠢᠭᠡᠮ ᠤᠨ ᠬᠡᠪ  ᠰᠣᠷᠲᠠᠯ ᠢ  ᠣᠯᠠᠮ ᠴᠢᠨᠠᠭᠰᠢ ᠣᠯᠠᠮᠵᠢᠯᠠᠨ ᠬᠦᠭᠵᠢᠬᠦᠯᠬᠦ ᠎ ᠶᠢ ᠵᠣᠷᠢᠵᠦ ᠪᠠᠶᠢᠭ᠎ᠠ ᠪᠢᠯᠡ᠃
 
ᠢᠷᠡᠯᠲᠡ᠄ ᠤᠬᠠᠭᠤᠯᠬᠤ ᠭᠡᠯᠲᠡᠰ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号